— ︽ᠪᠤᠷᠭᠠᠰᠤᠳᠠᠢ︾ ᠠᠮᠢ ᠠᠬᠤᠢ ᠶᠢᠨ ᠬᠤᠷᠰᠢᠶᠠᠵᠢᠯ ᠤᠨ ᠬᠢᠨ ᠢ ᠰᠤᠷᠪᠤᠯᠵᠢᠯᠠᠭᠠᠳ | ᠰᠤᠷᠪᠤᠯᠵᠢᠯᠠᠭᠴᠢ ᠤᠶᠠᠬᠠᠨ | ᠰᠢᠯᠤᠭᠤᠨ ᠭᠦᠭᠡ ᠬᠤᠰᠢᠭᠤᠨ ᠤ ᠰᠠᠶᠢᠨᠬᠤᠳᠳᠤᠭ ᠰᠤᠮᠤᠨ ᠤ ᠪᠠᠶᠠᠨᠴᠠᠭᠠᠨ ᠭᠠᠴᠠᠭᠠᠨ ᠤ ᠵᠢᠷᠭᠤᠭᠠᠨ ᠮᠠᠯᠴᠢᠨ | ᠡᠷᠦᠭᠡ ᠬᠦᠳᠡᠭᠡ ᠨᠤᠳᠤᠭ ᠲᠤᠨᠢ ᠬᠤᠪᠤᠷᠳᠠᠵᠤ ᠴᠦᠭᠡᠷᠡᠭᠰᠡᠨ ᠪᠤᠷᠭᠠᠰᠦ ᠶᠢ ᠲᠠᠷᠢᠵᠦ ᠬᠠᠮᠠᠭᠠᠯᠠᠭᠠᠳ ᠡᠭᠡ ᠪᠠᠶᠢᠭᠠᠯᠢ | ᠂ ᠨᠤᠳᠤᠭ ᠤᠰᠤ ᠪᠠᠨ ᠰᠡᠷᠭᠦᠭᠡᠨ ᠬᠠᠮᠠᠭᠠᠯᠠᠵᠦ ᠪᠠᠶᠢᠭ᠎ᠠ ᠰᠠᠶᠢᠬᠠᠨ ᠰᠤᠷᠠᠭ ᠢ ᠬᠤᠯᠠᠨ ᠰᠢᠷᠭ᠎ᠠ ᠲᠠᠬᠢ ᠶᠢᠨ | ᠮᠠᠩᠬᠠᠨ ᠠᠴᠠ ᠲᠤᠭᠤᠯᠳᠠᠭᠤᠯᠤᠨᠠ᠃ | ᠰᠧᠷᠡᠩᠧᠴᠢᠷ᠂ ᠪᠠᠶᠠᠷᠳᠦ᠂ ᠰᠤᠶᠤᠯᠳᠦ᠂ ᠪᠤᠯᠠᠭ᠂ ᠭᠦᠭᠡᠮᠦ᠋ᠷᠡᠨ᠂ ᠨᠠᠰᠤᠨᠪᠢᠯᠢᠭ᠌ ᠵᠡᠷᠭᠡ ᠵᠢᠷᠭᠤᠭᠠᠨ ᠡᠷᠦᠭᠡ | 2015 ᠤᠨ ᠤ 5 ᠳ᠋ᠤᠭᠠᠷ ᠰᠠᠷ᠎ᠠ ᠳᠤ ᠰᠢᠯᠤᠭᠤᠨ ᠭᠦᠭᠡ ᠬᠤᠰᠢᠭᠤᠨ ᠤ ︽ᠪᠤᠷᠭᠠᠰᠤᠳᠠᠢ︾ ᠠᠮᠢ ᠠᠬᠤᠢ ᠶᠢᠨ | ᠬᠤᠷᠰᠢᠶᠠᠵᠢᠯ ᠢ ᠪᠠᠶᠢᠭᠤᠯᠵᠦ᠂ ᠬᠤᠯᠠᠨ ᠰᠢᠷᠭ᠎ᠠ ᠲᠠᠬᠢ ᠶᠢᠨ ᠡᠯᠡᠰᠦᠨ ᠳᠤ ᠪᠠᠶᠢᠷᠢᠯᠡᠵᠦ ᠪᠠᠶᠢᠭ᠎ᠠ ᠮᠠᠩᠬᠠᠨ | ᠨᠤᠳᠤᠭ ᠢᠶᠠᠨ ᠨᠤᠭᠤᠭᠠᠷᠠᠭᠤᠯᠬᠤ ᠦᠢᠯᠡᠰ ᠢ ᠡᠬᠢᠯᠡᠭᠦᠯᠵᠦ ᠪᠢᠯᠠ᠃ ᠬᠤᠯᠠᠨ ᠰᠢᠷᠭ᠎ᠠ ᠲᠠᠬᠢ ᠶᠢᠨ ᠡᠯᠡᠰᠦᠨ ᠳᠤ | ᠡᠷᠳᠡ ᠲᠡᠭᠡᠳᠦ ᠠᠴᠠ ᠪᠠᠨ ᠤᠯᠠᠨ ᠵᠦᠢᠯ ᠤᠨ ᠪᠤᠷᠭᠠᠰᠤ ᠤᠷᠭᠤᠳᠠᠭ ᠪᠠᠶᠢᠭᠰᠠᠨ᠃ ᠭᠡᠪᠡᠴᠦ ᠤᠷᠴᠢᠮ ᠤᠨ ᠵᠢᠯ ᠠᠴᠠ | ᠠᠮᠢ ᠠᠬᠤᠢ ᠡᠪᠳᠡᠭᠳᠡᠨ ᠲᠠᠴᠢᠷᠳᠠᠭᠰᠠᠨ ᠵᠡᠷᠭᠡ ᠰᠢᠯᠳᠠᠭᠠᠨ ᠠᠴᠠ ᠪᠤᠯᠤᠭᠠᠳ ᠨᠡᠭᠦᠳᠡᠯ ᠡᠯᠡᠰᠦ ᠲᠤᠪᠤ ᠲᠤᠯᠤᠭᠠᠳ ᠢ | ᠵᠠᠯᠬᠢᠵᠦ᠂ ᠬᠤᠯᠠᠨ ᠰᠢᠷᠭ᠎ᠠ ᠲᠠᠬᠢ ᠶᠢᠨ ᠡᠯᠡᠰᠦᠨ ᠳᠤ ᠤᠷᠭᠤᠳᠠᠭ ᠤᠯᠠᠨ ᠲᠦᠷᠦᠯ ᠤᠨ ᠪᠤᠷᠭᠠᠰᠤᠨ ᠤ ᠵᠠᠷᠢᠮ ᠨᠢ | ᠦᠨᠳᠦᠰᠦ ᠲᠠᠰᠤᠷᠠᠬᠤ ᠰᠢᠬᠠᠪᠡ᠃ ︽ᠠᠮᠢ ᠠᠬᠤᠢ ᠪᠠᠨ ᠬᠠᠮᠠᠭᠠᠯᠠᠬᠤ ᠳᠤ ᠰᠤᠬᠤᠷ ᠪᠠᠯᠠᠢ ᠪᠠᠷ ᠡᠪᠡᠰᠦ ᠮᠤᠳᠤ | ᠲᠠᠷᠢᠭᠠᠳ ᠪᠤᠯᠬᠤ ᠦᠭᠡᠢ᠂ ᠬᠠᠷᠢᠨ ᠭᠠᠵᠠᠷ ᠤᠨ ᠪᠠᠶᠢᠴᠠ᠂ ᠠᠭᠤᠷ ᠠᠮᠢᠰᠬᠤᠯ ᠤᠨ ᠪᠠᠶᠢᠳᠠᠯ ᠳᠤ ᠵᠤᠬᠢᠴᠠᠭᠤᠯᠵᠦ᠂ | ᠤᠷᠭᠤᠮᠠᠯ ᠤᠨ ᠴᠢᠨᠠᠷ ᠢ ᠪᠠᠳᠤᠯᠠᠨ ᠲᠠᠷᠢᠵᠦ ᠠᠷᠠᠴᠢᠯᠠᠪᠠᠯ ᠵᠤᠬᠢᠨ᠎ᠠ᠃ ᠡᠶᠢᠮᠦ ᠪᠠᠷ ᠢᠶᠠᠨ ᠮᠠᠨ ᠤ ᠡᠨᠡ ᠨᠤᠳᠤᠭ ᠲᠤ | ᠯᠡ ᠤᠷᠭᠤᠨ ᠲᠦᠯᠵᠢᠳᠡᠭ ᠪᠤᠷᠭᠠᠰᠤ ᠶᠢ ᠲᠠᠷᠢᠵᠦ ᠤᠢᠢᠵᠢᠭᠤᠯᠪᠠᠯ ᠰᠠᠶ᠋ᠢ ᠨᠤᠳᠤᠭ ᠪᠠᠶᠢᠭᠠᠯᠢ ᠪᠠᠨ ᠰᠡᠷᠭᠦᠭᠡᠵᠦ | ᠴᠢᠳᠠᠬᠤ ᠪᠤᠯᠬᠤᠷ ᠮᠠᠨ ᠤ ᠬᠤᠷᠰᠢᠶᠠᠵᠢᠯ ᠤᠨ ᠬᠢᠨ ᠤᠯᠠᠨ ᠲᠦᠷᠦᠯ ᠤᠨ ᠪᠤᠷᠭᠠᠰᠤ ᠤᠯᠵᠦ᠂ ᠦᠪᠡᠷ ᠦᠪᠡᠷ ᠤᠨ | ᠨᠤᠳᠤᠭ ᠪᠡᠯᠴᠢᠭᠡᠷ ᠤᠨ ᠢᠶᠠᠨ ᠪᠠᠶᠢᠳᠠᠯ ᠳᠤ ᠵᠤᠬᠢᠴᠠᠭᠤᠯᠤᠨ ᠲᠠᠷᠢᠵᠦ ᠡᠬᠢᠯᠡᠭᠰᠡᠨ︾ ᠭᠡᠵᠦ ᠬᠤᠷᠰᠢᠶᠠᠵᠢᠯ ᠤᠨ | ᠲᠠᠷᠤᠭ᠎ᠠ ᠵᠢ᠊ · ᠪᠠᠶᠠᠷᠳᠦ ᠶᠠᠷᠢᠵᠦ ᠪᠢᠯᠠ᠃ | ᠤᠢᠢᠯᠠᠭᠠᠬᠰᠠᠨ ᠢᠶᠠᠷ᠂ ᠪᠤᠷᠭᠠᠰᠦᠨ ᠳᠤ ᠲᠦᠴᠢ ᠭᠠᠷᠤᠢ ᠵᠦᠢᠯ ᠪᠠᠶᠢᠳᠠᠭ ᠴᠦ ᠲᠡᠳᠡᠭᠡᠷ ᠨᠢ ᠦᠨᠳᠦᠰᠦᠨ | ᠲᠠᠪᠤᠨ ᠲᠦᠷᠦᠯ ᠳᠤ ᠬᠠᠷᠢᠶᠠᠯᠠᠭᠳᠠᠳᠠᠭ᠃ ᠲᠤᠬᠠᠢᠢᠯᠠᠪᠠᠯ᠂ ᠰᠢᠷ᠎ᠠ ᠪᠤᠷᠭᠠᠰᠦ᠂ ᠤᠯᠠᠭᠠᠨ ᠪᠤᠷᠭᠠᠰᠦ᠂ ᠭᠦᠭᠡ | ᠪᠤᠷᠭᠠᠰᠦ᠂ ᠤᠳᠠᠨ ᠪᠤᠷᠭᠠᠰᠤ᠂ ᠤᠯᠠᠭᠠᠨ ᠰᠤᠬᠠᠢ ᠪᠤᠷᠭᠠᠰᠦ ᠵᠡᠷᠭᠡ ᠲᠠᠪᠤᠨ ᠲᠦᠷᠦᠯ ᠤᠨ ᠪᠤᠷᠭᠠᠰᠤ ᠪᠤᠯᠤᠨ᠎ᠠ᠃ | ᠤᠤᠯ ᠨᠢ ᠬᠤᠯᠠᠨ ᠰᠢᠷᠭ᠎ᠠ ᠲᠠᠬᠢ ᠶᠢᠨ ᠡᠯᠡᠰᠦᠨ ᠳᠤ ᠡᠨᠡ ᠲᠠᠪᠤᠨ ᠲᠦᠷᠦᠯ ᠤᠨ ᠪᠤᠷᠭᠠᠰᠤ ᠪᠦᠭᠦᠨ ᠢᠶᠠᠷ ᠢᠶᠠᠨ | ᠤᠷᠭᠤᠵᠦ ᠪᠠᠶᠢᠭᠰᠠᠨ ᠪᠤᠯᠪᠠᠴᠤ ᠤᠳᠤ ᠪᠤᠯᠬᠤ ᠳᠤ ᠬᠠᠷᠢᠨ ᠤᠯᠠᠭᠠᠨ ᠰᠤᠬᠠᠢ ᠪᠤᠷᠭᠠᠰᠦ ᠡᠳᠦᠷ ᠤᠨ ᠤᠳᠤ ᠰᠢᠭ᠋ | ᠬᠤᠪᠤᠷ ᠪᠤᠯᠵᠠᠢ᠃ ᠡᠶᠢᠨᠭᠦ ᠲᠤᠰ ᠬᠤᠷᠰᠢᠶᠠᠵᠢᠯ ᠤᠨ ᠬᠢᠨ ᠬᠤᠪᠤᠷᠳᠠᠵᠤ ᠴᠦᠭᠡᠷᠡᠭᠰᠡᠨ ᠤᠯᠠᠭᠠᠨ ᠰᠤᠬᠠᠢ | ᠪᠤᠷᠭᠠᠰᠤ ᠶᠢᠨ ᠬᠤᠶᠢᠨ᠎ᠠ ᠠᠴᠠ ᠡᠷᠢᠯ ᠰᠤᠷᠠᠭ ᠪᠤᠯᠵᠤ᠂ ᠰᠠᠩ ᠤᠨ ᠲᠠᠯᠠᠢ ᠪᠠᠯᠭᠠᠰᠤᠨ ᠤ ᠨᠤᠳᠤᠭ ᠠᠴᠠ ᠤᠯᠵᠤ | ᠠᠪᠤᠬᠰᠠᠨ ᠪᠠᠶᠢᠳᠠᠭ᠃ ᠵᠢ᠊ · ᠪᠠᠶᠠᠷᠳᠦ᠄ ︽ᠤᠯᠠᠭᠠᠨ ᠪᠤᠷᠭᠠᠰᠦ ᠪᠤᠯ ᠲᠠᠷᠬᠢᠯ ᠭᠠᠵᠠᠷ ︵ᠬᠠᠭᠤᠷᠠᠢ ᠰᠢᠭ᠋ ᠭᠠᠵᠠᠷ︶ | ᠤᠷᠭᠤᠵᠦ᠂ ᠰᠢᠷ᠎ᠠ ᠪᠤᠷᠭᠠᠰᠦ ᠪᠤᠯ ᠮᠠᠩᠬ᠎ᠠ ᠲᠤᠯᠤᠭᠠᠳ ᠢᠶᠠᠷ ᠤᠷᠭᠤᠳᠠᠭ᠂ ᠭᠦᠭᠡ ᠪᠤᠷᠭᠠᠰᠤ ᠪᠤᠯᠤᠨ ᠤᠳᠠᠨ | ᠪᠤᠷᠭᠠᠰᠦ ᠪᠤᠯ ᠭᠤᠤᠯ ᠤᠨ ᠡᠷᠬᠢ᠂ ᠨᠠᠮᠤᠭ᠂ ᠵᠦᠯᠭᠡᠨ ᠭᠠᠵᠠᠷ ᠢᠶᠠᠷ ᠤᠷᠭᠤᠳᠠᠭ ᠤᠴᠢᠷ ᠠᠴᠠ ᠪᠤᠷᠭᠠᠰᠤ ᠶᠢ | ᠲᠤᠷ᠎ᠠ ᠪᠠᠷ ᠢᠶᠠᠨ ᠲᠠᠷᠢᠵᠦ ᠪᠤᠯᠳᠠᠭ ᠦᠭᠡᠢ᠃ ᠭᠠᠵᠠᠷ ᠤᠨ ᠪᠠᠶᠢᠴᠠ ᠳᠤᠨᠢ ᠵᠤᠬᠢᠴᠠᠭᠤᠯᠵᠦ ᠲᠠᠷᠢᠬᠤ ᠦᠭᠡᠢ ᠪᠤᠯ | ᠭᠦᠳᠡᠯᠮᠤᠷᠢ ᠭᠦᠴᠦ᠂ ᠭᠦᠯᠦᠰᠦ ᠮᠦᠡᠭᠭᠦ ᠪᠦᠷ ᠲᠠᠯᠠᠭᠠᠷ ᠪᠤᠯᠤᠨ᠎ᠠ ᠰᠢᠦ᠃ ᠨᠢᠳᠤᠨᠤᠨ ᠤ ᠲᠠᠷᠢᠭᠰᠠᠨ ᠪᠤᠷᠭᠠᠰᠤᠨ ᠤ | ᠤᠷᠭᠤᠯᠳᠠ ᠶᠢᠨ ᠨᠤᠷᠮ᠎ᠠ 95% ᠳᠤ ᠬᠦᠷᠦᠭᠰᠡᠨ᠃ ᠡᠭᠦᠨ ᠳᠤ ᠤᠯᠠᠭᠠᠨ ᠰᠤᠬᠠᠢ ᠪᠤᠷᠭᠠᠰᠤ ᠨᠢ ᠪᠤᠰᠤᠳ | ᠪᠤᠷᠭᠠᠰᠦ ᠶᠢ ᠪᠤᠳᠤᠪᠠᠯ ᠠᠮᠠᠷᠬᠠᠨ ᠤᠷᠭᠤᠬᠤ ᠦᠭᠡᠢ ᠮᠦᠷᠳᠡᠭᠡᠨ ᠤᠯᠳᠠᠬᠤ ᠳᠤ ᠭᠦᠴᠢᠷ᠃ ᠭᠡᠪᠡᠴᠦ ᠴᠢᠨᠠᠷ | ᠰᠠᠶᠢᠳᠠᠢ ᠤᠴᠢᠷ ᠠᠴᠠ ᠮᠠᠯ ᠤᠨ ᠰᠠᠶᠢᠨ ᠲᠡᠵᠢᠭᠡᠯ ᠪᠤᠯᠳᠠᠭ ᠮᠦᠷᠳᠡᠭᠡᠨ ᠡᠯᠡᠰᠦ ᠶᠢ ᠲᠤᠭᠳᠠᠪᠤᠷᠢᠵᠢᠭᠤᠯᠬᠤ ᠲᠠᠯ᠎ᠠ ᠪᠠᠷ | ᠪᠤᠰᠤᠳ ᠠᠴᠠ ᠪᠠᠨ ᠲᠠᠪᠠᠭᠤᠯᠢᠭ︾ ᠭᠡᠵᠦ ᠲᠠᠨᠢᠯᠴᠠᠭᠤᠯᠤᠯ᠎ᠠ᠃ | ︽ᠪᠤᠷᠭᠠᠰᠦᠳᠠᠢ︾ ᠠᠮᠢ ᠠᠬᠤᠢ ᠶᠢᠨ ᠬᠤᠷᠰᠢᠶᠠᠵᠢᠯ ᠤᠨ ᠬᠢᠨ ᠵᠢᠷᠭᠤᠭᠠᠨ ᠡᠷᠦᠭᠡ ᠶᠢᠨ ᠢᠶᠠᠨ 7000 ᠭᠠᠷᠤᠢ | ᠮᠦ ᠪᠡᠯᠴᠢᠭᠡᠷ ᠢ ᠬᠠᠷᠠᠵᠤ ᠬᠠᠮᠠᠭᠠᠯᠠᠬᠤ ᠶᠢᠨ ᠲᠠᠭᠠᠤ ᠡᠯᠡᠰᠦᠷᠭᠡᠭᠵᠢᠭᠰᠡᠨ ᠭᠡᠰᠡᠭ ᠲᠤᠨᠢ ᠵᠢᠯ ᠪᠤᠯᠭᠠᠨ ᠪᠤᠷᠭᠠᠰᠦ | ᠲᠠᠷᠢᠵᠦ ᠪᠠᠶᠢᠭ᠎ᠠ ᠠᠵᠢ᠃ ᠡᠬᠦᠨ ᠳᠤ᠂ ᠰᠧᠷᠡᠩᠧᠴᠢᠷ ᠪᠤᠯᠤᠨ ᠵᠢ᠊ · ᠪᠠᠶᠠᠷᠳᠦ ᠶᠢᠨ ᠬᠢᠨ ᠲᠠᠷᠢᠬᠤ ᠪᠠᠷ | ᠭᠤᠤᠯᠳᠠᠭᠤᠯᠵᠦ᠂ ᠪᠤᠰᠤᠳ ᠲᠦᠷᠪᠡᠨ ᠡᠷᠦᠭᠡ ᠨᠢ ᠲᠠᠷᠢᠬᠰᠠᠨ ᠪᠤᠷᠭᠠᠰᠦ ᠶᠢ ᠭᠦᠷᠢᠶᠡᠯᠡᠨ ᠬᠠᠮᠠᠭᠠᠯᠠᠬᠤ ᠠᠵᠢᠯ ᠢ | ᠬᠦᠢᠴᠡᠳᠭᠡᠵᠦ ᠪᠤᠢ᠃ ︽ᠮᠠᠨ ᠤ ᠭᠠᠴᠠᠭᠠᠨ ᠤ ᠵᠤᠰᠠᠯᠠᠩ ᠤᠨ ᠭᠠᠵᠠᠷ ᠶᠡᠭᠡ ᠭᠡᠮᠵᠢᠶ᠎ᠡ ᠪᠠᠷ ᠡᠯᠡᠰᠦᠷᠭᠡᠭᠵᠢᠭᠡᠳ | ᠠᠷᠭ᠎ᠠ ᠬᠡᠮᠵᠢᠶ᠎ᠡ ᠠᠪᠬᠤ ᠦᠭᠡᠢ ᠪᠤᠯ ᠠᠶᠤᠯ ᠲᠠᠢ ᠪᠤᠯᠵᠠᠢ᠃ ᠪᠤᠷᠭᠠᠰᠤ ᠬᠠᠳᠠᠵᠤ ᠦᠬᠦᠰᠢᠷᠡᠭᠡᠳ ᠪᠠᠶᠢᠪᠠᠯ ᠲᠦᠷᠦᠯ | ᠵᠦᠢᠯ ᠨᠢ ᠤᠯᠠᠮ ᠴᠦᠭᠡᠷᠡᠵᠦ᠂ ᠪᠠᠶᠢᠭᠠᠯᠢ ᠠᠬᠤᠢ ᠮᠠᠭᠤᠳᠠᠨ ᠮᠠᠯᠵᠢᠬᠤ ᠦᠢᠯᠡᠳᠪᠦᠷᠢᠯᠡᠯ ᠢ ᠰᠢᠭᠤᠳ | ᠨᠦᠯᠦᠬᠡᠯᠡᠨ᠎ᠠ ᠰᠢᠦ ᠳ᠋ᠡ᠃ ᠡᠪᠦᠯᠵᠢᠶᠡᠨ ᠤ ᠤᠢᠢᠷᠠᠯᠴᠠᠭ᠎ᠠ ᠪᠠᠷ ᠦᠪᠡᠷᠳᠡᠭᠡᠨ ᠲᠠᠷᠢᠭᠰᠠᠨ ᠪᠤᠳᠠ ᠪᠤᠷᠭᠠᠰᠤ ᠶᠢ | ᠬᠠᠮᠠᠭᠠᠯᠠᠵᠦ ᠠᠷᠠᠴᠢᠯᠠᠭᠰᠠᠨ ᠤ ᠰᠠᠶᠢᠨ ᠢᠶᠠᠷ ᠤᠳᠤ ᠮᠠᠨ ᠤ ᠰᠠᠭᠤᠷᠢᠰᠢᠯ ᠤᠨ ᠤᠢᠢᠷ᠎ᠠ ᠬᠠᠪᠢ ᠴᠠᠯ ᠨᠤᠭᠤᠭᠠᠨ | ᠪᠤᠯᠤᠬᠰᠨᠨ ᠰᠢᠦ︾ ᠭᠡᠵᠦ ᠵᠢ᠊ · ᠪᠠᠶᠠᠷᠳᠦ ᠤᠴᠢᠷᠯᠠᠨ᠎ᠠ᠃ | ︽ᠪᠤᠷᠭᠠᠰᠤᠳᠠᠢ︾ ᠠᠮᠢ ᠠᠬᠤᠢ ᠶᠢᠨ ᠬᠤᠷᠰᠢᠶᠠᠵᠢᠯ ᠤᠨ ᠬᠢᠨ ᠰᠠᠯᠭᠢ ᠶᠢ ᠬᠠᠯᠬᠠᠯᠠᠨ᠂ ᠡᠯᠡᠰᠦ ᠶᠢ ᠬᠠᠰᠢᠵᠦ᠂ | ᠮᠠᠩᠬ᠎ᠠ ᠶᠢ ᠨᠤᠭᠤᠭᠠᠷᠠᠭᠤᠯᠬᠤ ᠪᠠᠷ ᠪᠤᠷᠭᠠᠰᠦ ᠲᠠᠷᠢᠵᠦ ᠪᠠᠶᠢᠭ᠎ᠠ ᠪᠦᠭᠡᠳ ᠲᠠᠷᠠᠭ᠎ᠠ ᠪᠠᠷ ᠪᠤᠷᠭᠠᠰᠤᠨ ᠤ | ᠤᠷᠭᠤᠯᠳᠠ ᠶᠢ ᠪᠠᠳᠤᠯᠠᠭᠰᠠᠨ ᠰᠠᠭᠤᠷᠢᠨ ᠲᠡᠭᠡᠷ᠎ᠠ ᠪᠤᠷᠭᠠᠰᠤᠨ ᠭᠦᠷᠦᠮᠡᠯ ᠢ ᠲᠠᠸᠠᠷᠴᠢᠯᠠᠵᠦ ᠪᠤᠷᠤᠯᠠᠭᠤᠯᠬᠤ ᠪᠠᠷ | ᠲᠦᠯᠦᠪᠯᠡᠵᠦ ᠪᠠᠶᠢᠪᠠ᠃ ᠲᠠᠷᠢᠬᠰᠠᠨ ᠪᠤᠷᠭᠠᠰᠤ ᠶᠢ ᠲᠠᠪᠤ ᠵᠢᠷᠭᠤᠭᠠᠨ ᠵᠢᠯ ᠤᠨ ᠲᠠᠷᠠᠭ᠎ᠠ ᠬᠠᠳᠤᠵᠦ ᠪᠤᠯᠳᠠᠭ | ᠮᠦᠷᠳᠡᠭᠡᠨ ᠬᠠᠳᠤᠭᠰᠠᠨ ᠤ ᠲᠠᠷᠠᠭ᠎ᠠ ᠲᠤᠤᠷ᠎ᠠ ᠠᠴᠠ ᠨᠢ ᠨᠢᠯᠬ᠎ᠠ ᠪᠤᠷᠭᠠᠰᠤ ᠤᠷᠭᠤᠵᠦ ᠭᠠᠷᠳᠠᠭ ᠠᠴᠠ ᠲᠡᠳᠡ ᠠᠮᠢ | ᠠᠬᠤᠢ ᠪᠠᠨ ᠬᠠᠮᠠᠭᠠᠯᠠᠬᠤ ᠶᠢᠨ ᠵᠡᠷᠭᠡ ᠪᠠᠷ ᠲᠠᠷᠢᠭᠰᠠᠨ ᠪᠤᠷᠭᠠᠰᠤᠨ ᠤ ᠪᠠᠨ ᠠᠮᠢᠵᠢᠷᠠᠯ ᠢ ᠪᠠᠳᠤᠯᠠᠬᠤ ᠶᠢ | ᠠᠩᠬᠠᠷᠤᠬᠰᠠᠭᠠᠷ᠃ ᠶᠡᠷᠦ ᠨᠢ ᠠᠳᠠᠯᠢ ᠪᠤᠰᠤ ᠪᠤᠷᠭᠠᠰᠤᠨ ᠤ ᠴᠢᠨᠠᠷ ᠨᠢ ᠤᠨᠳᠤᠤ ᠪᠠᠶᠢᠳᠠᠭ ᠤᠨ ᠤᠴᠢᠷ | ᠪᠤᠷᠭᠠᠰᠤᠨ ᠤ ᠲᠦᠷᠦᠯ ᠵᠦᠢᠯ ᠢ ᠪᠠᠳᠤᠯᠠᠬᠤ ᠨᠢ ᠲᠡᠳᠡᠨ ᠤ ᠪᠠᠰᠠ ᠨᠢᠭᠡᠨ ᠡᠭᠦᠷᠭᠡ᠃ ︽ᠪᠤᠷᠭᠠᠰᠤ ᠪᠤᠯ ᠰᠦᠭ | ᠰᠦᠨᠡᠰᠦ ᠲᠠᠢ ᠭᠡᠵᠦ ᠮᠤᠩᠭᠤᠯᠴᠤᠳ ᠭᠡᠯᠡᠳᠡᠭ᠃ ᠭᠦᠭᠡ ᠪᠤᠷᠭᠠᠰᠤᠨ ᠤ ᠮᠦᠴᠢᠷ ᠨᠢ ᠪᠠᠭ᠎ᠠ᠂ ᠪᠡᠶ᠎ᠠ ᠨᠢ ᠰᠢᠯᠤᠭᠤᠨ | ᠤᠴᠢᠷ ᠠᠴᠠ ᠭᠦᠷᠦᠮᠡᠯ ᠳᠤ ᠲᠤᠬᠢᠷᠠᠳᠠᠭ ᠴᠦ ᠴᠢᠨᠠᠷ ᠨᠢ ᠤᠯᠠᠭᠠᠨ ᠪᠤᠷᠭᠠᠰᠤ ᠶᠢ ᠭᠦᠷᠭᠦ ᠦᠭᠡᠢ᠂ ᠤᠯᠠᠭᠠᠨ | ᠪᠤᠷᠭᠠᠰᠤᠨ ᠤ ᠮᠦᠴᠢᠷ ᠨᠢ ᠶᠡᠭᠡ ᠲᠤᠯᠠ ᠭᠦᠷᠦᠮᠡᠯ ᠬᠢᠪᠡᠯ ᠲᠤᠩ ᠪᠠᠭᠢᠯᠢᠭ᠌ ᠪᠠᠶᠢᠵᠤ᠂ ᠬᠤᠷᠤᠭ᠎ᠠ ᠪᠠᠷᠢᠬᠤ ᠳᠤ | ᠭᠡᠷᠡᠭᠯᠡᠳᠡᠭ᠃ ᠤᠳᠠᠨ ᠪᠤᠷᠭᠠᠰᠤ ᠮᠠᠯ ᠳᠤ ᠰᠡᠭᠦᠳᠡᠷ ᠪᠤᠯᠤᠨ᠎ᠠ᠃ ᠡᠶᠢᠮᠦ ᠠᠴᠠ ᠠᠯᠢ ᠪᠤᠷᠭᠠᠰᠤ ᠨᠢ ᠴᠤ ᠮᠠᠨ ᠤ | ᠮᠠᠯᠵᠢᠬᠤ ᠦᠢᠯᠡᠳᠪᠦᠷᠢᠯᠡᠯ ᠳᠤ ᠲᠤᠳᠠᠵᠤ ᠪᠤᠯᠬᠤ ᠦᠭᠡᠢ ᠰᠢᠦ︾ ᠭᠡᠵᠦ ᠵᠢ᠊ · ᠪᠠᠶᠠᠷᠳᠦ ᠲᠠᠶᠢᠯᠪᠦᠷᠢᠯᠠᠨ᠎ᠠ᠃ | ᠮᠠᠩᠬᠠᠨ ᠨᠤᠳᠤᠭ ᠤᠨ ᠬᠢᠨ ᠪᠤᠷᠭᠠᠰᠤᠨ ᠡᠳ᠋ᠯᠡᠯ ᠢ ᠭᠡᠷᠡᠭᠯᠡᠵᠦ ᠢᠷᠡᠭᠰᠡᠨ ᠤᠯᠠᠮᠵᠢᠯᠠᠯ ᠲᠠᠢ᠃ ᠲᠡᠭᠡᠬᠦ ᠪᠠᠷ ︽ | ᠪᠤᠷᠭᠠᠰᠤᠳᠠᠢ︾ ᠠᠮᠢ ᠠᠬᠤᠢ ᠶᠢᠨ ᠬᠤᠷᠰᠢᠶᠠᠵᠢᠯ ᠤᠨ ᠬᠢᠨ ᠨᠤᠳᠤᠭ ᠤᠨ ᠢᠶᠠᠨ ᠨᠦᠭᠡᠴᠡ ᠡᠭᠢ ᠪᠠᠶᠠᠯᠢᠭ ᠪᠤᠯᠬᠤ | ᠤᠯᠠᠨ ᠵᠦᠢᠯ ᠤᠨ ᠪᠤᠷᠭᠠᠰᠤ ᠶᠢ ᠲᠤᠬᠢᠷᠠᠮᠵᠢᠳᠠᠢ ᠲᠠᠷᠢᠵᠦ᠂ ᠵᠤᠬᠢᠰᠳᠠᠢ ᠬᠠᠮᠠᠭᠠᠯᠠᠬᠤ ᠶᠢᠨ ᠲᠠᠭᠠᠤ ᠵᠦᠢᠳᠠᠢ | ᠠᠰᠢᠭᠯᠠᠬᠤ ᠪᠠᠷ ᠪᠠᠶᠢᠭ᠎ᠠ ᠠᠵᠢ᠃ |