ᠮᠠᠯᠴᠢᠨ ᠲᠦᠮᠡᠨ ᠤ ᠪᠠᠨ ᠡᠷᠡᠭᠦᠯ ᠮᠡᠨᠳᠦ ᠶᠢᠨ ᠲᠦᠯᠦᠭᠡ ᠭᠤᠶᠠᠴᠢ ᠦᠭᠡᠢ ᠵᠢᠳᠭᠦᠨᠡᠮ
ᠨᠡᠶᠢᠲᠡᠯᠡᠭᠰᠡᠨ ᠴᠠᠭ᠄
2021/1/6
  —— ᠳᠤᠯᠤᠳᠤᠭᠠᠷ ᠬᠤᠭᠤᠴᠠᠭᠠᠨ ᠤ ᠪᠦᠬᠦ ᠤᠷᠤᠨ ᠤ ᠶᠤᠰᠤ ᠮᠤᠷᠠᠯ ᠤᠨ ᠵᠢᠱᠢᠶᠡᠴᠢ ᠶᠢᠨ ᠨᠡᠷ᠎ᠡ ᠳᠤᠷᠠᠳᠤᠬᠰᠡᠨ ᠱᠠᠩᠨᠠᠯ ᠭᠦᠷᠲᠡᠭᠰᠡᠨ ᠤᠷᠠᠨᠪᠢᠯᠢᠭ᠌ ᠤᠨ ᠦᠢᠯᠡ ᠠᠵᠢᠯᠯᠠᠭ᠎ᠠ ᠶᠢ ᠲᠡᠮᠳᠡᠭᠯᠡᠪᠡ     ᠦᠪᠦᠷ ᠮᠤᠩᠭᠤᠯ ᠤᠨ  ᠰᠢᠯᠢ ᠶᠢᠨ ᠬᠤᠳᠠ ᠶᠢᠨ ᠴᠤᠬᠠᠭᠤᠯᠠ ᠰᠤᠮᠤᠨ ᠤ ᠲᠦᠭᠦᠷᠢᠭ ᠭᠠᠴᠠᠭᠠᠨ ᠳᠤ ᠤᠷᠠᠨᠪᠢᠯᠢᠭ᠌ ᠭᠡᠳᠡᠭ ᠨᠢᠭᠡ ᠪᠦᠰᠡᠭᠦᠢ ᠨᠤᠲᠤᠭ ᠤᠨ ᠡᠮᠴᠢ ᠪᠠᠶᠢᠳᠠᠭ᠃ ᠲᠡᠷᠡ 1995 ᠤᠨ ᠳᠤ ᠦᠪᠦᠷ ᠮᠤᠩᠭᠤᠯ ᠤᠨ ᠦᠨᠳᠦᠰᠦᠲᠡᠨ ᠤ ᠶᠡᠭᠡ ᠰᠤᠷᠭᠠᠭᠤᠯᠢ ᠠᠴᠠ ᠮᠤᠩᠭᠤᠯ ᠡᠮ ᠡᠮᠨᠡᠯᠭᠡ ᠶᠢᠨ ᠳᠤᠰᠬᠠᠢ ᠮᠡᠷᠭᠡᠵᠢᠯ ᠰᠤᠷᠴᠦ ᠲᠡᠭᠦᠰᠦᠭᠡᠳ ᠨᠤᠲᠤᠭ  ᠎ ᠲᠤ ᠪᠠᠨ ᠬᠠᠷᠢᠵᠦ᠂ ᠦᠨᠳᠦᠰᠦᠨ ᠱᠠᠲᠤᠨ ᠤ ᠡᠮᠴᠢ ᠶᠢᠨ ᠠᠵᠢᠯ ᠢ ᠡᠭᠦᠷᠭᠡᠯᠡᠵᠦ ᠬᠢᠭᠡᠳ 25 ᠵᠢᠯ ᠤᠨ ᠬᠠᠪᠤᠷ ᠨᠠᠮᠤᠷ ᠢ ᠲᠤᠭᠤᠯᠵᠠᠢ᠃ ᠤᠷᠠᠨᠪᠢᠯᠢᠭ᠌ ᠭᠡᠷ ᠲᠡᠭᠡᠨ ᠭᠤᠷᠪᠠᠭᠤᠯᠠ᠂ ᠨᠦᠬᠦᠷ ᠨᠢ ᠭᠠᠩᠲᠡᠮᠤᠷ ᠭᠠᠴᠠᠭᠠᠨ ᠤ ᠪᠠᠨ ᠮᠠᠯ ᠡᠮᠨᠡᠯᠭᠡ ᠶᠢᠨ ᠠᠵᠢᠯ ᠢ ᠭᠠᠷᠳᠠᠨ ᠬᠢᠵᠦ᠂ ᠬᠦᠦ ᠨᠢ ᠶᠡᠭᠡ ᠰᠤᠷᠭᠠᠭᠤᠯᠢ ᠳᠤ ᠰᠤᠷᠤᠯᠴᠠᠵᠦ ᠪᠠᠶᠢᠨ᠎ᠠ᠃     ᠬᠤᠷᠢᠭᠠᠳ ᠵᠢᠯ ᠤᠨ ᠳᠤᠷᠰᠢ᠂ ᠮᠠᠯᠴᠢᠳ ᠳᠠᠬᠰᠢᠭᠤᠷ ᠲᠤᠮᠤᠭᠤ ᠬᠦᠷᠬᠦ᠂ ᠠᠷᠬᠠᠭ ᠬᠠᠭᠤᠴᠢᠨ ᠨᠢ ᠬᠦᠳᠡᠯᠬᠦ ᠪᠤᠶᠤ  ᠭᠡᠮᠲᠦᠵᠦ ᠰᠢᠷᠠᠬᠳᠠᠬᠰᠡᠨ ᠴᠤ ᠤᠷᠠᠨᠪᠢᠯᠢᠭ᠌ ᠢ ᠳᠠᠭᠤᠳᠠᠳᠠᠭ᠃ ᠡᠨᠡ ᠦᠶᠡᠰ ᠲᠡᠷᠡ ᠶᠡᠷᠦᠨᠢ ᠡᠪᠦᠯ ᠵᠤᠨ᠂ ᠡᠳᠦᠷ ᠰᠦᠨᠢ᠂  ᠴᠠᠰᠦ ᠪᠤᠷᠤᠭᠠᠨ ᠢ ᠬᠠᠶᠢᠬᠤᠷᠤᠯ ᠦᠭᠡᠢ ᠳᠠᠷᠤᠢ  ᠎ ᠳᠤ ᠨᠢ ᠤᠴᠢᠭᠠᠳ ᠡᠮᠴᠢᠯᠡᠭᠡ ᠬᠢᠵᠦ ᠦᠭᠳᠡᠭ ᠪᠤᠯᠬᠤᠷ᠂ ᠮᠠᠯᠴᠢᠳ ᠲᠡᠭᠦᠨ ᠢ ᠮᠠᠨ ᠤ ᠮᠠᠯᠴᠢᠳ ᠤᠨ《120》 ᠲᠦᠷᠭᠡᠨ ᠠᠪᠤᠷᠠᠯᠲᠠ ᠶᠢᠨ ᠡᠮᠴᠢ ᠭᠡᠵᠦ ᠳᠤᠲᠤᠨᠤᠴᠢᠯᠠᠨ ᠨᠡᠷᠡᠯᠡᠳᠡᠭ ᠪᠢᠯᠡ᠃ ᠲᠡᠭᠦᠨ ᠤ ᠤᠳᠠᠭᠠᠨ ᠵᠢᠯ ᠮᠠᠯᠴᠢᠨ ᠲᠦᠮᠡᠨ ᠤ ᠪᠠᠨ ᠡᠷᠡᠭᠦᠯ ᠮᠡᠨᠳᠦ ᠶᠢᠨ ᠲᠦᠯᠦᠭᠡ ᠭᠤᠶᠠᠴᠢ ᠦᠭᠡᠢ ᠵᠢᠳᠭᠦᠭᠰᠡᠨ ᠦᠢᠯᠡ ᠠᠵᠢᠯᠠᠯᠭ᠎ᠠ ᠶᠢ ᠨᠢ ᠨᠠᠮ ᠵᠠᠰᠠᠭ᠂ ᠠᠷᠠᠳ ᠤᠯᠠᠨ ᠨᠢ  ᠬᠦᠨᠳᠦᠳᠭᠡᠨ  ᠦᠨᠡᠯᠡᠵᠦ᠂ 2010 ᠤᠨ  ᠎ ᠳᠤ  ᠪᠦᠬᠦ  ᠤᠯᠤᠰ ᠤᠨ《  ᠬᠦᠳᠡᠭᠡ ᠳᠤᠰᠬᠤᠨ ᠤ ᠰᠢᠯᠢᠳᠡᠭ ᠡᠮᠴᠢ 》᠎ ᠶᠢᠨ ᠢᠷᠠᠭᠤ ᠠᠯᠳᠠᠷ ᠢ ᠭᠦᠷᠲᠡᠭᠡᠵᠦ᠂ ᠤᠷᠢᠳ ᠬᠤᠵᠢᠳ ᠪᠦᠬᠦ ᠤᠷᠤᠨ ᠤ《 ᠠᠵᠢᠯ ᠤᠨ ᠪᠠᠶᠢᠷᠢ ᠎ ᠳᠤ ᠎ ᠪᠠᠨ ᠯᠸᠢ ᠹᠧᠩ ᠠᠴᠠ ᠰᠤᠷᠤᠯᠴᠠᠬᠰᠡᠨ ᠵᠢᠱᠢᠶᠡᠴᠢ 》᠂《 ᠰᠢᠨ᠎ᠡ ᠡᠷᠡᠨ ᠤ ᠤᠮᠠᠷᠠᠲᠤ ᠬᠢᠯᠢ ᠶᠢᠨ ᠰᠤᠳᠤᠨ ᠡᠮᠡᠭᠲᠡᠢ》᠂《 ᠰᠢᠯᠢᠳᠡᠭ ᠨᠠᠮ ᠤᠨ ᠭᠡᠰᠢᠭᠦᠨ 》ᠵᠡᠷᠭᠡ ᠪᠠᠷ ᠰᠤᠩᠭᠤᠬᠳᠠᠵᠦ᠂  ᠤᠷᠴᠢᠮᠬᠠᠨ ᠪᠠᠰᠠ ᠳᠤᠯᠤᠳᠤᠭᠠᠷ ᠬᠤᠭᠤᠴᠠᠭᠠᠨ ᠤ ᠦᠪᠦᠷ ᠮᠤᠩᠭᠤᠯ ᠤᠨ  ᠦᠪᠡᠷᠳᠡᠭᠡᠨ  ᠵᠠᠰᠠᠬᠤ  ᠤᠷᠤᠨ ᠤ《 ᠶᠤᠰᠤ  ᠮᠤᠷᠠᠯ ᠎ ᠤᠨ  ᠵᠢᠱᠢᠶᠡᠴᠢ 》᠎ ᠶᠢᠨ ᠨᠡᠷ᠎ᠡ ᠳᠤᠷᠠᠳᠤᠬᠰᠡᠨ ᠱᠠᠩᠨᠠᠯ  ᠬᠦᠷᠲᠡᠵᠡᠢ᠃     ᠦᠢᠯᠡᠰ ᠢᠶᠠᠨ ᠳᠡᠭᠡᠳᠦᠯᠡᠭᠰᠡᠨ ᠦᠨᠡᠨᠴᠢᠬᠡᠨ ᠵᠢᠳᠭᠦᠯ     ᠤᠷᠠᠨᠪᠢᠯᠢᠭ᠌ ᠭᠠᠴᠠᠭᠠᠨ ᠤ ᠪᠠᠨ ᠡᠮᠴᠢ ᠶᠢᠨ ᠠᠵᠢᠯ ᠢ ᠡᠭᠦᠷᠭᠡᠯᠡᠭᠰᠡᠨ ᠡᠳᠦᠷ ᠠᠴᠠ ᠪᠠᠨ ᠠᠪᠤᠭᠠᠳ ᠡᠮᠴᠢᠯᠡᠬᠦ ᠠᠵᠢᠯ ᠳᠤ ᠡᠬᠢᠨ ᠎ ᠳᠤ ᠪᠠᠨ ᠮᠤᠷᠢ ᠲᠠᠢ ᠳᠠᠪᠬᠢᠭᠤᠯᠵᠦ᠂ ᠳᠠᠷᠠᠭ᠎ᠠ ᠨᠢ ᠮᠤᠲ᠋ᠤᠷ ᠢᠶᠠᠷ ᠭᠦᠶᠦᠯᠭᠡᠨ᠂ ᠤᠳᠤ ᠪᠤᠯ ᠮᠠᠰᠢᠨ ᠲᠡᠷᠭᠡ ᠪᠠᠷ ᠬᠠᠮᠢᠭ᠎ᠠ ᠳᠠᠭᠤᠳᠠᠪᠠᠯ ᠲᠡᠨᠳᠡ ᠰᠠᠭᠠᠳᠠᠯ ᠦᠭᠡᠢ ᠬᠦᠷᠴᠦ ᠦᠢᠯᠡᠴᠢᠯᠡᠭᠰᠡᠭᠡᠷ ᠪᠠᠶᠢᠨ᠎ᠠ᠃ ᠡᠳᠡᠨ ᠤ ᠭᠡᠷ ᠨᠢ ᠭᠠᠴᠠᠭᠠᠨ ᠤ ᠪᠠᠨ ᠤᠷᠢᠳᠦ ᠪᠡᠶ᠎ᠡ ᠪᠠᠷ ᠰᠠᠭᠤᠷᠢᠰᠢᠳᠠᠭ᠂ ᠤᠶᠢᠷ᠎ᠠ ᠵᠡᠷᠭᠡᠯᠡᠳᠡᠭᠡ ᠠᠶᠢᠯ ᠨᠢ ᠲᠠᠪᠤ ᠭᠤᠷᠪᠠᠨ ᠭᠠᠵᠠᠷ ᠤᠨ ᠵᠠᠢ ᠲᠠᠢ ᠪᠠᠶᠢᠬᠤ ᠳᠤ᠂ ᠬᠤᠯᠠ ᠨᠢ ᠪᠦᠷ ᠵᠠᠭᠤᠭᠠᠳ ᠭᠠᠵᠠᠷ ᠤᠨ ᠴᠠᠭᠠᠨ᠎ᠠ ᠪᠠᠶᠢᠳᠠᠭ᠃ ᠲᠡᠷᠡ  ᠮᠠᠯᠴᠢᠳ ᠲᠠᠭᠠᠨ ᠡᠪᠡᠳᠴᠢᠨ ᠦᠵᠡᠬᠦ᠂ ᠵᠡᠭᠦᠦ ᠲᠠᠯᠪᠢᠬᠤ᠂ ᠡᠮ ᠶᠡᠭᠦᠯᠡᠬᠦ᠂ ᠡᠮ ᠬᠦᠷᠭᠡᠬᠦ᠂ ᠡᠷᠡᠭᠦᠯ ᠮᠡᠨᠳᠦ ᠶᠢᠨ ᠤᠬᠠᠭᠤᠯᠭ᠎ᠠ  ᠰᠣᠷᠳᠠᠯᠴᠢᠯᠠᠭ᠎ᠠ ᠬᠢᠵᠦ ᠠᠰᠠᠭᠤᠨ ᠯᠠᠪᠯᠠᠭ᠎ᠠ ᠬᠢᠬᠦ᠂ ᠡᠷᠡᠭᠦᠯ ᠮᠡᠨᠳᠦ ᠶᠢᠨ ᠪᠠᠶᠢᠳᠠᠯ ᠢ ᠨᠢ ᠲᠡᠮᠳᠡᠭᠯᠡᠵᠦ ᠳᠠᠩᠰᠠ ᠡᠪᠬᠡᠮᠡᠯ ᠪᠠᠶᠢᠭᠤᠯᠬᠤ ᠵᠡᠷᠭᠡ ᠪᠠᠷ ᠦᠢᠯᠡᠴᠢᠯᠡᠵᠦ ᠪᠠᠶᠢᠳᠠᠭ᠃ ᠡᠭᠦᠨ ᠢᠶᠠᠷ ᠪᠠᠷᠠᠬᠤ ᠦᠭᠡᠢ᠂ ᠵᠡᠷᠭᠡᠯᠡᠳᠡᠭᠡ ᠪᠠᠶᠢᠭ᠎ᠠ  ᠪᠠᠶᠠᠨᠪᠤᠯᠠᠭ ᠰᠤᠮᠤᠨ ᠤ ᠪᠠᠶᠠᠨᠬᠠᠷᠠᠭᠠᠲᠦ ᠭᠠᠴᠠᠭ᠎ᠠ᠂ ᠲᠤᠰ ᠰᠤᠮᠤᠨ ᠤ ᠪᠠᠨ  ᠠᠷᠤᠭᠤᠤᠯ ᠭᠠᠴᠠᠭᠠᠨ ᠤ ᠮᠠᠯᠴᠢᠳ ᠲᠤ ᠴᠦ ᠡᠮᠴᠢᠯᠡᠭᠡ ᠶᠢᠨ ᠦᠢᠯᠡᠴᠢᠯᠡᠭᠡ ᠬᠠᠩᠭᠠᠵᠦ ᠪᠠᠶᠢᠳᠠᠭ ᠪᠢᠯᠡ᠃     ᠤᠷᠠᠨᠪᠢᠯᠢᠭ᠌ ᠮᠠᠯᠴᠢᠳ ᠲᠠᠭᠠᠨ ᠨᠡᠩ ᠰᠠᠶᠢᠨ ᠳᠦᠭᠦᠮ ᠦᠢᠯᠡᠴᠢᠯᠡᠭᠡ ᠬᠠᠩᠭᠠᠬᠤ ᠶᠢᠨ ᠳᠤᠰᠠᠳᠠ  ᠂ ᠨᠦᠬᠦᠷ ᠤᠨ ᠢᠶᠠᠨ ᠬᠠᠪᠰᠤᠷᠤᠯᠭ᠎ᠠ ᠪᠠᠷ ᠮᠤᠲ᠋ᠤᠷ ᠤᠨᠤᠵᠦ ᠰᠤᠷᠤᠬᠰᠡᠨ ᠨᠢ ᠬᠤᠷᠢ ᠰᠢᠬᠠᠮ ᠵᠢᠯ ᠤᠨ ᠡᠮᠦᠨᠡᠬᠢ ᠤᠴᠢᠷ ᠪᠤᠯᠪᠠ᠃ ᠢᠩᠭᠢᠭᠡᠳ  ᠡᠮᠴᠢᠯᠡᠭᠡ ᠬᠢᠵᠦ ᠶᠠᠪᠤᠬᠤ  ᠎ ᠳᠤ ᠨᠢ ᠶᠡᠭᠡ ᠳᠦᠭᠦᠮ ᠲᠦᠳᠡ ᠪᠤᠯᠵᠦ᠂ ᠨᠤᠲᠤᠭ ᠤᠨ ᠰᠢᠷ᠎ᠠ ᠵᠠᠮ ᠢᠶᠠᠷ ᠢᠶᠠᠨ ᠦᠭᠡᠳᠠ ᠤᠷᠤᠭᠤ ᠡᠮᠴᠢᠯᠡᠭᠡ ᠬᠢᠵᠦ ᠶᠠᠪᠤᠬᠰᠠᠭᠠᠷ ᠪᠠᠶᠢᠵᠦ ᠭᠤᠷᠪᠠᠨ ᠮᠤᠲ᠋ᠤᠷ ᠡᠯᠡᠭᠡᠭᠰᠡᠨ ᠨᠢ ᠦᠯᠢᠭᠡᠷ ᠤᠨ ᠰᠢᠭ ᠶᠠᠪᠤᠳᠠᠯ ᠪᠤᠯᠵᠠᠢ᠃ ᠤᠷᠠᠨᠪᠢᠯᠢᠭ᠌᠄《 ᠤᠶᠢᠷ᠎ᠠ ᠶᠢᠨ ᠵᠢᠯ ᠤᠳ ᠲᠤ ᠠᠶᠢᠯ ᠤᠳ ᠪᠦᠷ ᠮᠠᠰᠢᠨ ᠲᠡᠷᠭᠡ ᠲᠠᠢ ᠪᠤᠯᠤᠬᠰᠡᠨ ᠪᠤᠯᠬᠤᠷ ᠵᠠᠷᠢᠮ ᠨᠢ ᠳᠤᠰᠤᠨ᠎ᠠ᠂ ᠵᠠᠷᠢᠮ ᠳᠤ ᠪᠠᠨ ᠮᠠᠨ ᠤ ᠨᠦᠬᠦᠷ ᠪᠤᠶᠤ ᠬᠦᠦ ᠬᠦᠷᠭᠡᠨ᠎ᠠ᠂ ᠤᠤᠯ ᠠᠴᠠ ᠪᠠᠨ ᠬᠤᠯᠠ ᠳᠦᠭᠦᠮ ᠪᠤᠯᠤᠬᠰᠡᠨ᠃ ᠮᠤᠲ᠋ᠤᠷ ᠢᠶᠠᠷ ᠶᠠᠪᠤᠵᠦ ᠪᠠᠶᠢᠬᠤ ᠳᠤ ᠡᠪᠦᠯ ᠬᠠᠪᠤᠷ ᠤᠨ ᠴᠠᠰᠦ ᠰᠢᠭᠤᠷᠭᠠᠨ ᠲᠠᠢ ᠡᠳᠦᠷ ᠪᠤᠯ ᠭᠡᠴᠡᠭᠦᠦ ᠪᠠᠶᠢᠳᠠᠭ ᠶᠤᠮ 》 ᠭᠡᠳ ᠨᠢᠭᠡ ᠤᠳᠠᠭᠠᠨ ᠤ ᠰᠢᠭᠤᠷᠭᠠᠨ ᠳᠤᠮᠳᠠᠭᠤᠷ ᠡᠮ ᠶᠡᠭᠦᠯᠡᠬᠦ ᠪᠠᠷ ᠶᠠᠪᠤᠬᠰᠡᠨ ᠵᠤᠭᠤᠭ ᠢᠶᠠᠨ ᠶᠠᠷᠢᠯ᠎ᠠ᠃ ᠨᠢᠭᠡ ᠬᠠᠪᠤᠷ ᠤᠷᠠᠨᠪᠢᠯᠢᠭ᠌ ᠤᠨ ᠭᠡᠷ ᠠᠴᠠ ᠬᠤᠶᠢᠨ᠎ᠠ ᠪᠠᠶᠢᠳᠠᠭ ᠨᠠᠶᠠ ᠭᠠᠷᠤᠬᠰᠡᠨ ᠳᠤᠯᠮ᠎ᠠ ᠨᠠᠰᠤᠲᠠᠨ ᠳᠤ  ᠳᠤᠯᠤᠭᠠᠨ ᠡᠳᠦᠷ ᠤᠨ ᠡᠮ  ᠶᠡᠭᠦᠯᠡᠬᠦ ᠪᠤᠯᠤᠬᠰᠡᠨ ᠠᠴᠠ ᠡᠳᠦᠷ ᠡᠳᠦᠷ ᠭᠡᠷ  ᠎ ᠲᠤ ᠨᠢ ᠤᠴᠢᠬᠤ  ᠬᠡᠷᠡᠭᠲᠠᠢ ᠲᠠᠢ ᠪᠤᠯᠵᠠᠢ᠃ ᠨᠢᠭᠡ ᠡᠳᠦᠷ ᠲᠡᠭᠦᠨ ᠤ ᠨᠦᠬᠦᠷ ᠨᠢ ᠮᠠᠯ ᠤᠨ ᠬᠢᠵᠢᠭ ᠤᠨ ᠲᠠᠷᠢᠯᠭ᠎ᠠ ᠬᠢᠬᠦ ᠪᠠᠷ ᠶᠠᠪᠤᠵᠦ᠂ ᠬᠦᠦ ᠨᠢ ᠪᠠᠰᠠ ᠰᠤᠷᠭᠠᠭᠤᠯᠢ ᠎ ᠳᠠᠭᠠᠨ ᠪᠠᠶᠢᠬᠰᠡᠨ ᠳᠤᠯᠠ ᠲᠡᠷᠡ ᠮᠠᠯ ᠤᠨᠤᠭ᠎ᠠ ᠪᠠᠨ ᠡᠪᠡᠰᠦᠯᠡᠵᠦ  ᠣᠰᠤᠯᠠᠴᠢᠬᠠᠭᠠᠳ᠂ ᠦᠳᠡ ᠶᠢᠨ ᠴᠢᠯᠦᠭᠡᠨ ᠳᠤ  ᠳᠤᠯᠮ᠎ᠠ ᠨᠠᠰᠤᠲᠠᠨ ᠳᠤ ᠡᠮ  ᠶᠡᠭᠦᠯᠡᠬᠦ ᠪᠠᠷ ᠭᠠᠭᠴᠠᠭᠠᠷ  ᠮᠤᠲ᠋ᠤᠷ ᠲᠠᠢ ᠶᠠᠪᠤᠯ᠎ᠠ᠃ ᠬᠠᠪᠤᠷ ᠤᠨ ᠡᠳᠦᠷ ᠤᠨ ᠲᠡᠭᠷᠢ ᠬᠠᠭᠠᠰ ᠲᠠᠢ ᠬᠤᠭᠤᠰ ᠲᠠᠢ ᠭᠡᠳᠡᠭ ᠢᠶᠠᠷ᠂ ᠲᠡᠭᠦᠨ ᠢ ᠭᠡᠷ ᠠᠴᠠ ᠪᠠᠨ ᠭᠠᠷᠬᠤ ᠳᠤ ᠪᠠᠭ᠎ᠠ ᠰᠠᠭ᠎ᠠ ᠴᠠᠰᠦ ᠬᠠᠶᠠᠯᠠᠵᠦ ᠪᠠᠶᠢᠬᠰᠡᠨ ᠢᠶᠠᠨ ᠬᠠᠭᠠᠰ ᠵᠠᠮ ᠬᠦᠷᠬᠦ ᠳᠤ ᠴᠠᠰᠦ ᠰᠢᠭᠤᠷᠭ᠎ᠠ ᠶᠡᠬᠡᠳᠦᠭᠡᠳ ᠨᠢᠳᠦ ᠨᠢᠭᠤᠷ ᠦᠭᠡᠢ ᠭᠤᠶᠠᠳᠠᠯᠠᠨ᠂ ᠵᠠᠮ ᠴᠤ ᠦᠵᠡᠭᠳᠡᠬᠦ ᠪᠠᠨ ᠪᠤᠯᠢᠯ᠎ᠠ᠃ ᠢᠩᠭᠢᠭᠡᠳ ᠠᠷᠭ᠎ᠠ ᠪᠤᠰᠤ ᠵᠠᠮ ᠤᠨ ᠬᠠᠵᠠᠭᠤ ᠳᠤ ᠵᠤᠬᠰᠤᠵᠦ ᠪᠠᠶᠢᠬᠰᠡᠨ ᠳᠤ ᠨᠤᠲᠤᠭ ᠤᠨ  ᠨᠢᠭᠡ ᠳᠡᠭᠦᠨᠡᠷ ᠮᠠᠰᠢᠨ ᠲᠡᠷᠭᠡ ᠲᠠᠢ ᠭᠠᠷᠬᠤ ᠲᠠᠭᠠᠷᠠᠭᠠᠳ ᠮᠠᠰᠢᠨ ᠳᠡᠭᠡᠷ᠎ᠡ ᠨᠢ ᠶᠠᠪᠤᠵᠦ ᠨᠠᠰᠤᠲᠠᠨ ᠳᠤ ᠡᠮ  ᠶᠡᠭᠦᠯᠡᠵᠦ ᠦᠭᠪᠡ᠃ ᠬᠤᠷᠢᠭᠠᠳ ᠵᠢᠯ ᠤᠨ ᠳᠤᠷᠰᠢ ᠡᠶᠢᠮᠦᠷᠬᠦᠦ ᠶᠠᠪᠤᠳᠠᠯ ᠤᠯᠠᠨ ᠳᠤᠬᠢᠶᠠᠯᠳᠤᠵᠦ ᠪᠠᠶᠢᠵᠠᠢ᠃     ᠪᠤᠰᠤᠳ ᠢ ᠳᠤᠰᠠᠯᠠᠳᠠᠭ ᠡᠨᠡᠷᠢᠩᠭᠦᠢ ᠴᠠᠶᠢᠯᠭᠠᠨ ᠰᠡᠳᠬᠢᠯ       ᠡᠮᠴᠢ ᠬᠦᠮᠦᠨ ᠵᠢᠷᠭᠠᠯ ᠤᠨ ᠡᠵᠢ ᠭᠡᠳᠡᠭ ᠢᠶᠠᠷ᠂ ᠤᠷᠠᠨᠪᠢᠯᠢᠭ᠌ ᠶᠡᠷᠦᠳᠡᠭᠡᠨ ᠦᠷᠦ ᠵᠦᠭᠡᠯᠡᠨ᠂ ᠰᠠᠨᠠᠭ᠎ᠠ ᠴᠠᠶᠢᠯᠭᠠᠨ ᠬᠦᠮᠦᠨ᠃ ᠮᠠᠯᠴᠢᠳ ᠤᠨ ᠢᠶᠠᠨ ᠡᠷᠡᠭᠦᠯ ᠮᠡᠨᠳᠦ ᠶᠢᠨ ᠲᠦᠯᠦᠭᠡ ᠬᠤᠶᠢᠰᠢ ᠦᠭᠡᠢ ᠵᠢᠳᠭᠦᠳᠡᠭ ᠢᠶᠠᠷ ᠪᠠᠷᠠᠬᠤ ᠦᠭᠡᠢ᠂ ᠠᠶᠢᠯ ᠰᠠᠭᠠᠬᠠᠯᠲᠠ ᠶᠢᠨ ᠬᠦᠴᠢᠷᠳᠡᠵᠦ ᠲᠡᠪᠡᠳᠡᠭᠰᠡᠨ ᠨᠢᠭᠡᠨ ᠎ ᠳᠤ ᠪᠠᠨ ᠴᠦ ᠬᠠᠶᠢᠷ᠎ᠠ ᠶᠢᠨ ᠬᠠᠯᠠᠭᠤᠨ ᠭᠠᠷ ᠢᠶᠠᠨ  ᠰᠣᠩᠭᠠᠵᠤ ᠬᠠᠷᠠᠮ ᠦᠭᠡᠢ ᠳᠡᠮᠵᠢᠯᠭᠡ ᠦᠵᠡᠭᠦᠯᠳᠡᠭ᠃ 2010 ᠤᠨ ᠠᠴᠠ ᠲᠡᠷᠡ ᠭᠠᠴᠠᠭᠠᠨ ᠤ ᠪᠠᠨ  ᠶᠠᠳᠠᠭᠤ ᠬᠦᠴᠢᠷᠳᠡᠯᠲᠡᠢ ᠡᠷᠦᠬᠡ ᠡᠦ ᠶᠦᠩ ᠵᠧᠩ ᠤᠨ ᠬᠢ ᠶᠢ ᠳᠠᠭᠠᠭᠠᠴᠢᠯᠠᠵᠦ᠂ ᠲᠡᠳᠡᠨ ᠤ ᠰᠠᠭᠤᠬᠤ ᠭᠡᠷ ᠦᠭᠡᠢ ᠪᠠᠶᠢᠬᠤ ᠶᠢ ᠮᠡᠳᠡᠭᠡᠳ᠂ ᠦᠪᠡᠷ ᠤᠨ ᠢᠯᠡᠭᠦᠦ ᠭᠡᠷ ᠲᠡᠭᠡᠨ ᠦᠨ᠎ᠡ ᠲᠦᠯᠦᠪᠦᠷᠢ ᠦᠭᠡᠢ ᠰᠠᠭᠤᠯᠭᠠᠵᠦ  ᠂ ᠪᠠᠰᠠ ᠭᠤᠷᠪᠠᠨ ᠳᠤᠨ ᠨᠡᠭᠦᠷᠡᠰᠦ ᠬᠤᠳᠠᠯᠳᠤᠨ ᠠᠪᠴᠦ ᠦᠭᠴᠡᠢ᠃ 2012 ᠤᠨ ᠠᠴᠠ ᠲᠡᠷᠡ ᠭᠠᠴᠠᠭᠠᠨ ᠤ ᠪᠠᠨ ᠶᠠᠳᠠᠭᠤ ᠡᠷᠦᠬᠡ ᠠᠯᠲᠠ ᠳᠤ ᠬᠤᠶᠠᠷ ᠵᠢᠯ ᠳᠠᠷᠠᠭᠠᠯᠠᠨ ᠵᠢᠯ ᠤᠨ ᠲᠠᠪᠤᠨ ᠬᠤᠨᠢ ᠠᠪᠴᠦ ᠦᠭᠭᠦᠭᠡᠳ᠂ ᠶᠠᠳᠠᠭᠤ ᠠᠴᠠ ᠠᠩᠭᠢᠵᠢᠷᠠᠬᠤ  ᠎ ᠳᠤ ᠨᠢ ᠶᠡᠬᠡᠬᠡᠨ ᠳᠤᠰᠠ ᠪᠤᠯᠪᠠ᠃ ᠤᠳᠤ ᠡᠦ ᠶᠦᠩ ᠵᠧᠩ  ᠰᠢᠯᠢ ᠎ ᠶᠢᠨ ᠬᠤᠳᠠ ᠶᠢᠨ ᠠᠴᠢᠯᠠᠯ ᠨᠠᠰᠤᠲᠠᠨ ᠢ ᠠᠰᠠᠷᠠᠬᠤ ᠬᠦᠷᠢᠶᠡᠯᠡᠩ ᠳᠤ ᠦᠲᠡᠯᠦᠭᠡ ᠨᠠᠰᠦ ᠪᠠᠨ ᠠᠮᠤᠷ ᠵᠢᠷᠭᠠᠯᠲᠠᠢ ᠦᠩᠭᠡᠷᠡᠭᠦᠯᠵᠦ᠂ ᠠᠯᠲᠠ ᠴᠦ ᠶᠠᠳᠠᠭᠤ ᠠᠴᠠ ᠠᠩᠭᠢᠵᠢᠷᠠᠵᠦ ᠠᠮᠢᠳᠤᠷᠠᠯ ᠨᠢ ᠳᠡᠭᠵᠢᠷᠡᠭᠰᠡᠨ ᠪᠠᠶᠢᠨ᠎ᠠ᠃ ᠤᠷᠠᠨᠪᠢᠯᠢᠭ᠌ ᠶᠠᠳᠠᠭᠤ ᠬᠦᠴᠢᠷᠳᠡᠯᠲᠡᠢ ᠠᠷᠠᠳ ᠢᠶᠠᠨ ᠢᠩᠭᠢᠵᠦ ᠳᠡᠮᠵᠢᠳᠡᠭ ᠢᠶᠠᠷ ᠪᠠᠷᠠᠬᠤ ᠦᠭᠡᠢ᠂ ᠦᠨᠦᠴᠢᠨ ᠦᠷᠦᠭᠡᠰᠦᠨ ᠢ ᠴᠦ ᠡᠨᠡᠷᠢᠨ ᠳᠤᠰᠠᠯᠠᠳᠠᠭ᠃ ᠲᠡᠳᠡᠨ ᠤ ᠵᠡᠷᠭᠡᠯᠡᠳᠡᠭᠡ ᠭᠠᠴᠠᠭᠠᠨ ᠤ ᠨᠢᠭᠡ ᠲᠠᠨᠢᠯ ᠳᠡᠭᠦᠨᠡᠷ ᠤᠨ ᠬᠢᠨᠢ ᠭᠡᠷᠭᠡᠢ ᠨᠢ ᠪᠤᠬᠢᠨᠢᠳᠤᠬᠤ ᠡᠪᠡᠳᠴᠢᠨ ᠢᠶᠠᠷ ᠪᠡᠶ᠎ᠡ ᠪᠠᠨ ᠬᠤᠤᠷᠯᠠᠵᠦ᠂ ᠨᠦᠬᠦᠷ ᠨᠢ ᠦᠨᠳᠦᠷ ᠳᠤᠮᠳᠠᠳᠦ ᠳᠤ ᠪᠠᠶᠢᠭ᠎ᠠ ᠦᠬᠢᠨ ᠪᠤᠯᠤᠨ ᠪᠠᠭ᠎ᠠ ᠰᠤᠷᠭᠠᠭᠤᠯᠢ ᠶᠢᠨ ᠬᠤᠶᠠᠳᠤᠭᠠᠷ ᠤᠨ ᠳᠤ ᠰᠤᠷᠤᠯᠴᠠᠵᠦ ᠪᠠᠶᠢᠭ᠎ᠠ ᠬᠦᠦ ᠲᠠᠢ ᠪᠠᠨ ᠦᠯᠡᠳᠡᠵᠡᠢ᠃ ᠡᠨᠡ ᠤᠴᠢᠷ ᠭᠠᠷᠤᠬᠰᠡᠨ ᠤ ᠳᠠᠷᠠᠭ᠎ᠠ  ᠂ ᠲᠡᠷᠡ ᠨᠦᠬᠦᠷ ᠲᠠᠢ ᠪᠠᠨ ᠬᠤᠶᠠᠭᠤᠯᠠ ᠡᠨᠡ ᠠᠶᠢᠯ ᠤᠨ ᠲᠦᠯᠦᠭᠡ᠂ ᠦᠨᠦᠴᠢᠨ ᠬᠤᠶᠠᠷ ᠬᠡᠤᠬᠡᠳ ᠤᠨ ᠬᠢᠨᠢ ᠲᠦᠯᠦᠭᠡ ᠲᠤᠩ ᠵᠤᠪᠠᠵᠦ ᠰᠠᠨᠳᠤᠷᠴᠠᠢ᠃ ᠡᠨᠡ ᠳᠤᠬᠠᠢ ᠪᠠᠨ ᠲᠡᠷᠡ᠄《 ᠰᠤᠷᠭᠠᠭᠤᠯᠢ ᠳᠤ ᠪᠠᠶᠢᠭ᠎ᠠ ᠦᠨᠦᠴᠢᠨ ᠦᠷᠦᠭᠡᠰᠦᠨ ᠬᠤᠶᠠᠷ ᠬᠡᠤᠬᠡᠳ ᠨᠢ ᠭᠡᠴᠡᠭᠦᠦ ᠪᠠᠶᠢᠨ᠎ᠠ ᠰᠢᠲᠡ᠂ ᠭᠠᠩᠲᠡᠮᠤᠷ ᠮᠠᠨ ᠤ ᠬᠤᠶᠠᠷ ᠡᠭᠦᠨ ᠤ ᠲᠦᠯᠦᠭᠡ ᠶᠡᠭᠡ ᠵᠤᠪᠠᠵᠦ᠂ ᠵᠦᠪᠳᠡᠵᠦ ᠪᠠᠶᠢᠭᠠᠳ ᠨᠢᠳᠤᠨᠤᠨ ᠤ 3 ᠰᠠᠷ᠎ᠠ ᠠᠴᠠ ᠦᠬᠢᠨ  ᠎ ᠳᠤ ᠨᠢ ᠨᠢᠭᠡ ᠪᠠᠩᠭᠢ ᠶᠢᠨ ᠺᠠᠷᠲ ᠪᠡᠯᠡᠳᠴᠦ ᠦᠭᠭᠦᠭᠡᠳ ᠰᠠᠷ᠎ᠠ ᠪᠤᠯᠭᠠᠨ ᠬᠤᠶᠠᠷ ᠵᠠᠭᠤᠨ ᠲᠦᠭᠦᠷᠢᠭ ᠦᠭᠴᠦ ᠪᠠᠶᠢᠨ᠎ᠠ᠂  ᠬᠡᠤᠬᠡᠨ ᠦᠬᠢᠨ ᠬᠦᠮᠦᠨ ᠶᠤᠮ ᠴᠢᠨᠢ ᠪᠠᠭ᠎ᠠ ᠰᠠᠭ᠎ᠠ ᠰᠤᠷᠤᠯᠭ᠎ᠠ ᠠᠮᠢᠳᠤᠷᠠᠯ ᠤᠨ ᠬᠡᠷᠡᠭᠰᠡᠯ ᠢᠶᠠᠨ ᠴᠦ ᠠᠪᠤᠭ ᠳ᠋ᠠ᠂ ᠰᠤᠷᠤᠯᠭ᠎ᠠ  ᠎ ᠳᠤ ᠨᠢ ᠪᠠᠭ᠎ᠠ ᠴᠦ ᠭᠡᠰᠡᠨ ᠳᠤᠰᠠ ᠪᠤᠯᠪᠠᠯ ᠵᠦᠭᠡᠷ ᠶᠤᠮ 》 ᠭᠡᠵᠦ ᠦᠷᠦ ᠡᠪᠡᠳᠦᠨ ᠶᠠᠷᠢᠵᠦ ᠪᠠᠶᠢᠯ᠎ᠠ᠃     ᠳᠤᠯᠮ᠎ᠠ ᠨᠠᠰᠤᠲᠠᠨ ᠳᠤ ᠪᠠᠰᠠ ᠮᠡᠳᠡᠷᠡᠯ ᠤᠨ ᠡᠪᠡᠳᠴᠢᠨ ᠲᠠᠢ ᠬᠤᠶᠠᠷ ᠬᠡᠤᠬᠡᠳ ᠪᠠᠶᠢᠵᠦ᠂ ᠡᠪᠡᠳᠴᠢᠨ ᠨᠢ ᠬᠦᠳᠡᠯᠪᠡᠯ ᠠᠪᠤ ᠡᠵᠢ  ᠎ ᠪᠠᠨ ᠴᠤᠬᠢᠵᠦ ᠵᠤᠳᠤᠬᠤ᠂ ᠭᠠᠷᠴᠦ ᠭᠦᠶᠦᠭᠡᠳ ᠶᠠᠭᠤᠮ᠎ᠠ  ᠰᠠᠮᠠᠭᠤᠷᠠᠭᠤᠯᠵᠤ᠂ ᠬᠦᠮᠦᠨ ᠠᠶᠤᠯᠭᠠᠬᠤ ᠵᠡᠷᠭᠡ ᠢᠯᠡᠷᠡᠯ ᠲᠠᠢ ᠪᠠᠶᠢᠳᠠᠭ᠃ ᠨᠢᠭᠡ ᠤᠳᠠᠭ᠎ᠠ ᠬᠦᠦ ᠲᠡᠮᠦᠷ ᠨᠢ ᠭᠠᠷᠴᠦ ᠭᠦᠶᠦᠴᠢᠭᠡᠭᠡᠳ ᠡᠷᠢᠵᠦ ᠤᠯᠬᠤ ᠦᠭᠡᠢ ᠰᠠᠨᠳᠤᠷᠴᠦ ᠤᠷᠠᠨᠪᠢᠯᠢᠭ᠌ ᠲᠤ ᠤᠲᠠᠰᠦ ᠢᠷᠡᠵᠡᠢ᠃ ᠲᠡᠷᠡ ᠨᠦᠬᠦᠷ ᠲᠠᠢ ᠪᠠᠨ ᠬᠤᠶᠠᠭᠤᠯᠠ ᠳᠠᠷᠤᠶᠢᠬᠠᠨ ᠬᠦᠷᠴᠦ᠂ ᠬᠠᠮᠵᠢᠵᠦ ᠡᠷᠢᠵᠦ ᠤᠯᠵᠦ ᠦᠭᠭᠦᠭᠡᠳ ᠲᠡᠳᠡᠨ  ᠎ ᠳᠤ᠄《ᠬᠦᠦ ᠪᠠᠨ ᠮᠡᠳᠡᠷᠡᠯ ᠤᠨ ᠡᠪᠡᠳᠴᠢᠲᠡᠨ ᠤ ᠡᠮᠨᠡᠯᠭᠡ ᠶᠢᠨ ᠬᠤᠷᠢᠶᠠᠨ ᠳᠤ ᠬᠦᠷᠭᠡᠪᠡᠯ ᠳᠡᠭᠡᠷ᠎ᠡ᠂ ᠦᠭᠡᠢ ᠪᠤᠯ ᠡᠪᠡᠳᠴᠢᠨ ᠨᠢ ᠬᠦᠳᠡᠯᠵᠦ ᠭᠠᠷᠴᠦ ᠭᠦᠶᠦᠭᠡᠳ ᠭᠠᠭᠴᠠ ᠬᠤᠶᠠᠷ  ᠬᠦᠮᠦᠨ ᠲᠠᠢ ᠠᠶᠢᠯ ᠳᠤ ᠬᠦᠷᠴᠦ᠂ ᠬᠦᠮᠦᠨ ᠢ ᠠᠶᠤᠯᠭᠠᠵᠦ ᠰᠤᠴᠢᠭᠠᠬᠤ ᠪᠤᠶᠤ ᠲᠠᠮᠠᠬᠢ ᠳᠠᠲᠠᠭᠠᠳ ᠲᠦᠢᠮᠡᠷ ᠲᠠᠯᠪᠢᠴᠢᠬᠠᠪᠠᠯ ᠭᠡᠨᠡᠨ ᠰᠢᠳᠡ᠂ ᠡᠮᠨᠡᠯᠭᠡ ᠳᠤ ᠬᠦᠷᠭᠡᠴᠢᠬᠡᠪᠡᠯ ᠲᠠᠨᠠᠷ ᠲᠤ ᠪᠠᠰᠠ ᠠᠮᠠᠷ  ᠪᠢᠰᠢ ᠦᠦ 》 ᠭᠡᠵᠦ ᠵᠦᠪᠯᠡᠪᠡ᠃ ᠭᠡᠪᠡᠴᠦ ᠲᠡᠳᠡᠨ ᠤ ᠬᠦᠦ ᠪᠠᠨ ᠡᠮᠨᠡᠯᠭᠡ ᠳᠤ ᠬᠦᠷᠭᠡᠬᠦ ᠶᠢ ᠪᠤᠳᠤᠪᠠᠴᠦ ᠪᠠᠰᠠ ᠵᠤᠭᠤᠰ ᠮᠦᠩᠭᠦᠨ ᠤ ᠬᠦᠷᠦᠯᠴᠡᠭᠡ ᠮᠠᠭᠤ ᠲᠠᠢ ᠪᠠᠶᠢᠬᠰᠡᠨ ᠢ ᠤᠯᠵᠦ ᠮᠡᠳᠡᠭᠡᠳ᠂ ᠨᠦᠬᠦᠷ ᠲᠠᠢ ᠪᠠᠨ ᠬᠤᠶᠠᠭᠤᠯᠠ ᠤᠷᠢᠳᠠᠪᠠᠷ  ᠬᠤᠶᠠᠷ ᠮᠢᠩᠭᠠᠨ ᠲᠦᠭᠦᠷᠢᠭ ᠵᠢᠭᠡᠯᠡᠵᠦ ᠦᠭᠭᠦᠭᠡᠳ ᠡᠵᠢ ᠲᠠᠢ ᠨᠢ ᠬᠠᠮᠵᠢᠵᠦ ᠲᠡᠷᠭᠡ ᠤᠨᠤᠭ᠎ᠠ ᠤᠯᠵᠦ ᠲᠡᠮᠦᠷ ᠢ ᠡᠮᠨᠡᠯᠭᠡ ᠶᠢᠨ ᠬᠤᠷᠢᠶᠠᠨ ᠳᠤ ᠬᠦᠷᠭᠡᠵᠦ ᠦᠭᠴᠡᠢ᠃ ᠤᠷᠠᠨᠪᠢᠯᠢᠭ᠌ ᠨᠦᠬᠦᠷ ᠲᠠᠢ ᠪᠠᠨ ᠬᠤᠶᠠᠭᠤᠯᠠ ᠶᠤᠰᠤᠲᠠᠢ ᠨᠢᠭᠡ ᠪᠤᠰᠤᠳ ᠢ ᠬᠠᠪᠰᠤᠷᠬᠤ  ᠎ ᠪᠠᠷ  ᠵᠢᠷᠭᠠᠯ  ᠢᠶᠠᠨ  ᠪᠤᠯᠭᠠᠳᠠᠭ  ᠤᠯᠤᠰ  ᠳ᠋ᠠ᠃ ᠲᠡᠷᠡ᠄《 ᠮᠠᠨ ᠤ ᠬᠤᠶᠠᠷ ᠪᠦᠷ ᠨᠠᠮ ᠤᠨ ᠭᠡᠰᠢᠭᠦᠨ᠂ ᠭᠠᠩᠲᠡᠮᠦᠷ ᠴᠡᠷᠢᠭ ᠤᠨ ᠠᠯᠪᠠ ᠬᠠᠭᠠᠵᠦ ᠪᠠᠶᠢᠬᠤ ᠎ ᠳᠤ ᠪᠠᠨ ᠨᠠᠮ ᠳᠤ ᠤᠷᠤᠬᠰᠡᠨ᠂ ᠪᠢᠳᠠ ᠨᠠᠮ ᠤᠨ ᠭᠡᠰᠢᠭᠦᠨ ᠤ ᠬᠤᠰᠢᠭᠤᠴᠢ ᠵᠢᠱᠢᠶᠡᠴᠢ ᠶᠢᠨ ᠦᠢᠯᠡᠳᠦᠯ ᠢᠶᠠᠨ ᠪᠠᠳᠠᠷᠠᠭᠤᠯᠬᠤ ᠶᠤᠰᠤᠲᠠᠢ᠃ ᠮᠠᠨ ᠤ ᠬᠤᠶᠠᠷ ᠨᠠᠰᠤᠲᠠᠨ ᠢᠶᠠᠨ ᠬᠦᠨᠳᠦᠯᠡᠵᠦ ᠨᠢᠯᠬᠠᠰ ᠢᠶᠠᠨ ᠬᠠᠶᠢᠷᠠᠯᠠᠨ᠂ ᠪᠤᠰᠤᠳ ᠢ  ᠲᠣᠰᠠᠯᠠᠬᠤ ᠠᠵᠢᠯ ᠢ ᠦᠷᠭᠦᠯᠵᠢ ᠬᠢᠵᠦ᠂ ᠡᠨᠡ ᠲᠠᠯ᠎ᠠ ᠪᠠᠷ ᠶᠡᠷᠦᠨᠢ ᠰᠠᠨᠠᠭ᠎ᠠ ᠨᠢᠭᠡᠳᠴᠦ ᠪᠠᠶᠢᠳᠠᠭ ᠶᠤᠮ 》ᠭᠡᠯ᠎ᠡ᠃     ᠲᠡᠷᠡ ᠨᠠᠮ ᠤᠨ ᠭᠡᠰᠢᠭᠦᠨ᠂ ᠭᠠᠴᠠᠭᠠᠨ ᠤ ᠪᠠᠨ ᠡᠮᠴᠢ᠂ ᠭᠠᠴᠠᠭᠠᠨ ᠤ ᠬᠤᠶᠠᠷ ᠵᠦᠪᠯᠡᠯ ᠤᠨ ᠭᠡᠰᠢᠭᠦᠨ᠂ ᠨᠠᠮ ᠤᠨ ᠡᠭᠦᠷ ᠤᠨ ᠤᠬᠠᠭᠤᠯᠬᠤ ᠭᠡᠰᠢᠭᠦᠨ ᠵᠡᠷᠭᠡ ᠤᠯᠠᠨ ᠡᠭᠦᠷᠭᠡ ᠳᠤᠰᠢᠶᠠᠯ ᠲᠠᠢ ᠬᠡᠵᠢᠶᠡᠳᠡ  ᠶᠠᠭᠠᠷᠠᠵᠦ᠂ ᠠᠵᠢᠯ ᠡᠭᠦᠷᠭᠡ ᠶᠡᠬᠡᠲᠡᠢ ᠳᠠᠪᠬᠢᠵᠦ ᠶᠠᠪᠤᠳᠠᠭ ᠬᠦᠮᠦᠨ ᠶᠤᠮ ᠪᠠᠶᠢᠨ᠎ᠠ᠃ ᠤᠷᠠᠨᠪᠢᠯᠢᠭ᠌ ᠡᠳᠦᠷᠵᠢᠨ ᠢᠩᠭᠢᠵᠦ ᠪᠤᠭᠤᠨᠢ ᠵᠢᠯᠤᠭᠤ ᠪᠤᠰᠤᠭ᠎ᠠ ᠳᠦᠷᠦᠭᠡ ᠪᠠᠷ ᠶᠠᠭᠠᠷᠠᠵᠦ ᠶᠠᠪᠤᠳᠠᠭ ᠢᠶᠠᠨ᠄《 ᠪᠢ ᠴᠢᠨᠢ ᠭᠠᠴᠠᠭᠠᠨ ᠤ ᠵᠦᠪᠯᠡᠯ ᠎ ᠳᠤ ᠪᠠᠨ ᠠᠬᠠᠮᠠᠳ ᠬᠦᠮᠦᠨ᠂ ᠮᠦᠨ ᠡᠮᠴᠢ ᠶᠢᠨ ᠠᠵᠢᠯ ᠬᠢᠵᠦ ᠪᠠᠶᠢᠭ᠎ᠠ ᠪᠤᠯᠬᠤᠷ  ᠮᠠᠯᠴᠢᠳ  ᠎ ᠲᠠᠢ  ᠎ ᠪᠠᠨ  ᠪᠠᠶᠢᠩᠭᠤ  ᠬᠠᠷᠢᠯᠴᠠᠵᠦ᠂ ᠪᠠᠶᠢᠳᠠᠯ ᠢ ᠨᠢ ᠰᠠᠶᠢᠨ ᠤᠶᠢᠯᠠᠭᠠᠨ᠎ᠠ᠂ ᠡᠶᠢᠮᠦ ᠠᠴᠠ ᠠᠵᠢᠯ ᠢᠶᠠᠨ ᠦᠷᠨᠢᠭᠦᠯᠬᠦ ᠳᠤ ᠠᠮᠠᠷ᠃ ᠮᠢᠨᠤ ᠬᠢᠵᠦ ᠪᠠᠶᠢᠭ᠎ᠠ ᠡᠮᠨᠡᠯᠭᠡ ᠶᠢᠨ ᠠᠵᠢᠯ ᠢ ᠳᠡᠭᠡᠷ᠎ᠡ ᠱᠠᠲᠤᠨ ᠠᠴᠠ ᠶᠡᠭᠡ ᠳᠡᠮᠵᠢᠵᠦ᠂ ᠮᠠᠨ ᠤ ᠭᠠᠳᠠᠭ᠎ᠠ ᠵᠢᠷᠠᠨ ᠬᠠᠪᠲᠠᠭᠠᠢ ᠳᠦᠷᠪᠡᠯᠵᠢᠨ ᠮᠧᠲᠷ ᠤᠨ ᠡᠮᠴᠢᠯᠡᠭᠡ ᠶᠢᠨ ᠳᠠᠰᠤᠭ ᠪᠠᠷᠢᠵᠦ ᠦᠭᠭᠦᠭᠰᠡᠨ ᠪᠤᠯᠬᠤᠷ  ᠤᠤᠯ ᠢᠶᠠᠨ ᠪᠤᠳᠤᠪᠠᠯ ᠶᠡᠭᠡ ᠳᠦᠭᠦᠮ ᠪᠤᠯᠵᠠᠢ᠃ ᠡᠩ ᠤᠨ ᠦᠶ᠎ᠡ  ᠎ ᠳᠤ ᠪᠠᠨ ᠡᠮᠨᠡᠯᠭᠡ ᠶᠢᠨ ᠠᠵᠢᠯ ᠢᠶᠠᠨ ᠠᠮᠵᠢᠭᠤᠯᠵᠦ᠂ ᠬᠤᠪᠢᠨ ᠤ ᠮᠠᠯ ᠮᠠᠯᠵᠢᠯ ᠤᠨ ᠠᠵᠢᠯ ᠢᠶᠠᠨ ᠴᠦ ᠰᠠᠭᠠᠲᠠᠭᠠᠬᠤ ᠦᠭᠡᠢ 》ᠭᠡᠵᠦ ᠠᠷᠠᠳ ᠤᠯᠠᠨ ᠤ ᠪᠠᠨ ᠲᠦᠯᠦᠭᠡ ᠶᠠᠭᠠᠷᠠᠯᠲᠠᠢ ᠵᠢᠳᠭᠦᠵᠦ ᠶᠠᠪᠤᠳᠠᠭ ᠠᠵᠢᠯ ᠢᠶᠠᠨ ᠳᠦᠭᠦᠮᠬᠡᠨ ᠲᠠᠶᠢᠯᠪᠦᠷᠢᠯᠠᠯ᠎ᠠ᠃     ᠲᠡᠶᠢᠮᠦ ᠡ᠂ ᠤᠷᠠᠨᠪᠢᠯᠢᠭ᠌ ᠬᠤᠷᠢᠭᠠᠳ ᠵᠢᠯ ᠤᠨ ᠳᠤᠷᠰᠢ ᠡᠮᠴᠢ ᠶᠢᠨ ᠠᠵᠢᠯ᠂ ᠭᠠᠴᠠᠭᠠᠨ ᠤ ᠠᠵᠢᠯ ᠎ ᠳᠤ ᠪᠠᠨ ᠢᠩᠭᠢᠵᠦ ᠯᠠ ᠡᠭᠡᠯ  ᠳᠠᠷᠤᠤᠬᠠᠨ ᠵᠠᠩ ᠢᠶᠠᠷ ᠢᠶᠠᠨ ᠴᠤᠴᠠᠯᠲᠠ ᠦᠭᠡᠢ ᠵᠢᠳᠭᠦᠵᠦ᠂ ᠮᠠᠯᠴᠢᠨ ᠲᠦᠮᠡᠨ ᠎ ᠳᠤ ᠪᠠᠨ ᠭᠤᠶᠠᠴᠢ ᠦᠭᠡᠢ ᠦᠢᠯᠡᠴᠢᠯᠡᠭᠰᠡᠭᠡᠷ ᠢᠷᠡᠭᠰᠡᠨ ᠶᠤᠮ᠃
 
ᠢᠷᠡᠯᠲᠡ᠄ ᠲᠦᠪ ᠲᠧᠯᠸᠢᠰ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号