ᠳᠠᠯ᠎ᠠ ᠶᠢᠨ ᠬᠤᠪᠤᠷ ᠴᠢᠯᠠᠭᠤᠳ ᠢᠶᠠᠨ ᠳᠠᠶᠠᠭᠠᠷ ᠲᠤ ᠭᠠᠶᠢᠬᠠᠭᠤᠯᠤᠬᠰᠠᠨ ᠮᠦᠽᠸᠢ
ᠨᠡᠶᠢᠲᠡᠯᠡᠭᠰᠡᠨ ᠴᠠᠭ᠄
2016/7/16
      — ︽ᠪᠤᠳᠠᠷ ᠮᠢᠬᠠᠨ ᠴᠢᠯᠠᠭᠤᠨ ᠤ ᠤᠷᠠᠯᠢᠭ ᠤᠨ ᠮᠦᠽᠸᠢ︾᠎ ᠪᠠᠷ ᠲᠤᠭᠤᠷᠢᠨ ᠰᠤᠷᠪᠤᠯᠵᠢᠯᠠᠭᠠᠤᠨ    ᠰᠤᠷᠪᠤᠯᠵᠢᠯᠠᠬᠴᠢ ᠬᠠᠳᠠ 6 ᠳ᠋ᠤᠭᠠᠷ ᠰᠠᠷ᠎ᠠ ᠶᠢᠨ 29᠎ ᠤ ᠡᠳᠤᠷ ᠪᠤᠯᠤᠬᠰᠠᠨ ᠪᠦᠭᠦ ᠤᠷᠤᠨ ᠤ ᠠᠩᠬᠠᠳᠤᠭᠠᠷ ᠤᠳᠠᠭᠠᠨ ᠤ ᠰᠤᠶᠤᠯ ᠤᠨ ᠠᠵᠤ  ᠦᠢᠯᠡᠰ ᠤᠨ ᠳᠡᠯᠭᠡᠨ ᠦᠵᠡᠭᠦᠯᠦᠯᠭᠡ ᠳᠡᠭᠡᠷ᠎ᠡ ᠮᠠᠠ ᠤ ᠠᠶᠢᠮᠠᠭ ᠤᠨ ︽ᠪᠤᠳᠠᠷ ᠮᠢᠬᠠᠨ ᠴᠢᠯᠠᠭᠤᠠ ᠤ ᠤᠷᠠᠯᠢᠭ ᠤᠨ  ᠮᠦᠽᠸᠢ︾᠎ ᠶᠢᠨ ᠬᠢᠨ ᠨᠢ ᠳᠤᠯᠤᠨ ᠨᠤᠤᠷ ᠠᠴᠠ ᠤᠯᠳᠠᠬᠰᠠᠨ ︽ᠭᠦᠭᠡ ᠮᠤᠩᠭᠤᠯ︾ ᠭᠡᠳᠡᠭ ᠮᠠᠨᠤ ᠴᠢᠯᠠᠭᠤ ᠪᠤᠯᠤᠨ  ᠰᠦᠨᠢᠳ ᠤᠨ ᠳᠠᠯ᠎ᠠ ᠨᠤᠳᠤᠭ ᠠᠴᠠ ᠤᠯᠳᠠᠬᠰᠠᠨ ︽ᠦᠯᠵᠠᠢ ᠪᠡᠯᠭᠡᠳᠤ ᠳᠤᠬᠤᠢ ᠴᠢᠯᠠᠭᠤ︾᠎ ᠪᠠᠨ ᠳᠡᠯᠭᠡᠨ  ᠦᠵᠡᠭᠦᠯᠵᠤ ᠳᠤᠰᠬᠠᠢ ᠮᠡᠷᠭᠡᠵᠢᠯᠳᠡᠨ ᠤ ᠦᠨᠳᠦᠷ ᠦᠨᠡᠯᠡᠯᠳᠡ ᠶᠢ ᠤᠯᠤᠬᠰᠠᠨ ᠶᠤᠮ᠃ ᠰᠤᠷᠪᠤᠯᠵᠢᠯᠠᠬᠴᠢ ᠲᠠᠯ᠎ᠡ ᠶᠢᠨ  ᠬᠤᠪᠤᠷ ᠴᠢᠯᠠᠭᠤᠤᠠ ᠢᠶᠠᠨ ᠲᠠᠶᠠᠭᠠᠷ ᠲᠤ ᠭᠠᠶᠢᠬᠠᠭᠤᠯᠤᠭᠰᠠᠠ ︽ᠪᠤᠳᠠᠷ ᠮᠢᠬᠠᠨ ᠴᠢᠯᠠᠭᠤᠨ ᠤ ᠤᠷᠠᠯᠢᠭ ᠤᠨ ᠮᠦᠽᠸᠢ  ︾᠎ ᠪᠠᠷ ᠲᠤᠭᠤᠷᠢᠡ ᠭᠦᠷᠴᠤ᠂ ᠰᠤᠷᠪᠤᠯᠵᠢᠯᠠᠭ᠎ᠠ ᠠᠪᠴᠤ ᠪᠢᠯᠡ᠃      ︽ᠪᠤᠳᠠᠷ ᠮᠢᠬᠠᠨ ᠴᠢᠯᠠᠭᠤᠨ ᠤ ᠤᠷᠠᠯᠢᠭ ᠤᠨ ᠮᠦᠽᠸᠢ︾᠎ ᠨᠢ ᠪᠠᠶᠢᠰᠠ ᠶᠢᠨ ᠰᠦᠮ᠎ᠡ ᠶᠢᠨ ᠳᠡᠷᠭᠡᠳᠡᠭᠢ  ᠦᠨᠳᠦᠰᠦᠳᠡᠨ ᠤ ᠤᠨᠴᠠᠯᠢᠬᠳᠤ ᠵᠡᠭᠡᠯᠢ ᠳᠤ ᠪᠠᠶᠢᠷᠢᠯᠠᠵᠤ ᠪᠠᠶᠢᠭ᠎ᠠ ᠶᠤᠮ᠃ 528.6 ᠬᠠᠪᠳᠠᠭᠠᠢ ᠲᠦᠷᠪᠡᠯᠵᠢᠨ  ᠳᠠᠯᠠᠪᠠᠢ ᠲᠠᠢ ᠬᠤᠶᠠᠷ ᠳᠠᠪᠬᠤᠷᠯᠢᠭ ᠠᠰᠠᠷ ᠤᠨ ᠬᠤᠶᠠᠳᠤᠭᠠᠷ ᠳᠠᠪᠬᠤᠷᠯᠢᠭ ᠳᠡᠭᠡᠷ᠎ᠡ ᠨᠢ ᠭᠠᠷᠪᠠᠯ ᠳᠠᠯ᠎ᠠ ᠶᠢᠨ  ᠦᠷᠦᠴᠡᠨ ᠠᠴᠠ ᠤᠯᠳᠠᠬᠰᠠᠨ ᠬᠤᠪᠤᠷ ᠴᠤᠬᠠᠭ ᠴᠢᠯᠠᠭᠤᠳ ᠬᠠᠷᠠᠴᠠ ᠶᠢ ᠡᠷᠭᠡ ᠦᠭᠡᠢ ᠪᠤᠯᠢᠶᠡᠵᠤ᠂ ᠬᠠᠴᠢᠨ  ᠴᠢᠯᠠᠭᠤᠨ ᠤ ᠭᠠᠶᠢᠬᠠᠮᠰᠢᠬ ᠡᠷᠭᠡ ᠦᠭᠡᠢ ᠪᠢᠰᠢᠷᠡᠯ ᠲᠦᠷᠦᠭᠳᠡᠭᠦᠯᠦᠨ᠎ᠡ᠃ ︽ᠪᠤᠳᠠᠷ ᠮᠢᠬᠠᠨ ᠴᠢᠯᠠᠭᠤᠨ ᠤ  ᠤᠷᠠᠯᠢᠭ ᠤᠨ ᠮᠦᠽᠸᠢ︾᠎ ᠶᠢ 2015 ᠤᠨ ᠤ 6 ᠳ᠋ᠤᠭᠠᠷ ᠰᠠᠷ᠎ᠠ ᠳᠤ ᠡᠤ ᠰᠢᠩ᠂ ᠰᠢᠩ ᠢᠤ ᠪᠢᠨ᠂ ᠯᠢ ᠶᠢᠨ  ᠴᠢᠤᠸᠠᠨ ᠵᠡᠷᠭᠡ ᠭᠤᠷᠪᠠᠨ ᠵᠠᠯᠠᠭᠤ ᠬᠤᠷᠰᠢᠵᠤ ᠪᠠᠶᠢᠭᠤᠯᠤᠬᠰᠡᠨ ᠶᠤᠮ᠃ ᠳᠤᠰ ᠮᠦᠽᠸᠢ ᠨᠢ ᠰᠤᠳᠤᠯᠤᠨ ᠰᠢᠨᠵᠢᠯᠡᠭᠦ  ᠂ ᠨᠡᠭᠡᠭᠡᠨ ᠭᠦᠭᠵᠢᠭᠦᠯᠭᠦ᠂ ᠪᠤᠯᠪᠠᠰᠤᠷᠠᠭᠤᠯᠬᠤ᠂ ᠳᠡᠯᠭᠡᠨ ᠦᠵᠡᠭᠦᠯᠭᠦ ᠶᠢ ᠨᠢᠭᠡ ᠴᠤᠬᠴᠠᠵᠢᠭᠤᠯᠤᠬᠰᠠᠨ ᠪᠠᠶᠢᠳᠠᠭ᠃  ︽ᠤᠤᠯ ᠨᠢ ᠪᠢᠳᠡ ᠭᠤᠤᠯᠳᠠᠭᠤ ᠴᠢᠯᠠᠭᠤ ᠲᠡᠭᠦᠭᠦ᠂ ᠴᠢᠯᠠᠭᠤ ᠪᠠᠷ ᠭᠠᠷ ᠤᠷᠠᠯᠠᠯ ᠤᠨ ᠪᠦᠳᠦᠭᠡᠭᠳᠡᠭᠦᠨ ᠭᠢᠭᠦ ᠵᠡᠷᠭᠡ  ᠠᠵᠢᠯ ᠢ ᠭᠢᠵᠤ ᠪᠠᠶᠢᠬᠰᠠᠨ᠃ ᠰᠡᠭᠦᠯ ᠳᠤᠨᠢ ᠬᠠᠴᠢᠨ ᠴᠢᠯᠠᠭᠤᠨ ᠤ ᠰᠤᠶᠤᠯ ᠢ ᠳᠡᠯᠭᠡᠷᠡᠭᠦᠯᠭᠦ᠂ ᠭᠦᠮᠦᠰ ᠤᠨ ᠬᠠᠴᠢᠨ  ᠴᠢᠯᠠᠭᠤᠨ ᠤ ᠳᠤᠬᠠᠢ ᠮᠡᠳᠡᠯᠭᠡ ᠶᠢ ᠨᠡᠮᠡᠭᠳᠡᠭᠦᠯᠭᠦ ᠵᠢᠴᠢ ᠳᠠᠯ᠎ᠠ ᠨᠤᠳᠤᠭ ᠤᠨ ᠬᠠᠴᠢᠨ ᠴᠢᠯᠠᠭᠤᠨ ᠤ ᠰᠤᠶᠤᠯ ᠢ  ᠭᠠᠳᠠᠬᠰᠢ ᠤᠬᠠᠭᠤᠯᠬᠤ ᠡᠭᠦᠳᠡᠨ ᠠᠴᠠ ᠳᠡᠯᠭᠡᠨ ᠦᠵᠡᠭᠦᠯᠦᠯᠭᠡ ᠶᠢᠨ ᠲᠢᠩᠭᠢᠮ ᠭᠠᠷᠭᠠᠵᠤ᠂ ᠤᠢᠢᠷ᠎ᠠ ᠶᠢᠨ ᠵᠢᠯ ᠳᠠᠯ᠎ᠠ  ᠨᠤᠳᠤᠭ ᠠᠴᠠ ᠤᠯᠳᠠᠬᠰᠠᠨ ᠬᠠᠴᠢᠨ ᠴᠢᠯᠠᠭᠤ ᠪᠠᠨ ᠲᠦᠷᠦᠯ ᠠᠩᠭᠢᠯᠠᠨ ᠳᠡᠯᠭᠡᠨ ᠦᠵᠡᠭᠦᠯᠵᠤ ᠪᠠᠶᠢᠨ᠎ᠠ︾ ᠭᠡᠵᠤ ᠡᠦ  ᠰᠢᠩ ᠮᠠᠨ ᠳᠤ ᠶᠠᠷᠢᠯ᠎ᠠ᠃ ᠳᠤᠰ ᠮᠦᠽᠸᠢ ᠨᠢ ᠦᠪᠡᠷ ᠤᠨ ᠬᠠᠴᠢᠨ ᠴᠢᠯᠠᠭᠤᠳ ᠢᠶᠠᠨ ᠳᠡᠯᠭᠡᠨ ᠦᠵᠡᠭᠦᠯᠭᠦ ᠶᠢᠨ  ᠬᠠᠮᠳᠤ ᠬᠠᠴᠢᠨ ᠴᠢᠯᠠᠭᠤᠨ ᠤ ᠤᠷᠠᠯᠢᠭ ᠤᠨ ᠦᠷᠳᠡᠭ᠂ ᠠᠵᠤ ᠠᠬᠤᠢ ᠶᠢᠨ ᠦᠷᠳᠡᠭ᠂ ᠰᠤᠨᠢᠷᠬᠠᠯᠳᠤ ᠦᠷᠳᠡᠭ  ᠵᠢᠴᠢ ᠬᠤᠷᠢᠶᠠᠨ ᠬᠠᠳᠠᠭᠠᠯᠠᠬᠤ ᠦᠨ᠎ᠡ ᠦᠷᠳᠡᠭ ᠵᠡᠷᠭᠡ ᠳᠠᠯ᠎ᠠ ᠶᠢᠨ ᠵᠠᠳᠠᠯᠤᠯᠳᠠ ᠭᠢᠵᠤ ᠭᠦᠮᠦᠰ ᠲᠤ ᠬᠠᠴᠢᠨ  ᠴᠢᠯᠠᠭᠤᠨ ᠤ ᠳᠤᠬᠠᠢ ᠮᠡᠳᠡᠯᠭᠡ ᠶᠢ ᠤᠯᠠᠮᠵᠢᠯᠠᠳᠠᠭ᠃ ᠬᠠᠴᠢᠨ ᠴᠢᠯᠠᠭᠤᠨ ᠤ ᠳᠡᠯᠭᠡᠨ ᠦᠵᠡᠭᠦᠯᠦᠯᠭᠡ ᠶᠢᠨ  ᠲᠢᠩᠭᠢᠮ ᠳᠡᠭᠡᠨ ᠭᠦᠳᠡᠭᠡ ᠭᠡᠭᠡᠷ᠎ᠡ ᠠᠴᠠ ᠳᠡᠭᠦᠭᠰᠡᠨ ᠴᠢᠯᠠᠭᠤᠳ ᠢᠶᠠᠨ ︽ᠭᠤᠷᠪᠠᠨ ᠡᠷᠡᠨ ᠤ ᠬᠤᠭᠤᠯᠠ︾᠂ ︽ ᠦᠨᠦᠷ ᠠᠮᠳᠠᠳᠤ ᠮᠢᠬᠠᠨ ᠢᠳᠡᠭᠡᠨ︾᠂ ︽ᠰᠦᠨᠢᠳ ᠨᠤᠳᠤᠭ ᠤᠨ ᠮᠢᠬᠠᠨ ᠴᠢᠯᠠᠭᠤ︾ ᠁ ᠭᠡᠭᠦᠴᠢᠯᠡᠨ 10  ᠶᠡᠭᠡ ᠲᠦᠷᠦᠯ ᠳᠤ ᠠᠩᠭᠢᠯᠠᠨ ᠳᠠᠯᠪᠢᠬᠰᠠᠨ ᠨᠢ ᠭᠦᠮᠦᠰ ᠤᠨ ᠠᠩᠬᠠᠷᠤᠯ ᠢ ᠶᠡᠭᠡᠳᠡ ᠳᠠᠳᠠᠵᠤ᠂ ᠳᠠᠭᠢᠶᠠᠨ ᠭᠦᠯ᠂  ᠪᠠᠩᠰᠢ᠂ ᠳᠠᠪᠤᠰᠤᠯᠠᠬᠰᠠᠨ ᠮᠢᠬ᠎ᠠ᠂ ᠰᠢᠷᠠᠬᠰᠠᠨ ᠮᠢᠬ᠎ᠠ᠂ ᠳᠤᠰᠤᠨ ᠳᠤ ᠰᠢᠷᠭᠠᠭᠠᠬᠰᠠᠨ ᠮᠢᠬ᠎ᠠ᠂ ᠦᠭᠡᠷ ᠤᠨ ᠵᠢᠷᠤᠭᠡ  ᠂ ᠭᠠᠭ᠋ᠠᠢ ᠶᠢᠨ ᠴᠢᠭᠢ᠂ ᠭᠠᠭ᠋ᠠᠢ ᠶᠢᠨ ᠰᠢᠭᠢᠷ᠎ᠠ ᠁ ᠵᠡᠷᠭᠡ ᠵᠦᠢᠯ ᠵᠦᠢᠯ ᠤᠨ ᠭᠡᠯᠪᠡᠷᠢ ᠶᠠᠩᠵᠤ ᠲᠠᠢ  ᠴᠢᠯᠠᠭᠤᠳ ᠨᠢ ᠶᠠᠭ ᠯᠡ ᠦᠨᠡᠨ ᠰᠢᠭ ᠪᠠᠶᠢᠳᠠᠭ ᠪᠤᠯᠬᠤᠷ ᠳᠤᠭᠤᠷᠢᠨ ᠦᠵᠡᠭᠴᠢᠳ ︽ᠡᠨᠡ ᠴᠢᠯᠠᠭᠤᠳ  ᠶᠠᠭᠠᠭᠢᠭᠠᠳ ᠡᠶᠢᠮᠤ ᠭᠡᠯᠪᠡᠷᠢ ᠲᠠᠢ ᠪᠤᠯᠵᠤ ᠪᠦᠳᠦᠭᠰᠡᠨ ᠪᠤᠢ︖ ᠦᠨᠡᠭᠡᠷ ᠰᠤᠨᠢᠨ︾ ᠭᠡᠮᠡᠨ ᠭᠠᠶᠢᠬᠠᠨ ᠰᠤᠨᠢᠷᠬᠠᠳᠠᠭ  ᠶᠤᠮ᠃ ᠳᠡᠭᠦᠨ ᠤ ᠡᠨᠡ ᠮᠦᠽᠸᠢ ᠳᠤ ᠳᠡᠯᠭᠡᠨ ᠦᠵᠡᠭᠦᠯᠵᠤ ᠪᠠᠶᠢᠭ᠎ᠠ ᠬᠠᠴᠢᠨ ᠴᠢᠯᠠᠭᠤ 528 ᠭᠡᠰᠡᠭ ᠪᠠᠶᠢᠳᠠᠭ᠃    ︽ᠪᠤᠳᠠᠷ ᠮᠢᠬᠠᠨ ᠴᠢᠯᠠᠭᠤᠨ ᠤ ᠤᠷᠠᠯᠢᠭ ᠤᠨ ᠮᠦᠽᠸᠢ︾᠎ ᠨᠢ ᠬᠠᠴᠢᠨ ᠴᠢᠯᠠᠭᠤ ᠪᠠᠨ ᠲᠦᠷᠦᠯ ᠠᠩᠭᠢᠯᠠᠨ  ᠤᠯᠠᠨ ᠳᠤ ᠳᠡᠯᠭᠡᠨ ᠦᠵᠡᠭᠦᠯᠭᠦ ᠶᠢᠨ ᠬᠠᠮᠳᠤ ᠬᠠᠴᠢᠨ ᠴᠢᠯᠠᠭᠤ ᠰᠤᠨᠢᠷᠬᠠᠬᠤ ᠰᠤᠶᠤᠯ ᠤᠨ ᠳᠡᠯᠭᠡᠨ ᠦᠵᠡᠭᠦᠯᠦᠯᠭᠡ᠂  ᠬᠠᠴᠢᠨ ᠴᠢᠯᠠᠭᠤᠨ ᠤ ᠰᠤᠯᠢᠯᠴᠠᠭᠠᠨ ᠤ ᠬᠤᠷᠠᠯ᠂ ᠶᠠᠷᠢᠯᠴᠠᠬᠤ ᠬᠤᠷᠠᠯ᠂ ᠳᠤᠰᠬᠠᠢ ᠰᠡᠳᠦᠪᠳᠤ ᠬᠤᠷᠠᠯ᠂ ᠳᠤᠰᠬᠠᠢ  ᠮᠡᠷᠭᠡᠵᠢᠯᠳᠡᠨ ᠤ ᠰᠤᠳᠤᠯᠭᠠᠨ ᠤ ᠬᠤᠷᠠᠯ ᠵᠡᠷᠭᠡ ᠤᠯᠠᠨ ᠲᠦᠷᠦᠯ ᠤᠨ ᠤᠳᠬ᠎ᠠ ᠠᠭᠤᠯᠭ᠎ᠠ ᠲᠠᠢ ᠠᠵᠢᠯᠯᠠᠭ᠎ᠠ  ᠦᠷᠨᠢᠭᠦᠯᠵᠤ᠂ ᠮᠠᠨ ᠤ ᠠᠶᠢᠮᠠᠭ ᠤᠨ ᠬᠠᠴᠢᠨ ᠴᠢᠯᠠᠭᠤᠨ ᠤ ᠦᠢᠯᠡᠰ ᠤᠨ ᠭᠦᠭᠵᠢᠯᠳᠡ ᠳᠤ ᠮᠠᠰᠢ ᠶᠡᠭᠡ ᠬᠤᠪᠢ  ᠨᠡᠮᠡᠷᠢ ᠦᠵᠡᠭᠦᠯᠦᠭᠰᠡᠨ ᠶᠤᠮ᠃ 2015 ᠤᠨ ᠳᠤ ᠳᠤᠰ ᠮᠦᠽᠸᠢ ᠶᠢᠨ ︽ᠡᠭᠡ ᠶᠢᠨ ᠬᠠᠶᠢᠷ᠎ᠠ︾ ᠭᠡᠰᠡᠨ ᠬᠠᠴᠢᠨ  ᠴᠢᠯᠠᠭᠤ ᠨᠢ ᠠᠩᠬᠠᠳᠤᠭᠠᠷ ᠬᠤᠭᠤᠴᠠᠭᠠᠨ ᠤ ︽ᠳᠤᠮᠳᠠᠳᠤ ᠶᠢᠨ ᠨᠡᠷᠡᠳᠤ ᠴᠢᠯᠠᠭᠤ︾᠎ ᠶᠢᠨ ᠱᠠᠩᠨᠠᠯ ᠢ ᠳᠤᠰᠤᠬᠰᠠᠨ  ᠪᠡ ︽ᠦᠯᠵᠡᠢ ᠪᠡᠯᠭᠡᠳᠤ ᠳᠤᠬᠤᠢ ᠴᠢᠯᠠᠭᠤ︾᠎ ᠨᠢ ︽ᠲᠦᠷᠪᠡᠳᠦᠭᠡᠷ ᠬᠤᠭᠤᠴᠠᠭᠠᠨ ᠤ ᠳᠤᠮᠳᠠᠳᠤ ᠤᠯᠤᠰ ᠤᠨ  ᠨᠡᠷᠡᠳᠤ ᠬᠠᠴᠢᠨ ᠴᠢᠯᠠᠭᠤᠨ ᠤ ᠳᠡᠯᠭᠡᠨ ᠦᠵᠡᠭᠦᠯᠦᠯᠭᠡ︾ ᠳᠡᠭᠡᠷ᠎ᠡ ᠤᠨᠴᠠᠭᠠᠢ ᠳᠡᠰ ᠤᠨ ᠱᠠᠩᠨᠠᠯ ᠭᠦᠷᠳᠡᠭᠰᠡᠨ ᠨᠢ  ᠮᠠᠨ ᠤ ᠠᠶᠢᠮᠠᠭ᠂ ᠴᠢᠨᠠᠬᠰᠢᠯᠠᠪᠠᠯ ᠤᠷᠤᠨ ᠳᠠᠭᠠᠨ ᠢᠷᠠᠭᠤ ᠠᠯᠳᠠᠷ ᠠᠪᠴᠢᠷᠠᠬᠰᠠᠨ ᠪᠠᠶᠢᠨ᠎ᠠ᠃ ᠡᠨᠡ ᠵᠢᠯ ᠤᠨ 9  ᠳ᠋ᠤᠭᠡᠷ ᠰᠠᠷ᠎ᠠ ᠳᠤ ᠰᠢᠩᠭᠠᠫᠤᠷ ᠤᠯᠤᠰ ᠲᠤ ᠪᠤᠯᠬᠤ ᠭᠡᠵᠤ ᠪᠠᠶᠢᠭ᠎ᠠ ᠳᠡᠯᠡᠭᠡᠢ ᠶᠢᠨ ᠠᠩᠬᠠᠳᠤᠭᠠᠷ ᠬᠤᠭᠤᠴᠠᠭᠠᠨ ᠤ  ᠤᠭᠢ ᠰᠢᠯᠢᠳᠡᠭ ᠬᠠᠴᠢᠨ ᠴᠢᠯᠠᠭᠤᠨ ᠤ ᠦᠵᠡᠭᠦᠯᠦᠯᠭᠡ ᠳᠤ ︽ᠭᠦᠭᠡ ᠮᠤᠩᠭᠤᠯ︾ ᠭᠢᠭᠡᠤᠨ ︽ᠦᠯᠵᠠᠢ ᠪᠡᠯᠭᠡᠳᠤ  ᠳᠤᠬᠤᠢ ᠴᠢᠯᠠᠭᠤ︾ ᠬᠤᠶᠠᠷ ᠴᠢᠯᠠᠭᠤ ᠪᠠᠨ ᠳᠡᠯᠭᠡᠨ ᠦᠵᠡᠭᠦᠯᠭᠦ ᠪᠠᠷ ᠪᠠᠶᠢᠨ᠎ᠠ᠃ ᠢᠡᠭᠭᠢᠵᠤ ᠤᠯᠤᠰ ᠤᠷᠤᠨ  ᠴᠢᠨᠠᠬᠰᠢᠯᠠᠪᠠᠯ ᠳᠡᠯᠡᠭᠡᠢ ᠶᠢᠨ ᠬᠠᠴᠢᠨ ᠴᠢᠯᠠᠭᠤᠨ ᠤ ᠦᠵᠡᠭᠦᠯᠦᠯᠭᠡ ᠳᠡᠭᠡᠷ᠎ᠡ ᠦᠪᠡᠷ ᠤᠨ ᠬᠠᠴᠢᠨ ᠴᠢᠯᠠᠭᠤ ᠪᠠᠨ  ᠳᠡᠯᠭᠡᠨ ᠦᠵᠡᠭᠦᠯᠵᠤ ᠪᠠᠶᠢᠭ᠎ᠠ ᠨᠢ ᠨᠡᠩ ᠤᠯᠠᠨ ᠭᠦᠮᠦᠰ ᠲᠤ ᠰᠢᠯᠢ ᠨᠤᠳᠤᠭ ᠤᠨ ᠬᠠᠴᠢᠨ ᠴᠢᠯᠠᠭᠤᠨ ᠤ  ᠭᠠᠶᠢᠬᠠᠮᠰᠢᠬ ᠢ ᠬᠠᠷᠠᠭᠤᠯᠬᠤ᠂ ᠰᠢᠯᠢ ᠨᠤᠳᠤᠭ ᠤᠨ ᠬᠠᠴᠢᠨ ᠴᠢᠯᠠᠭᠤ ᠪᠠᠨ ᠨᠡᠩ ᠤᠯᠠᠨ ᠭᠦᠮᠦᠰ ᠲᠤ  ᠳᠠᠨᠢᠭᠤᠯᠬᠤ ᠶᠢᠨ ᠲᠦᠯᠦᠭᠡ ᠶᠤᠮ ᠭᠡᠳᠡᠭ ᠢ ᠪᠢ ᠳᠡᠭᠦᠨ ᠤ ᠶᠠᠷᠢᠶᠠᠨ ᠠᠴᠠ ᠤᠢᠢᠯᠠᠭᠠᠵᠤ ᠪᠢᠯᠡ᠃    ︽ᠪᠤᠳᠠᠷ ᠮᠢᠬᠠᠨ ᠴᠢᠯᠠᠭᠤᠨ ᠤ ᠤᠷᠠᠯᠢᠭ ᠤᠨ ᠮᠦᠽᠸᠢ︾᠎ ᠨᠢ ᠬᠠᠴᠢᠨ ᠴᠢᠯᠠᠭᠤ ᠶᠢ ᠲᠦᠷᠦᠯ ᠠᠩᠭᠢᠯᠠᠬᠤ  ᠠᠩᠬᠠᠨ ᠤ ᠵᠠᠮ ᠢ ᠨᠡᠭᠡᠭᠡᠭᠰᠡᠨ ᠪᠦᠭᠡᠳ ᠮᠠᠨ ᠤ ᠠᠶᠢᠮᠠᠭ ᠤᠨ ︽ᠴᠢᠯᠠᠭᠤ ᠰᠤᠨᠢᠷᠬᠠᠬᠤ ᠤᠷᠠᠯᠢᠭ︾ ᠭᠡᠳᠡᠭ ᠡᠨᠡᠭᠦ  ᠤᠯᠤᠰ ᠤᠨ ᠳᠡᠰ ᠤᠨ ᠪᠤᠳᠠᠰ ᠤᠨ ᠪᠤᠰᠤ ᠰᠤᠶᠤᠯ ᠤᠨ ᠦᠪ ᠲᠠᠬᠢ ᠬᠤᠭᠤᠰᠤᠨ‌ᠢ ᠨᠦᠭᠦᠪᠦᠷᠢᠯᠡᠭᠰᠡᠨ ᠪᠠᠶᠢᠨ᠎ᠠ᠃  ᠳᠤᠰ ᠮᠦᠽᠸᠢ ᠨᠢ ᠤᠳᠤ ᠰᠢᠯᠢ ᠶᠢᠨ ᠭᠤᠤᠯ ᠤᠨ ᠳᠠᠯ᠎ᠠ ᠨᠤᠳᠤᠭ ᠠᠴᠠ ᠤᠯᠳᠠᠬᠰᠠᠨ ᠬᠠᠴᠢᠨ ᠴᠢᠯᠠᠭᠤᠳ ᠢᠶᠠᠨ  ᠨᠡᠩ ᠦᠷᠭᠡᠨ ᠵᠠᠬ᠎ᠠ ᠳᠡᠯᠭᠡᠭᠦᠷ ᠲᠤ ᠭᠠᠷᠭᠠᠬᠤ᠂ ᠨᠡᠩ ᠳᠤᠮᠤ ᠭᠡᠪᠴᠢᠶᠡᠨ ᠤ ᠳᠡᠯᠭᠡᠨ ᠦᠵᠡᠭᠦᠯᠦᠯᠭᠡ ᠳᠤ  ᠤᠷᠤᠯᠴᠠᠭᠤᠯᠵᠤ᠂ ᠰᠢᠯᠢ ᠶᠢᠨ ᠭᠤᠤᠯ ᠤᠨ ᠮᠢᠬᠠᠨ ᠴᠢᠯᠠᠭᠤ ᠶᠢ ᠳᠡᠯᠡᠭᠡᠢ ᠲᠠᠶᠠᠭᠠᠷ ᠲᠤ ᠠᠯᠳᠠᠷᠰᠢᠭᠤᠯᠬᠤ ᠪᠠᠷ  ᠴᠢᠷᠮᠠᠶᠢᠵᠤ ᠶᠠᠪᠤᠨ᠎ᠠ᠃    
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠣᠶᠣᠯ ᠭᠠᠷᠠᠭ ᠤᠨ ᠬᠡᠪᠯᠡᠯ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号