ᠢᠮᠠᠭ᠎ᠠ ᠮᠠᠯᠵᠢᠬᠤ ᠳᠤ ᠬᠠᠷᠢᠭᠤᠴᠠᠯᠭ᠎ᠠ ᠨᠢ ᠬᠠᠷᠢᠭᠤᠯᠤᠯᠭ᠎ᠠ ᠠᠴᠠ ᠴᠢᠬᠤᠯᠠ
ᠨᠡᠶᠢᠲᠡᠯᠡᠭᠰᠡᠨ ᠴᠠᠭ᠄
2016/7/16
        — ᠮᠠᠯᠴᠢᠨ ᠪᠦᠰᠡᠬᠦᠢ ᠤᠯᠠᠭᠠᠨᠬᠤᠸᠠᠷ ᠲᠠᠢ ᠵᠤᠭᠤᠬᠳᠠᠭᠠᠳ ᠰᠤᠷᠪᠤᠯᠵᠢᠯᠠᠬᠴᠢ ᠰᠠᠷᠠᠨ᠎ᠠ    ᠰᠦᠨᠢᠳ ᠪᠠᠷᠠᠭᠤᠨ ᠬᠤᠰᠢᠭᠤᠨ ᠤ ᠵᠢᠷᠦᠬᠡ ᠪᠠᠯᠭᠠᠰᠤᠨ ᠤ ᠪᠠᠶᠠᠨᠪᠤᠯᠠᠭ ᠭᠠᠴᠠᠭ᠎ᠠ ᠶᠢᠨ ᠮᠠᠯᠴᠢᠨ  ᠤᠯᠠᠭᠠᠠᠬᠤᠸᠠᠷ ᠤᠨ ᠬᠢᠨ ᠪᠤᠯ ᠬᠤᠰᠢᠭᠤᠨ ᠤ ᠪᠠᠨ ᠢᠮᠠᠭ᠎ᠠ ᠮᠠᠯᠵᠢᠬᠤ ᠲᠤᠰᠬᠠᠢ ᠡᠷᠦᠬᠡ ᠶᠢᠨ ᠨᠢᠬᠡᠨ ᠪᠤᠯᠤᠨ᠎ᠠ᠃  ᠶᠡᠷᠦᠨᠢ ᠶᠠᠮᠠᠷ ᠨᠢᠬᠡᠨ ᠠᠵᠢᠯ ᠲᠦᠷᠦᠯ ᠢᠶᠠᠷ ᠲᠤᠰᠬᠠᠢᠢᠵᠢᠬᠤ ᠳᠤ ᠡᠨᠡᠬᠦ ᠠᠵᠢᠯ ᠲᠦᠷᠦᠯ ᠳᠤ ᠮᠡᠷᠭᠡᠰᠢᠵᠦ  ᠴᠠᠭᠠᠷᠬᠠᠰᠠᠨ ᠪᠠᠶᠢᠬᠤ ᠤᠴᠢᠷᠳᠠᠢ ᠪᠤᠯᠬᠤᠷ ᠨᠢᠬᠡ ᠮᠠᠯᠴᠢᠨ ᠠᠶᠢᠯ ᠢᠮᠠᠭ᠎ᠠ ᠮᠠᠯᠵᠢᠬᠤ ᠲᠤᠰᠬᠠᠢ ᠡᠷᠦᠬᠡ  ᠪᠤᠯᠤᠬᠰᠠᠨ ᠨᠢ ᠴᠤ ᠦᠢᠯᠡᠳᠪᠦᠷᠢᠯᠡᠯ ᠤᠨ ᠬᠦᠷᠢᠶ᠎ᠠ ᠬᠡᠪᠴᠢᠶ᠎ᠠ ᠵᠢᠴᠢ ᠮᠠᠯᠵᠢᠯ ᠤᠨ ᠠᠷᠭ᠎ᠠ ᠲᠤᠷᠰᠢᠯᠭ᠎ᠠ ᠶᠢᠨ  ᠲᠠᠯ᠎ᠠ ᠪᠠᠷ ᠤᠯᠠᠨ ᠠᠴᠠ ᠤᠨᠴᠠᠭᠠᠢᠢᠷᠠᠬᠰᠠᠨ ᠪᠠᠶᠢᠬᠤ ᠨᠢ ᠮᠡᠳᠡᠭᠡᠵᠢ᠃    ᠤᠯᠠᠭᠠᠨᠬᠤᠸᠠᠷ ᠤᠨ ᠬᠢᠨ 2002 ᠤᠨ ᠳᠤ ᠠᠯᠤᠰ ᠬᠤᠯᠠ ᠶᠢᠨ ᠯᠢᠶᠤᠤᠨᠢᠩ ᠮᠤᠵᠢ ᠠᠴᠠ 30 ᠭᠠᠷᠤᠢ  ᠨᠤᠯᠤᠤᠷ ᠤᠨ ᠢᠰᠢᠬᠡ ᠬᠤᠳᠠᠯᠳᠤᠨ ᠠᠪᠴᠤ ᠮᠠᠯᠵᠢᠭᠠᠳ ᠤᠳᠤ ᠪᠤᠯᠬᠤ ᠳᠤ 100 ᠭᠠᠷᠤᠢ ᠨᠤᠯᠤᠤᠷ ᠤᠨ ᠴᠠᠭᠠᠨ  ᠢᠮᠠᠭ᠎ᠠ ᠲᠠᠢ ᠪᠤᠯᠵᠦ᠂ ᠮᠠᠯ ᠤᠨ ᠲᠤᠭᠠᠯᠠᠯᠭ᠎ᠠ ᠳᠤ ᠬᠠᠮᠤᠭ ᠤᠯᠠᠨ ᠳᠠᠭᠠᠨ 300 ᠢᠮᠠᠭ᠎ᠠ ᠪᠦᠷᠢᠳᠭᠡᠬᠦᠯᠵᠦ  ᠪᠠᠶᠢᠬᠰᠠᠨ ᠤᠳᠠᠭ᠎ᠠ ᠲᠠᠢ᠃ ᠮᠦᠨ ᠴᠤ ᠵᠢᠷᠭᠤᠭ᠎ᠠ ᠲᠤᠯᠤᠭᠠᠨ ᠵᠢᠯ ᠤᠨ ᠡᠮᠦᠨ᠎ᠡ ᠨᠤᠯᠤᠤᠷ ᠵᠢᠩ ᠪᠦᠷᠢ ᠳᠡᠭᠡᠨ  160 ᠲᠦᠭᠦᠷᠢᠭ ᠬᠦᠷᠴᠦ ᠪᠠᠶᠢᠬᠰᠠᠨ ᠦᠶ᠎ᠡ ᠳᠤ ᠬᠠᠪᠤᠷ ᠲᠠᠭᠠᠨ 300 ᠵᠢᠩ ᠨᠤᠯᠤᠤᠷ ᠬᠤᠳᠠᠯᠳᠤᠵᠦ᠂ 5  ᠲᠦᠮᠡ ᠰᠢᠬᠠᠭᠤ ᠲᠦᠭᠦᠷᠢᠭ ᠤᠨ ᠤᠷᠤᠯᠭ᠎ᠠ ᠲᠤᠭᠠᠯᠠᠵᠤ ᠪᠠᠶᠢᠬᠰᠠᠨ ᠦᠡᠭᠭᠡᠷᠡᠯᠳᠡ ᠲᠠᠢ᠃ ᠤᠳᠤ ᠲᠡᠳᠡᠨ ᠤ ᠨᠢᠬᠡ  ᠡᠮ᠎ᠠ ᠢᠮᠠᠭᠠᠨ ᠠᠴᠠ ᠲᠡᠭᠰᠢᠳᠭᠡᠭᠡᠳ ᠵᠢᠩ ᠬᠤᠶᠠᠷ ᠯᠠᠩ ᠨᠤᠯᠤᠤᠷ ᠪᠠᠭᠤᠳᠠᠭ ᠪᠠ ᠪᠦᠳᠦᠬᠦᠨ ᠡᠷ᠎ᠡ  ᠢᠮᠠᠭᠠᠨ ᠠᠴᠠ ᠨᠢ ᠲᠡᠭᠰᠢᠳᠭᠡᠭᠡᠳ 2 ᠵᠢᠩ ᠰᠢᠬᠠᠭᠤ ᠨᠤᠯᠤᠤᠷ ᠪᠠᠭᠤᠴᠢᠬᠠᠳᠠᠭ ᠪᠠᠶᠢᠵᠤ᠂ ᠨᠤᠯᠤᠤᠷ ᠤᠨ  ᠭᠠᠷᠤᠯᠳᠠ ᠶᠢ ᠨᠡᠮᠡᠭᠳᠡᠬᠦᠯᠬᠦ ᠶᠢᠨ ᠲᠦᠯᠦᠬᠡ ᠲᠤᠰᠬᠠᠢᠢᠯᠠᠨ ᠭᠠᠳᠠᠨ᠎ᠠ ᠠᠴᠠ ᠨᠤᠯᠤᠤᠷ ᠤᠨ ᠢᠰᠢᠬᠡ ᠰᠤᠩᠭᠤᠨ  ᠠᠪᠴᠢᠷᠠᠵᠤ ᠮᠠᠯᠵᠢᠬᠰᠠᠨ ᠤ ᠪᠠᠨ ᠠᠴᠢ ᠶᠢ ᠬᠦᠷᠳᠡᠵᠦ ᠶᠠᠪᠤᠨ᠎ᠠ᠃ ᠦᠨᠦ ᠵᠢᠯ ᠢᠮᠠᠭᠠᠨ ᠤ ᠨᠤᠯᠤᠤᠷ ᠵᠢᠩ  ᠪᠦᠷᠢ ᠳᠡᠭᠡᠨ 130 ᠲᠦᠭᠦᠷᠢᠭ ᠬᠦᠷᠦᠭᠰᠡᠨ ᠪᠤᠯᠬᠤᠷ ᠡᠳᠡᠨ ᠤ ᠨᠢᠬᠡ ᠡᠮ᠎ᠡ ᠢᠮᠠᠭᠠᠨ ᠠᠴᠠ ᠵᠠᠭᠤ ᠵᠢᠷᠠᠭᠠᠳ  ᠲᠦᠭᠦᠷᠢᠭ ᠤᠨ ᠨᠤᠯᠤᠤᠷ ᠤᠨ ᠤᠷᠤᠯᠭ᠎ᠠ ᠤᠯᠵᠤ᠂ ᠪᠦᠳᠦᠬᠦᠨ ᠡᠷ᠎ᠠ ᠢᠮᠠᠭᠠᠨ ᠠᠴᠠ 260 ᠲᠦᠬᠦᠷᠢᠭ ᠤᠨ  ᠨᠤᠯᠤᠤᠷ ᠤᠨ ᠤᠷᠤᠯᠭ᠎ᠠ ᠤᠯᠤᠭᠰᠠᠨ ᠨᠢ ᠪᠠᠰᠠᠴᠤ ᠴᠢᠮᠠᠯᠠᠰᠢ ᠦᠭᠡᠢ ᠶᠡᠭᠡ ᠠᠰᠢᠭ ᠪᠤᠯᠵᠤ ᠡᠷᠬᠢᠮᠯᠡᠭᠳᠡᠯ᠎ᠠ᠃  ᠲᠡᠷᠡᠴᠢᠯᠡᠨ ᠢᠰᠢᠬᠡ ᠨᠢ ᠨᠠᠮᠤᠷ ᠬᠤᠳᠠᠯᠳᠤᠬᠤ ᠳᠤ 500 ᠰᠢᠬᠠᠮ ᠲᠦᠭᠦᠷᠢᠭ ᠬᠦᠷᠴᠦ᠂ ᠡᠮ᠎ᠠ ᠢᠮᠠᠭ᠎ᠠ 700  ᠲᠦᠭᠦᠷᠢᠭ ᠬᠦᠷᠳᠡᠭ ᠪᠤᠯᠬᠤᠷ ᠨᠠᠮᠤᠷ ᠤᠨ ᠭᠠᠷᠭᠠᠯᠳᠠ ᠶᠢᠨ ᠦᠶ᠎ᠡ ᠳᠤ ᠴᠤ ᠤᠷᠤᠯᠭ᠎ᠠ ᠪᠠᠭ᠎ᠠ ᠪᠤᠰᠤ᠃  ᠲᠡᠭᠡᠬᠦ ᠪᠠᠷ ᠢᠶᠠᠨ ᠤᠳᠤ 200 ᠭᠠᠷᠤᠢ ᠬᠤᠨᠢ᠂ 100 ᠭᠠᠷᠤᠢ ᠢᠮᠠᠭ᠎ᠠ᠂ ᠬᠤᠷᠢᠭᠠᠳ ᠦᠭᠡᠷ ᠮᠠᠯᠵᠢᠵᠦ ᠪᠤᠢ  ᠡᠳᠡᠨᠡᠶᠢᠬᠢᠨ ᠤ ᠲᠠᠩᠰᠠᠨ ᠤ ᠲᠡᠪᠳᠡᠷ ᠤᠨ ᠲᠤᠭᠠᠴᠠᠭ᠎ᠠ ᠶᠢ ᠡᠷᠬᠢᠬᠦᠯᠵᠦ ᠦᠵᠡᠬᠦ ᠳᠤ᠂ ᠨᠢᠬᠡ ᠵᠢᠯ ᠤᠨ ᠠᠷᠪᠠᠭᠠᠳ  ᠲᠦᠮᠡᠨ ᠲᠦᠭᠦᠷᠢᠭ ᠢᠶᠠᠷ ᠲᠤᠭᠠᠯᠠᠬᠳᠠᠳᠠᠭ ᠪᠦᠬᠦ ᠤᠷᠤᠯᠭ᠎ᠠ ᠶᠢᠨ ᠬᠢᠨᠢ ᠲᠤᠮᠳᠠ ᠢᠮᠠᠭᠠᠨ ᠠᠴᠠ ᠢᠷᠡᠬᠦ  ᠤᠷᠤᠯᠭ᠎ᠠ ᠨᠢ 60% ᠪᠠᠷ ᠲᠡᠮᠳᠡᠭᠯᠡᠭᠳᠡᠳᠡᠭ ᠠᠵᠢ᠃ ᠤᠯᠠᠭᠠᠨᠬᠤᠸᠠᠷ ︽ᠵᠢᠯ ᠳᠡᠭᠡᠨ ᠨᠢᠬᠡ ᠢᠮᠠᠭᠠᠨ ᠤ ᠵᠠᠷᠤᠳᠠᠯ  ᠲᠡᠭᠰᠢᠳᠭᠡᠭᠡᠳ 100 — 120 ᠲᠦᠭᠦᠷᠢᠭ ᠤᠷᠴᠢᠮ ᠤᠷᠤᠳᠠᠭ᠃ ᠲᠡᠭᠡᠬᠦᠯᠡᠷ ᠨᠤᠯᠤᠤᠷ ᠤᠨ ᠬᠢᠨᠢ ᠤᠷᠤᠯᠭ᠎ᠠ  ᠢᠮᠠᠭᠠᠨ ᠳᠠᠭᠠᠨ ᠵᠠᠷᠤᠭᠠᠳ ᠬᠦᠷᠴᠢᠭᠡᠳᠡᠭ ᠪᠠᠶᠢᠵᠤ᠂ ᠢᠰᠢᠬᠡ ᠨᠢ ᠴᠡᠪᠡᠷ ᠤᠷᠤᠯᠭ᠎ᠠ ᠪᠤᠯᠵᠤ ᠦᠯᠡᠳᠡᠳᠡᠭ᠃ ᠡᠭᠡᠭᠡ  ᠠᠳᠠᠯᠢᠬᠠᠨ ᠬᠦᠳᠡᠯᠮᠦᠷᠢ ᠬᠦᠴᠦ᠂ ᠵᠠᠷᠤᠳᠠᠯ ᠰᠦᠢᠳᠭᠡᠯ ᠤᠷᠤᠬᠰᠠᠨ ᠪᠠᠶᠢᠳᠠᠯ ᠲᠤᠤᠷ᠎ᠠ ᠠᠰᠢᠭ ᠨᠢ ᠶᠡᠭᠡ ᠶᠢ  ᠰᠤᠩᠭᠤᠨ ᠮᠠᠯᠵᠢᠬᠤ ᠨᠢ ᠵᠦᠪ ᠪᠠᠶᠢᠯᠬᠦᠢ︾ ᠭᠡᠵᠦ ᠤᠴᠢᠷᠯᠠᠨ᠎ᠠ᠃    ᠤᠯᠠᠭᠠᠨᠬᠤᠸᠠᠷ ᠤᠨ ᠬᠢᠨ ᠤ ᠬᠤᠪᠢᠳᠠᠵᠤ ᠤᠯᠤᠬᠰᠠᠨ 2000 ᠮᠥ ᠨᠤᠳᠤᠭ ᠪᠡᠯᠴᠢᠭᠡᠷ ᠲᠤ ᠲᠡᠰᠬᠢ ᠭᠤᠤᠯᠳᠠᠢ  ᠤᠷᠭᠤᠳᠠᠭ᠃ ᠢᠮᠠᠭ᠎ᠠ ᠮᠠᠯᠵᠢᠬᠤ ᠳᠤ ᠪᠤᠳᠠᠯᠢᠭ ᠤᠷᠭᠤᠮᠠᠯ ᠲᠠᠢ ᠪᠡᠯᠴᠢᠭᠡᠷ ᠯᠡ ᠶᠡᠭᠡ ᠵᠤᠬᠢᠴᠠᠬᠤ ᠪᠤᠯᠬᠤᠷ  ᠡᠳᠡᠨᠡᠶᠢᠬᠢ ᠮᠠᠯ ᠳᠠᠭᠠᠨ ᠵᠤᠬᠢᠴᠠᠬᠰᠠᠨ ᠪᠡᠯᠴᠢᠭᠡᠷ ᠬᠠᠶᠢᠵᠦ᠂ ᠵᠢᠯ ᠪᠤᠯᠭᠠᠨ ᠭᠠᠳᠠᠨ᠎ᠠ ᠠᠴᠠ ᠭᠠᠵᠠᠷ ᠲᠦᠷᠢᠶᠡᠰᠦᠯᠡᠨ  ᠭᠡᠰᠡᠭ ᠬᠤᠭᠤᠴᠠᠭ᠎ᠠ ᠤᠳᠤᠷᠯᠠᠳᠠᠭ ᠪᠠᠶᠢᠪᠠ᠃ ᠢᠮᠠᠭ᠎ᠠ ᠭᠡᠳᠡᠭ ᠠᠮᠢᠳᠠᠨ ᠠᠶᠢᠯ ᠤᠨ ᠲᠤᠤᠷ ᠬᠦᠷᠢᠶ᠎ᠡ ᠪᠠᠷ  ᠰᠢᠷᠭᠤᠵᠦ᠂ ᠭᠡᠯᠡ ᠠᠮᠠ ᠲᠠᠳᠠᠬᠤ ᠨᠢ ᠭᠡᠴᠡᠬᠦᠦ ᠬᠡᠮᠡᠨ ᠠᠳᠠᠯᠠᠳᠠᠭ ᠬᠦᠮᠦᠨ ᠲᠤᠩ ᠤᠯᠠᠨ ᠪᠠᠶᠢᠳᠠᠭ᠃ ᠭᠡᠬᠦ ᠳᠤ  ᠤᠯᠠᠭᠠᠨᠬᠤᠸᠠᠷ ᠤᠨ ᠬᠢᠨ ︽ᠲᠤᠤᠷ ᠬᠦᠷᠢᠶ᠎ᠠ ᠪᠠᠷ ᠰᠢᠷᠭᠤᠯᠠᠭᠠᠳ ᠬᠦᠶᠦᠳᠡᠭ ᠨᠢ ᠵᠦᠪᠬᠡᠨ ᠢᠮᠠᠭᠠᠨ ᠤ ᠮᠠᠭᠤ ᠪᠢᠰᠢ᠂ ᠬᠠᠷᠢᠨ ᠡᠵᠡᠨ ᠤ ᠬᠢᠨᠢ ᠬᠠᠷᠢᠭᠤᠴᠠᠯᠭ᠎ᠠ ᠠᠯᠳᠠᠬᠰᠠᠨ ᠲᠠᠢ ᠰᠢᠭᠤᠳ ᠬᠤᠯᠪᠤᠭ᠎ᠠ ᠲᠠᠢ︾ ᠭᠡᠵᠦ ᠪᠤᠳᠤᠳᠠᠭ ᠪᠠᠶᠢᠵᠤ᠂ ᠲᠤᠤᠷ ᠬᠦᠷᠢᠶᠡᠨ ᠤ ᠪᠠᠨ ᠰᠤᠯᠠᠷᠠᠵᠦ ᠪᠠᠭᠤᠬᠰᠠᠨ ᠭᠡᠰᠡᠭ ᠢ ᠴᠠᠭ ᠴᠠᠭ ᠲᠤᠨᠢ ᠰᠡᠯᠪᠢᠨ ᠵᠠᠰᠠᠵᠦ ᠬᠠᠮᠠᠭᠠᠯᠠᠬᠤ ᠶᠢ  ᠤᠨᠴᠠ ᠠᠩᠬᠠᠷᠳᠠᠭ ᠵᠠᠩᠰᠢᠯ ᠲᠠᠢ᠃ ᠲᠡᠭᠡᠬᠦ ᠪᠠᠷ ᠢᠮᠠᠭᠠᠳ ᠨᠢ ᠲᠤᠤᠷ ᠬᠦᠷᠢᠶ᠎ᠠ ᠪᠠᠷ ᠰᠢᠷᠭᠤᠯᠠᠵᠤ ᠬᠦᠶᠦᠬᠦ  ᠨᠦᠬᠦᠴᠡᠯ ᠦᠭᠡᠢ ᠮᠦᠷᠳᠡᠭᠡᠨ ᠡᠳᠦᠷ ᠤᠨ ᠤᠳᠠᠭᠠᠨ ᠳᠠᠭᠠᠨ ᠡᠨᠡ ᠨᠢ ᠪᠦᠷ ᠰᠠᠶᠢᠬᠠᠨ ᠲᠠᠳᠬᠠᠯ ᠪᠤᠯᠵᠤ᠂  ᠬᠠᠷᠢᠭᠤᠯᠤᠯᠭ᠎ᠠ ᠴᠤ ᠲᠡᠮᠡᠢ ᠤᠷᠤᠳᠠᠭ ᠦᠭᠡᠢ ᠪᠤᠯᠵᠠᠢ᠃ ᠡᠨᠡ ᠲᠤᠬᠠᠢ ᠤᠯᠠᠭᠠᠨᠬᠤᠸᠠᠷ ︽ᠮᠠᠨ ᠤ ᠢᠮᠠᠭ᠎ᠠ ᠶᠡᠷᠦ ᠨᠢ  ᠲᠤᠤᠷ ᠬᠦᠷᠢᠶ᠎ᠠ ᠪᠠᠷ ᠰᠢᠷᠭᠤᠵᠤ ᠬᠦᠶᠦᠬᠦ ᠲᠠᠳᠬᠠᠯ ᠪᠠᠶᠢᠳᠠᠭ ᠦᠭᠡᠢ᠃ ᠡᠨᠡ ᠨᠢ ᠪᠠᠷᠤᠭ ᠪᠢᠳᠡᠨ ᠤ ᠰᠤᠷᠭᠠᠬᠰᠠᠨ ᠤ  ᠰᠠᠶᠢᠨ ᠪᠠᠶᠢᠬ᠎ᠠ ᠡ᠃ ᠮᠠᠯ ᠢ ᠴᠢᠨᠢ ᠪᠠᠰᠠ ᠬᠦᠮᠦᠨ ᠶᠠᠭᠠᠬᠢᠵᠦ ᠰᠤᠷᠭᠠᠬᠤ ᠪᠠᠷ ᠪᠤᠯᠤᠨ᠎ᠠ ᠰᠢᠦ᠃ ᠤᠳᠤ ᠴᠢᠨᠢ  ᠠᠶᠢᠯ ᠪᠤᠯᠭᠠᠨ ᠪᠦᠷ ᠭᠠᠵᠠᠷ ᠢᠶᠠᠨ ᠬᠦᠷᠢᠶᠡᠯᠡᠴᠢᠭᠡᠭᠡᠳ ᠮᠠᠯ ᠢᠶᠠᠨ ᠪᠦᠷ ᠲᠤᠤᠷ ᠬᠦᠷᠢᠶᠡᠨ ᠳᠡᠭᠡᠨ ᠮᠠᠯᠵᠢᠵᠦ ᠪᠠᠶᠢᠬᠤ  ᠶᠤᠮ ᠴᠢᠨᠢ ᠦᠭᠡᠷ᠎ᠠ ᠠᠶᠢᠯ ᠢ ᠬᠠᠮᠢᠶᠠᠷᠴᠤ ᠲᠡᠶᠢᠯᠬᠦ ᠦᠭᠡᠢ ᠴᠤ ᠦᠪᠡᠷ ᠤᠨ ᠲᠤᠤᠷ ᠬᠦᠷᠢᠶ᠎ᠠ ᠪᠠᠨ ᠰᠠᠶᠢᠨ ᠬᠠᠷᠠᠵᠤ  ᠬᠠᠮᠠᠭᠠᠯᠠᠭᠠᠳ ᠪᠠᠶᠢᠪᠡᠯ ᠢᠮᠠᠭ᠎ᠠ ᠬᠠᠮᠢᠭ᠎ᠠ ᠬᠦᠶᠦᠬᠦ ᠶᠤᠮ ᠪᠢᠯᠡ︖ ᠶᠡᠷᠦᠨᠢ ᠢᠮᠠᠭ᠎ᠠ ᠶᠢ ᠰᠠᠶᠢᠬᠠᠨ ᠰᠤᠷᠭᠠᠴᠢᠬᠠᠪᠠᠯ  ᠮᠠᠯᠵᠢᠬᠤ ᠳᠤ ᠠᠮᠠᠷᠬᠠᠨ᠂ ᠤᠰᠤ ᠪᠡᠯᠴᠢᠭᠡᠷ ᠢ ᠨᠢ ᠰᠠᠶᠢᠬᠠᠨ ᠵᠤᠬᠢᠴᠠᠭᠤᠯᠬᠤ ᠶᠢᠨ ᠲᠠᠭᠠᠤ ᠲᠡᠵᠢᠭᠡᠬᠦ ᠦᠶ᠎ᠡ ᠳᠡᠭᠡᠨ  ᠲᠤᠬᠳᠠᠬᠰᠠᠨ ᠴᠠᠭ ᠬᠤᠭᠤᠴᠠᠭ᠎ᠠ ᠲᠠᠢ᠂ ᠵᠤᠬᠢᠬᠤ ᠪᠠᠷᠢᠮᠵᠢᠶ᠎ᠠ ᠲᠠᠢ ᠪᠠᠶᠢᠬᠤ ᠶᠢ ᠠᠩᠬᠠᠷᠴᠤ ᠪᠠᠶᠢᠪᠠᠯ ᠢᠮᠠᠭ᠎ᠠ ᠨᠠᠰᠢ  ᠴᠠᠰᠢ ᠪᠠᠨ ᠬᠦᠶᠦᠭᠡᠳ ᠠᠵᠤ ᠪᠤᠯᠬᠤ ᠦᠭᠡᠢ ᠮᠦᠷᠳᠡᠭᠡᠨ ᠲᠠᠷᠭᠤ ᠬᠦᠴᠦ ᠪᠠᠨ ᠪᠠᠳᠤᠯᠠᠵᠤ᠂ ᠭᠡᠭᠡᠯ ᠬᠠᠶᠠᠬᠤ ᠦᠭᠡᠢ  ᠂ ᠨᠤᠯᠤᠤᠷ ᠨᠢ ᠴᠤ ᠰᠠᠶᠢᠨ ᠪᠠᠭᠤᠨ᠎ᠠ︾ ᠭᠡᠵᠦ ᠪᠠᠶᠢᠯ᠎ᠠ᠃    ᠮᠠᠯᠴᠢᠨ ᠤᠯᠠᠭᠠᠨᠬᠤᠸᠠᠷ ᠤᠨ ᠬᠢᠨ ᠨᠤᠯᠤᠤᠷ ᠤᠨ ᠴᠠᠭᠠᠨ ᠢᠮᠠᠭ᠎ᠠ ᠰᠤᠩᠭᠤᠨ ᠮᠠᠯᠵᠢᠵᠤ᠂ ᠬᠠᠷᠢᠭᠤᠴᠠᠯᠭ᠎ᠠ ᠲᠠᠢ  ᠮᠦᠷᠲᠠᠬᠡᠨ ᠨᠠᠷᠢᠨ ᠨᠢᠮᠪᠠᠢ ᠠᠷᠠᠴᠢᠯᠠᠨ ᠲᠤᠳᠤᠮᠳᠠᠳᠠᠭ ᠢᠶᠠᠷ ᠢᠮᠠᠭ᠎ᠠ ᠮᠠᠯᠵᠢᠬᠤ ᠠᠷᠭ᠎ᠠ ᠲᠤᠷᠰᠢᠯᠭ᠎ᠠ ᠪᠠᠷ ᠪᠠᠶᠠᠨ᠃  ᠮᠦᠨ ᠴᠤ ᠬᠦᠳᠡᠯᠮᠦᠷᠢ ᠤᠬᠠᠭᠠᠨ ᠤ ᠬᠢᠨᠢ ᠬᠠᠷᠢᠭᠤ ᠪᠤᠯᠵᠤ ᠦᠨᠢᠷ ᠦᠰᠦᠭᠰᠡᠨ ᠮᠠᠯ ᠰᠦᠷᠦᠭ ᠤᠨ ᠬᠢᠨᠢ  ᠡᠵᠡᠨ ᠳᠡᠭᠡᠨ ᠬᠦᠷᠳᠡᠭᠡᠬᠦ ᠠᠰᠢᠭ ᠰᠢᠮ᠎ᠡ ᠨᠢ ᠴᠤ ᠦᠯᠠᠮᠵᠢ ᠪᠠᠶᠢᠭ᠎ᠠ ᠠᠵᠢ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠠ ᠮᠠᠯᠴᠢᠳ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号