ᠪᠠᠷᠠᠭᠤᠨ ᠦᠵᠦᠮᠦᠴᠢᠨ ᠬᠤᠰᠢᠭᠤᠨ ᠤ ︽ᠲᠡᠮᠤᠵᠢᠨ ᠨᠡᠷᠡᠮᠵᠢᠳᠦ︾ ᠤᠯᠠᠨ ᠤᠯᠤᠰ ᠤᠨ ᠤᠷᠤᠯᠳᠤᠭᠠᠨ  ᠠᠮᠵᠢᠯᠳᠠ ᠲᠠᠢ ᠦᠨᠳᠦᠷᠯᠡᠪᠡ
ᠨᠡᠶᠢᠲᠡᠯᠡᠭᠰᠡᠨ ᠴᠠᠭ᠄
2016/7/16
   ᠪᠠᠷᠠᠭᠤᠨ ᠦᠵᠦᠮᠦᠴᠢᠨ ᠬᠤᠰᠢᠭᠤᠨ ᠤ ᠲᠦᠷᠪᠡᠳᠦᠭᠡᠷ ᠬᠤᠭᠤᠴᠠᠭᠠᠨ ᠤ ︽ᠲᠤᠮᠳᠠᠳᠤ ᠤᠯᠤᠰ ᠤᠨ ᠴᠠᠭᠠᠨ  ᠠᠳᠤᠭᠤᠨ ᠤ ᠦᠯᠦᠭᠡᠢ︾ ᠰᠤᠶᠤᠯ ᠤᠨ ᠨᠠᠶᠢᠷ ᠵᠢᠴᠢ ︽ᠪᠠᠭ᠋ᠠᠷᠤᠮ᠎ᠠ ᠰᠠᠶᠢᠬᠠᠨ ᠪᠠᠷᠠᠭᠤᠨ ᠦᠵᠦᠮᠦᠴᠢᠨ︾ ᠲᠠᠯ᠎ᠠ  ᠨᠤᠳᠤᠭ ᠤᠨ ᠰᠤᠶᠤᠯ ᠵᠤᠭᠠᠴᠠᠯ ᠤᠨ ᠨᠠᠶᠢᠷ ᠤᠨ ᠰᠢᠷᠢᠰ ᠠᠵᠢᠯᠯᠠᠭᠠᠨ ᠤ 2016 ᠤᠨ ᠤ ︽ᠲᠡᠮᠤᠵᠢᠨ ᠨᠡᠷᠡᠮᠵᠢᠳᠦ  ︾ ᠤᠯᠠᠨ ᠤᠯᠤᠰ ᠤᠨ ᠲᠤᠭᠤᠢ ᠲᠡᠷᠭᠡᠨ ᠤ ᠭᠡᠭᠡᠷᠠᠯᠡᠨ ᠲᠠᠪᠭᠢᠭᠤᠯᠬᠤ ᠤᠷᠤᠯᠳᠤᠭᠠᠨ ᠪᠤᠯᠤᠨ ᠤᠯᠠᠨ ᠤᠯᠤᠰ ᠤᠨ  ᠲᠠᠯ᠎ᠠ ᠨᠤᠳᠤᠭ ᠤᠨ ᠮᠠᠷᠠᠽᠤᠨ ᠤᠷᠤᠯᠳᠤᠭᠠᠨ 7 ᠳ᠋ᠣᠭᠠᠷ ᠰᠠᠷ᠎ᠠ ᠶᠢᠨ 1᠎ ᠠᠴᠠ 3᠎ ᠤ ᠡᠳᠦᠷ ᠪᠤᠯᠳᠠᠯ᠎ᠠ ᠶᠠᠪᠤᠬᠳᠠᠯ᠎ᠠ᠃      ᠡᠨᠡ ᠤᠳᠠᠭᠠᠨ ᠤ ᠤᠷᠤᠯᠳᠤᠭᠠᠨ ᠳᠤ ᠠᠦ᠋ᠰᠳ᠋ᠷᠠᠯᠢᠶ᠎ᠠ᠂ ᠠᠮᠧᠷᠢᠺᠠ᠂ ᠠᠩᠭ᠍ᠯᠢ᠂ ᠠᠦ᠋ᠰᠳ᠋ᠷᠢᠶ᠎ᠠ᠂ ᠪᠧᠯᠭᠢ᠂ ᠰᠸᠧᠳᠧᠨ  ᠳ᠋ᠧᠨ᠋ᠮᠠᠷᠺ᠂ ᠺᠠᠨᠠᠳᠠ᠂ ᠢᠰᠫᠠᠨᠢ᠂ ᠹᠢᠯᠢᠫᠢᠨ᠂ ᠲᠤᠮᠳᠠᠳᠤ ᠤᠯᠤᠰ᠂ ᠮᠤᠩᠭᠤᠯ ᠣᠯᠣᠰ ᠪᠤᠯᠤᠨ ᠮᠠᠨ ᠤ ᠤᠯᠤᠰ ᠤᠨ  ᠰᠢᠶᠠᠩᠭᠠᠡᠭ᠂ ᠲᠠᠶᠢᠸᠠᠨ ᠵᠡᠷᠭᠡ 33 ᠤᠯᠤᠰ ᠤᠷᠤᠨ ᠤ 1860 ᠭᠠᠷᠤᠢ ᠲᠠᠮᠢᠷᠴᠢᠨ ᠤᠷᠤᠯᠴᠠᠭᠰᠠᠨ ᠪᠠᠶᠢᠨ᠎ᠠ᠃ ᠲᠤᠭᠤᠢ ᠲᠡᠷᠭᠡᠨ ᠤ ᠤᠷᠤᠯᠳᠤᠭᠠᠨ ᠨᠢ ᠦᠪᠦᠷ ᠮᠤᠩᠭᠤᠯ ᠤᠷᠤᠨ ᠤ ᠲᠤᠭᠤᠢ ᠲᠡᠷᠭᠡᠨ ᠤ ᠲᠤᠷ᠎ᠠ ᠪᠠᠭ᠋ᠠᠳᠠᠳ ᠤᠨ  ᠪᠠᠭ᠋ᠠᠷᠬᠠᠯ ᠢ ᠶᠠᠬᠡᠳᠡ ᠲᠠᠳᠠᠵᠥ᠂ ᠤᠯᠠᠭᠠᠠᠴᠠᠪ ᠬᠤᠳᠠ ᠶᠢᠨ ᠲᠦᠷᠪᠡᠳ ᠬᠤᠰᠢᠭᠤ᠂ ᠤᠯᠠᠭᠠᠠᠬᠠᠳᠠ ᠬᠤᠳᠠ ᠶᠢᠨ  ᠭᠡᠰᠢᠭᠳᠡᠨ ᠬᠤᠰᠢᠭᠤ᠂ ᠯᠢᠨᠰᠢ ᠰᠢᠶᠠᠨ᠂ ᠲᠦᠡᠭᠯᠢᠶᠤᠤ ᠬᠤᠳᠠ ᠶᠢᠨ ᠵᠠᠷᠤᠳ ᠬᠤᠰᠢᠭᠤ᠂ ᠭᠢᠨᠭ᠍ᠭᠠᠨ ᠠᠶᠢᠮᠠᠭ ᠤᠨ  ᠵᠠᠯᠠᠶᠢᠳ ᠬᠤᠰᠢᠭᠤ᠂ ᠰᠢᠯᠢ ᠶᠢᠨ ᠭᠤᠤᠯ ᠠᠶᠢᠮᠠᠭ ᠤᠨ ᠵᠡᠭᠦᠨ ᠦᠵᠦᠮᠦᠴᠢᠨ ᠬᠤᠰᠢᠭᠤ᠂ ᠪᠠᠷᠠᠭᠤᠨ ᠦᠵᠦᠮᠦᠴᠢᠨ  ᠬᠤᠰᠢᠭᠤ ᠵᠡᠷᠭᠡ ᠤᠯᠠᠨ ᠭᠠᠵᠠᠷ ᠤᠨ ᠲᠠᠮᠢᠷᠴᠢᠳ ᠲᠤᠩ ᠢᠳᠡᠪᠭᠢᠲᠠᠢ ᠤᠷᠤᠯᠴᠠᠵᠠᠢ᠃  
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠣᠶᠣᠯ ᠭᠠᠷᠠᠭ ᠤᠨ ᠬᠡᠪᠯᠡᠯ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号