ᠰᠢᠯᠤᠭᠤᠨ ᠬᠦᠪᠡᠭᠡᠲᠦ ᠴᠠᠭᠠᠨ ᠬᠤᠰᠢᠭᠤᠨ ᠤ ᠤᠯᠠᠭᠠᠨᠮᠦᠴᠢᠷ ᠨᠢ 1958 ᠤᠨ ᠳᠤ ᠪᠠᠶᠢᠭᠤᠯᠤᠭᠳᠠᠵᠤ᠂ | ᠠᠩᠬ᠎ᠠ ᠪᠠᠶᠢᠭᠤᠯᠤᠭᠳᠠᠬᠤ ᠳᠠᠭᠠᠨ ︽ᠤᠳᠬ᠎ᠠ ᠤᠷᠠᠯᠢᠭ ᠤᠬᠠᠭᠤᠯᠬᠤ ᠪᠦᠯᠬᠦᠮ ︾ ᠭᠡᠵᠦ ᠨᠡᠷᠡᠶᠢᠳᠴᠣ ᠂1963 | ᠤᠨ ᠳᠤ ᠵᠢᠩᠬᠢᠨᠢ ᠤᠯᠠᠭᠠᠨᠮᠦᠴᠢᠷ ᠭᠡᠵᠦ ᠨᠡᠷᠡᠯᠡᠭᠰᠡᠨ ᠪᠠᠶᠢᠨ᠎ᠠ᠃ ᠤᠳᠤ ᠪᠦᠯᠬᠦᠮ ᠨᠢ ᠵᠢᠩᠬᠢᠨᠢ ᠠᠵᠢᠯ ᠤᠨ ᠪᠠᠶᠢᠷᠢ | ᠳᠡᠭᠡᠷ᠎ᠡ 43 ᠠᠵᠢᠯᠳᠠᠨ ᠲᠠᠢ ᠪᠠᠶᠢᠵᠤ᠂ 2017 ᠤᠨ ᠳᠤ ᠰᠢᠨ᠎ᠡ ᠶᠡᠷᠣᠩᠭᠡᠶᠢᠯᠡᠭᠰᠡᠨ ᠪᠤᠯᠪᠠᠰᠤᠷᠠᠯ ᠤᠨ ᠭᠡᠷ | ᠪᠠᠶᠢᠭᠤᠯᠵᠤ᠂ ᠶᠡᠷᠦᠩᠬᠡᠶᠢᠯᠡᠭᠰᠡᠨ ᠪᠤᠯᠪᠠᠰᠤᠷᠠᠯ ᠤᠨ ᠦᠷᠦᠭᠡ ᠬᠤᠶᠠᠷ᠂ ᠪᠦᠵᠢᠭ ᠤᠨ ᠪᠤᠯᠪᠠᠰᠤᠷᠠᠯ ᠤᠨ ᠦᠷᠦᠭᠡ᠂ | ᠳᠠᠭᠤᠨ ᠤ ᠪᠤᠯᠪᠠᠰᠤᠷᠠᠯ ᠤᠨ ᠦᠷᠦᠭᠡ᠂ ᠬᠦᠭᠵᠢᠮ ᠤᠨ ᠪᠤᠯᠪᠠᠰᠤᠷᠠᠯ ᠤᠨ ᠦᠷᠦᠭᠡ᠂ ᠠᠯᠪᠠᠨ ᠭᠡᠷ᠂ ᠬᠤᠪᠴᠠᠰᠤ | ᠬᠤᠷᠢᠶᠠᠬᠤ ᠦᠷᠦᠭᠡ ᠵᠡᠷᠭᠡ ᠲᠠᠯᠠᠪᠠᠢ ᠨᠢ 2000 ᠲᠡᠭᠰᠢ ᠳᠦᠷᠪᠡᠯᠵᠢᠨ ᠮᠧᠲᠷ ᠂ ᠵᠦᠴᠦᠭᠡ ᠶᠢᠨ ᠲᠢᠶᠠᠲᠷ ᠤᠨ | ᠲᠠᠯᠠᠪᠠᠢ 640 ᠲᠡᠭᠰᠢ ᠳᠦᠷᠪᠡᠯᠵᠢᠨ ᠮᠧᠲᠷ ᠪᠠᠶᠢᠵᠤ 258 ᠬᠦᠮᠦᠨ ᠤ ᠰᠠᠭᠤᠳᠠᠯ ᠲᠠᠢ ᠪᠠᠶᠢᠳᠠᠭ ᠃ | ᠡᠨᠡ ᠬᠦ ᠲᠠᠯ᠎ᠠ ᠨᠤᠲᠤᠭ ᠤᠨ ᠬᠤᠪᠢᠰᠬᠠᠯᠲᠤ ᠤᠳᠬ᠎ᠠ ᠤᠷᠠᠯᠢᠭ ᠤᠨ ᠬᠦᠩᠭᠡᠨ ᠮᠤᠷᠢᠲᠤ ᠴᠡᠷᠢᠭ ᠬᠡᠮᠡᠬᠦ | ᠤᠷᠠᠯᠢᠭ ᠤᠨ ᠪᠦᠯᠬᠦᠮ ᠨᠢ᠂ ᠲᠤᠭᠯᠠᠬᠤ᠂ ᠤᠳᠤᠷᠢᠳᠬᠤ᠂ ᠤᠬᠠᠭᠤᠯᠬᠤ᠂ ᠵᠤᠬᠢᠶᠠᠨ ᠪᠦᠲᠦᠭᠡᠬᠦ ᠵᠡᠷᠭᠡ ᠤᠯᠠᠨ | ᠲᠠᠯ᠎ᠠ ᠶᠢ ᠨᠢᠭᠡᠳᠬᠡᠵᠦ᠂ ᠲᠠᠰᠤᠷᠠᠯᠲᠠ ᠦᠭᠡᠢ ᠰᠢᠨ᠎ᠡ ᠤᠷᠠᠨ ᠪᠦᠲᠦᠭᠡᠯ ᠭᠠᠷᠭᠠᠵᠤ᠂ ᠨᠤᠲᠤᠭ ᠤᠷᠤᠨ ᠤ | ᠤᠨᠴᠠᠯᠢᠭᠲᠤ ᠳᠠᠭᠤ ᠪᠦᠵᠢᠭ᠂ ᠵᠦᠴᠦᠭᠡ ᠵᠡᠷᠭᠡ ᠤᠯᠠᠨ ᠰᠠᠶᠢᠬᠠᠨ ᠰᠤᠳᠤᠨ ᠪᠦᠲᠦᠭᠡᠯ ᠢᠶᠠᠨ ᠠᠷᠠᠳ ᠲᠦᠮᠡᠨ ᠤ | ᠬᠢ ᠪᠠᠨ ᠳᠤᠮᠳᠠ ᠬᠦᠷᠭᠡᠵᠦ᠂ ᠠᠷᠠᠳ ᠲᠦᠮᠡᠨ ᠤ ᠬᠢ ᠪᠠᠨ ᠬᠠᠯᠠᠭᠤᠨ ᠬᠦᠷᠢᠶᠡᠯᠡᠯ ᠮᠠᠭᠲᠠᠭᠠᠯ ᠰᠠᠶᠢᠰᠢᠶᠠᠯ ᠢ | ᠤᠯᠤᠭᠰᠠᠨ ᠪᠠᠶᠢᠨ᠎ᠠ᠃ | ᠤᠯᠠᠭᠠᠨᠮᠦᠴᠢᠷ ᠨᠢ ᠪᠠᠶᠢᠭᠤᠯᠣᠭᠳᠠᠭᠰᠠᠨ ᠴᠠᠭ ᠠᠴᠠ ᠪᠠᠨ ᠤᠳᠤ ᠬᠦᠷᠲᠡᠯ᠎ᠡ᠂ ᠠᠷᠠᠳ ᠲᠦᠮᠡᠨ ᠤ ᠪᠠᠨ | ᠲᠣᠮᠳᠠ ᠬᠦᠨᠵᠡᠭᠡᠶᠢᠷᠡᠵᠣ᠂ ᠵᠤᠬᠢᠶᠠᠨ ᠪᠦᠲᠦᠭᠡᠬᠦ ᠲᠠᠯ᠎ᠠ ᠪᠠᠷ ᠠᠮᠵᠢᠯᠲᠠ ᠭᠠᠷᠭᠠᠵᠤ᠂ ᠤᠷᠤᠨ ᠠᠶᠢᠮᠠᠭ ᠤᠨ ᠤᠯᠠᠨ | ᠤᠳᠠᠭᠠᠨ ᠤ ᠤᠯᠠᠭᠠᠨᠮᠦᠴᠢᠷ ᠤᠨ ᠤᠷᠠᠯᠢᠭ ᠤᠨ ᠨᠠᠶᠢᠷ ᠲᠤ 20 ᠭᠠᠷᠤᠢ ᠤᠳᠠᠭᠠᠨ ᠤ ᠠᠶᠢᠮᠠᠭ ᠤᠨ ᠳᠡᠰ ᠤᠨ ᠱᠠᠩᠨᠠᠯ | ᠬᠦᠬᠢᠬᠦᠯᠦᠯ᠂ 8 ᠤᠳᠠᠭᠠᠨ ᠤ ᠤᠷᠤᠨ ᠤ ᠳᠡᠰ ᠤᠨ ᠱᠠᠩᠨᠠᠯ ᠬᠦᠬᠢᠬᠦᠯᠦᠯ᠂ 1ᠤᠳᠠᠭᠠᠨ ᠤ ᠤᠯᠤᠰ ᠤᠨ | ᠠᠷᠠᠳ ᠤᠨ ᠶᠠᠪᠤᠳᠠᠯ᠂ ᠰᠤᠶᠤᠯ ᠤᠨ ᠲᠤᠪᠴᠢᠶᠠᠨ ᠤ ᠬᠦᠬᠢᠬᠦᠯᠦᠯ ᠢ ᠬᠦᠷᠲᠡᠭᠰᠡᠨ ᠪᠠᠶᠢᠨ᠎ᠠ᠃ ᠳᠡᠭᠡᠷ᠎ᠡ ᠵᠠᠭᠤᠨ ᠤ | ᠨᠠᠶᠠᠭᠠᠳ ᠤᠨ ᠤ ᠡᠬᠢᠨ ᠳᠤ ᠮᠠᠨ ᠤ ᠤᠯᠠᠭᠠᠨᠮᠦᠴᠢᠷ ᠤᠨ ᠦᠪᠡᠷ ᠢᠶᠠᠨ ᠨᠠᠶᠢᠷᠠᠭᠤᠯᠵᠤ ᠵᠤᠬᠢᠶᠠᠨ ᠪᠦᠲᠦᠭᠡᠨ | ᠲᠤᠭᠯᠠᠭᠰᠠᠨ ︽ᠭᠠᠩᠲᠤᠯᠭ᠎ᠠ︾ ᠭᠡᠮᠡᠬᠦ ᠵᠦᠴᠦᠭᠡ ᠨᠢ ᠤᠷᠤᠨ ᠤ ᠵᠤᠬᠢᠶᠠᠨ ᠪᠦᠲᠦᠭᠡᠬᠦ ᠬᠠᠮᠤᠭ ᠲᠤᠮᠤ ᠱᠠᠩᠨᠠᠯ ︽ | ᠰᠠᠷᠠᠨ᠎ᠠ︾ ᠱᠠᠩᠨᠠᠯ ᠢ ᠲᠣᠰᠴᠠᠢ᠃ 1981ᠤᠨ ᠳᠤ ᠪᠦᠬᠦ ᠤᠷᠤᠨ ᠤ ᠤᠯᠠᠭᠠᠨᠮᠦᠴᠢᠷ ᠢ ᠲᠦᠯᠦᠭᠡᠯᠡᠵᠦ ᠪᠡᠭᠡᠵᠢᠩ᠂ | ᠬᠦᠬᠡᠬᠤᠲᠠ᠂ ᠵᠡᠭᠦᠨ ᠳᠦᠷᠪᠡᠨ ᠠᠶᠢᠮᠠᠭ ᠢᠶᠠᠷ 130 ᠭᠠᠷᠣᠢ ᠡᠳᠦᠷ ᠤᠨ ᠲᠤᠭᠤᠷᠢᠨ ᠲᠤᠭᠯᠠᠯᠲᠠ ᠬᠢᠵᠦ᠂ ᠤᠯᠤᠰ | ᠤᠷᠤᠨ ᠤ ᠡᠯ᠎ᠡ ᠬᠠᠮᠢᠶ᠎ᠠ ᠪᠦᠬᠦᠢ ᠪᠠᠶᠢᠭᠤᠯᠭ᠎ᠠ ᠨᠢᠭᠡᠴᠡ ᠶᠢᠨ ᠦᠨᠳᠦᠷ ᠦᠨᠡᠯᠡᠯᠲᠡ ᠶᠢ ᠣᠯᠪᠠ᠃ ᠮᠦᠨ ᠴᠤ | ᠪᠠᠶᠢᠭᠤᠯᠣᠭᠳᠠᠭᠰᠠᠨ ᠴᠠᠭ ᠠᠴᠠ ᠤᠳᠤ ᠬᠦᠷᠲᠡᠯ᠎ᠡ ᠨᠡᠶᠢᠲᠡ100 ᠭᠠᠷᠤᠢ ᠪᠦᠲᠦᠭᠡᠯ ᠨᠢ ᠱᠠᠩᠨᠠᠯ ᠲᠤᠰᠴᠤ᠂ ︽ | ᠭᠠᠩᠲᠤᠯᠭ᠎ᠠ︾᠂ ︽ᠲᠠᠯ᠎ᠠ ᠨᠤᠲᠤᠭ ᠤᠨ ᠡᠮᠡᠭᠲᠡᠢ ᠠᠷᠠᠳ ᠤᠨ ᠴᠡᠷᠢᠭ ︾ ᠂ ᠲᠠᠪᠤᠨ ᠲᠠᠯᠠᠪᠠᠢ ᠳᠠᠭᠤᠯᠠᠯᠲᠤ | ᠵᠦᠴᠦᠭᠡ ︽ᠴᠠᠬᠠᠷ ᠨᠠᠢᠮᠠᠨ ᠬᠤᠰᠢᠭᠤ︾᠂ ᠶᠠᠷᠢᠶᠠᠲᠤ ᠵᠦᠴᠦᠭᠡ ︽ᠵᠤᠰᠠᠭᠠᠯ ᠳᠡᠭᠡᠷ᠎ᠡ ︾᠂ ᠳᠠᠭᠤᠤ ᠪᠦᠵᠢᠭᠲᠦ | ᠵᠦᠴᠦᠭᠡ ︽ᠦᠷ ᠤᠨ ᠳᠤᠯᠤᠩ︾᠂ ︽ᠠᠰᠠᠷ︾᠂ ᠦᠪᠡᠷᠲᠡᠭᠡᠨ ᠵᠤᠬᠢᠶᠠᠨ ᠪᠦᠲᠦᠭᠡᠭᠰᠡᠨ ᠮᠤᠩᠭᠤᠯ ᠵᠦᠴᠦᠭᠡ ︽ | ᠠᠭᠠᠷᠴᠠᠨ ᠴᠢᠯᠠᠭᠤ︾ ᠵᠡᠷᠭᠡ ᠤᠯᠠᠨ ᠠᠷᠪᠢᠨ ᠰᠢᠯᠢᠳᠡᠭ ᠪᠦᠲᠦᠭᠡᠯ ᠨᠦᠭᠦᠳ ᠪᠤᠢ᠃ | ᠵᠦᠴᠦᠭᠡ ︽ᠮᠢᠩᠭᠠᠲᠤ ︾ ᠨᠢ ᠠᠷᠪᠠᠳᠤᠭᠠᠷ ᠤᠳᠠᠭᠠᠨ ᠤ ᠲᠠᠯ᠎ᠠ ᠨᠤᠲᠤᠭ ᠤᠨ ᠰᠤᠶᠤᠯ ᠤᠨ ᠨᠠᠶᠢᠷ ᠲᠤ | ᠰᠢᠯᠢᠳᠡᠭ ᠵᠤᠬᠢᠶᠠᠨ ᠪᠦᠲᠦᠭᠡᠭᠰᠡᠨ ᠱᠠᠩᠨᠠᠯ ᠪᠤᠯᠤᠨ ᠰᠢᠯᠢᠳᠡᠭ ᠵᠦᠴᠦᠭᠡ ᠶᠢᠨ ᠱᠠᠩᠨᠠᠯ ᠢ ᠲᠤᠰᠴᠤ᠂ 8 ᠰᠠᠷ᠎ᠠ ᠳᠤ | ᠰᠢᠯᠢ ᠶᠢᠨ ᠭᠤᠤᠯ ᠤᠨ ᠤᠯᠠᠭᠠᠨᠮᠦᠴᠢᠷ ᠤᠨ ᠨᠠᠶᠢᠷ ᠤᠨ ᠠᠩᠬᠠᠨ ᠤ ᠬᠦᠰᠢᠭᠡ ᠶᠢ ᠰᠡᠬᠦᠵᠦ᠂ ᠮᠦᠨᠴᠣ ᠵᠡᠭᠦᠨ | ᠳᠦᠷᠪᠡᠨ ᠠᠶᠢᠮᠠᠭ ᠢᠶᠠᠷ ᠲᠤᠭᠤᠷᠢᠨ ᠲᠤᠭᠯᠠᠯᠲᠠ ᠬᠢᠵᠦ ᠦᠵᠡᠭᠴᠢ ᠲᠦᠮᠡᠨ ᠤ ᠮᠠᠭᠲᠠᠭᠠᠯ ᠰᠠᠶᠢᠰᠢᠶᠠᠯ ᠢ ᠬᠦᠷᠳᠡᠵᠠᠢ᠃ | 2014 ᠤᠨ ᠤ 7 ᠰᠠᠷ᠎ᠠ ᠳᠤ ᠪᠦᠵᠢᠭᠲᠦ ᠵᠦᠴᠦᠭᠡ ︽ᠮᠢᠩᠭᠠᠲᠤ︾ ᠨᠢ ᠠᠷᠪᠠᠨ ᠬᠤᠶᠠᠳᠤᠭᠠᠷ ᠤᠳᠠᠭᠠᠨ ᠤ | ᠪᠦᠬᠦ ᠤᠷᠤᠨ ᠤ ︽ᠲᠠᠪᠦ ᠨᠢᠭᠡ ᠢᠨᠵᠧᠨᠧᠷᠢᠩ︾ ᠤᠨ ᠱᠠᠩᠨᠠᠯ ᠤᠨ ᠲᠣᠰᠣᠭᠰᠠᠨ ᠪᠠᠶᠢᠨ᠎ᠠ᠃ 2016 | ᠤᠨ ᠳᠤ ᠵᠤᠬᠢᠶᠠᠨ ᠪᠦᠲᠦᠭᠡᠭᠰᠡᠨ ︽ᠠᠮᠢᠳᠤᠷᠠᠯ ᠤᠨ ᠵᠠᠮ︾ ᠭᠡᠬᠦ ᠬᠤᠱᠤᠩ ᠵᠦᠴᠦᠭᠡ ᠨᠢ ᠪᠦᠬᠦ ᠤᠷᠤᠨ ᠤ | ᠠᠷᠪᠠᠨ ᠭᠤᠷᠪᠠᠳᠣᠭᠠᠷ ᠤᠳᠠᠭᠠᠨ ᠤ ᠲᠠᠯ᠎ᠠ ᠨᠤᠲᠤᠭ ᠤᠨ ᠰᠤᠶᠤᠯ ᠤᠨ ᠨᠠᠶᠢᠷ ᠲᠤ ᠰᠢᠯᠢᠳᠡᠭ ᠵᠦᠴᠦᠭᠡ ᠪᠠᠷ | ᠲᠤᠳᠤᠷᠠᠵᠤ᠂ ᠰᠢᠯᠢᠳᠡᠭ ᠲᠤᠭᠯᠠᠭᠴᠢ᠂ ᠰᠢᠯᠢᠳᠡᠭ ᠤᠳᠤᠷᠢᠳᠤᠭᠠᠴᠢ ᠶᠢᠨ ᠱᠠᠩᠨᠠᠯ ᠢ ᠲᠤᠰᠴᠠᠢ᠃ 2017 ᠤᠨ ᠳᠤ | ᠵᠦᠴᠦᠭᠡ ︽ᠬᠤᠩᠬᠤᠨ ᠬᠡᠯᠬᠢᠶ᠎ᠡ︾ ᠨᠢ ᠤᠷᠤᠨ ᠤ ᠳᠡᠰ ᠤᠨ ᠠᠩᠬᠠᠳᠤᠭᠠᠷ ᠤᠳᠠᠭᠠᠨ ᠤ ᠮᠤᠩᠭᠤᠯ ᠵᠦᠴᠦᠭᠡ᠂ | ᠬᠤᠱᠤᠩ ᠱᠤᠭ ᠤᠨ ᠦᠵᠡᠬᠦᠯᠦᠯᠭᠡ ᠳᠤ ᠤᠷᠤᠯᠴᠠᠵᠤ᠂ ᠰᠢᠯᠢᠳᠡᠭ ᠵᠦᠴᠦᠭᠡ ᠶᠢᠨ ᠱᠠᠩᠨᠠᠯ ᠢ ᠲᠤᠰᠤᠭᠰᠠᠨ ᠪᠠᠶᠢᠨ᠎ᠠ᠃ | 2017 ᠤᠨ ᠤ 11 ᠰᠠᠷ᠎ᠠ ᠶᠢᠨ 21 ᠳᠤ ᠶᠡᠷᠦᠩᠬᠡᠢ ᠱᠦᠵᠢ ᠰᠢ ᠵᠢᠩ ᠫᠢᠩ ᠰᠦᠨᠢᠳ ᠪᠠᠷᠠᠭᠤᠨ | ᠬᠤᠰᠢᠭᠤᠨ ᠤ ᠤᠯᠠᠭᠠᠨᠮᠦᠴᠢᠷ ᠲᠤ ᠬᠠᠷᠢᠭᠤ ᠵᠠᠬᠢᠳᠠᠯ ᠢᠯᠡᠭᠡᠵᠦ᠂ ᠤᠭ ᠰᠠᠨᠠᠭ᠎ᠠ ᠪᠠᠨ ᠦᠯᠦ ᠮᠠᠷᠲᠠᠨ᠂ ᠠᠷᠠᠳ | ᠲᠦᠮᠡᠨ ᠳᠤ ᠦᠢᠯᠡᠴᠢᠯᠡᠵᠦ᠂ ᠦᠨᠢ ᠡᠭᠦᠷᠢᠳᠡ ᠲᠠᠯ᠎ᠠ ᠨᠤᠲᠤᠭ ᠤᠨ ᠬᠤᠪᠢᠰᠬᠠᠯᠲᠤ ᠤᠳᠬ᠎ᠠ ᠤᠷᠠᠯᠢᠭ ᠤᠨ | ᠬᠦᠩᠭᠡᠨ ᠮᠤᠷᠢᠲᠤ ᠴᠡᠷᠢᠭ ᠬᠡᠮᠡᠬᠦ ᠢᠷᠠᠭᠤ ᠠᠯᠳᠠᠷ ᠢᠶᠠᠨ ᠡᠷᠭᠦᠨ ᠭᠠᠪᠰᠢᠭᠠᠶᠢᠯᠠᠬᠤ ᠶᠢ ᠨᠠᠶᠢᠳᠠᠭᠰᠠᠨ ᠪᠠᠶᠢᠨ᠎ᠠ᠂ | ᠡᠶᠢᠮᠦ ᠠᠴᠠ ᠮᠠᠨ ᠤ ᠤᠯᠠᠭᠠᠨᠮᠦᠴᠢᠷ ᠨᠢ ᠴᠤ ᠭᠡᠰᠡᠨ ᠶᠡᠷᠦᠩᠬᠡᠢ ᠱᠦᠵᠢ ᠶᠢᠨ ᠬᠠᠷᠢᠭᠤ ᠵᠠᠬᠢᠳᠠᠯ ᠤᠨ ᠵᠤᠷᠢᠭ | ᠰᠠᠨᠠᠭ᠎ᠠ ᠶᠢ ᠤᠯᠠᠮᠵᠢᠯᠠᠨ ᠲᠣᠭᠤᠰᠢᠯᠠᠭᠤᠯᠬᠤ ᠡᠭᠦᠳᠡᠨ ᠠᠴᠠ ᠴᠢᠷᠮᠠᠶᠢᠨ ᠠᠵᠢᠯᠯᠠᠵᠤ᠂ ᠰᠢᠨ᠎ᠡ ᠤᠷᠠᠨ ᠪᠦᠲᠦᠭᠡᠯ | ᠭᠠᠷᠭᠠᠵᠤ᠂ ᠠᠷᠠᠳ ᠲᠦᠮᠡᠨ ᠳᠡᠭᠡᠨ ᠬᠦᠷᠭᠡᠨ ᠭᠠᠪᠰᠢᠭᠠᠶᠢᠯᠠᠨ ᠠᠵᠢᠯᠯᠠᠵᠤ ᠪᠠᠶᠢᠨ᠎ᠠ᠃ 2018 ᠤᠨ ᠳᠤ | ᠦᠪᠡᠷ ᠢᠶᠠᠨ ᠵᠤᠬᠢᠶᠠᠨ ᠪᠦᠲᠦᠭᠡᠭᠰᠡᠨ ᠵᠦᠴᠦᠭᠡ ︽ᠭᠡᠨᠡᠳᠲᠡ ᠶᠢᠨ ᠪᠡᠯᠡᠭ︾ ᠨᠢ ᠠᠷᠪᠠᠨ ᠲᠠᠪᠤᠳᠤᠭᠠᠷ ᠤᠳᠠᠭᠠᠨ ᠤ | ᠪᠦᠬᠦ ᠤᠷᠤᠨ ᠤ ᠲᠠᠯ᠎ᠠ ᠨᠤᠲᠤᠭ ᠤᠨ ᠰᠤᠶᠤᠯ ᠤᠨ ᠨᠠᠶᠢᠷ ᠤᠨ ᠮᠤᠩᠭᠤᠯ ᠬᠢᠲᠠᠳ ᠬᠡᠯᠡᠨ ᠤ ᠵᠦᠴᠦᠭᠡ ᠶᠢᠨ | ᠦᠵᠡᠭᠦᠯᠦᠯᠭᠡ ᠳᠤ ᠰᠢᠯᠢᠳᠡᠭ ᠵᠦᠴᠦᠭᠡ ᠶᠢᠨ ᠱᠠᠩᠨᠠᠯ ᠢ ᠲᠤᠰᠤᠭᠰᠠᠨ ᠪᠠᠶᠢᠨ᠎ᠠ᠃ 2019 ᠤᠨ ᠳᠤ ᠲᠡᠦᠬᠡ ᠶᠢᠨ | ᠪᠤᠳᠠᠲᠤ ᠤᠴᠢᠷ ᠠᠴᠠ ᠰᠡᠳᠦᠪᠯᠡᠨ ᠦᠪᠡᠷ ᠢᠶᠠᠨ ᠵᠤᠬᠢᠶᠠᠨ ᠪᠦᠲᠦᠭᠡᠭᠰᠡᠨ ᠮᠤᠩᠭᠤᠯ ᠵᠦᠴᠦᠭᠡ ︽ᠠᠭᠠᠷᠴᠠᠨ | ᠴᠢᠯᠠᠭᠤ︾ ᠨᠢ᠂ ᠪᠦᠬᠦ ᠠᠶᠢᠮᠠᠭ ᠤᠨ ᠤᠯᠠᠭᠠᠨᠮᠦᠴᠢᠷ ᠤᠨ ᠤᠷᠠᠯᠢᠭ ᠤᠨ ᠨᠠᠶᠢᠷ ᠲᠤ ᠠᠯᠲᠠᠨᠮᠧᠳᠠᠯ ᠬᠦᠷᠲᠡᠵᠦ᠂ | ᠵᠤᠬᠢᠶᠠᠭᠴᠢ ᠬᠠᠩᠭᠢᠨ ᠨᠠᠰᠤᠨ᠋ᠥ᠌ᠯᠵᠡᠢ ᠰᠢᠯᠢᠳᠡᠭ ᠵᠤᠬᠢᠶᠠᠨ ᠪᠦᠲᠦᠭᠡᠭᠰᠡᠨ ᠱᠠᠩᠨᠠᠯ᠂ ᠲᠡᠷᠭᠡᠯ᠂ ᠨᠠᠷᠠᠰᠤ ᠰᠢᠯᠢᠳᠡᠭ | ᠤᠳᠤᠷᠢᠳᠤᠭᠠᠴᠢ ᠶᠢᠨ ᠱᠠᠩᠨᠠᠯ᠂ ᠲᠤᠭᠯᠠᠭᠴᠢ ᠪᠠᠶᠠᠰᠤᠯ᠂ ᠨᠠᠷᠠᠰᠤ ᠰᠢᠯᠢᠳᠡᠭ ᠲᠤᠭᠯᠠᠭᠴᠢ ᠶᠢᠨ ᠱᠠᠩᠨᠠᠯ ᠬᠦᠷᠲᠡᠵᠡᠢ᠃ | ᠮᠦᠨ ᠴᠤ ᠬᠤᠶᠠᠳᠤᠭᠠᠷ ᠤᠳᠠᠭᠠᠨ ᠤ ᠮᠤᠩᠭᠤᠯ ᠵᠦᠴᠦᠭᠡ᠂ ᠬᠤᠱᠤᠩ ᠵᠦᠴᠦᠭᠡ ᠶᠢᠨ ᠦᠵᠡᠭᠦᠯᠦᠯᠭᠡ ᠳᠤ | ᠰᠢᠯᠢᠳᠡᠭ ᠵᠦᠴᠦᠭᠡ ᠶᠢᠨ ᠱᠠᠩᠨᠠᠯ ᠬᠦᠷᠲᠡᠵᠦ᠂ ᠨᠠᠷᠠᠰᠤ᠂ ᠪᠠᠶᠠᠰᠤᠯ ᠰᠢᠯᠢᠳᠡᠭ ᠲᠤᠭᠯᠠᠭᠴᠢ ᠶᠢᠨ ᠱᠠᠩᠨᠠᠯ ᠢ | ᠬᠦᠷᠲᠡᠭᠰᠡᠨ ᠪᠠᠶᠢᠨ᠎ᠠ᠃ ᠮᠦᠨ 9 ᠰᠠᠷ᠎ᠠ ᠳᠤ ᠠᠷᠪᠠᠨ ᠵᠢᠷᠭᠤᠳᠤᠭᠠᠷ ᠤᠳᠠᠭᠠᠨ ᠤ ᠲᠠᠯ᠎ᠠ ᠨᠤᠲᠤᠭ ᠤᠨ ᠰᠤᠶᠤᠯ ᠤᠨ | ᠨᠠᠶᠢᠷ ᠤᠨ ᠰᠢᠯᠢᠳᠡᠭ ᠵᠦᠴᠦᠭᠡ ᠶᠢᠨ ᠦᠵᠡᠭᠦᠯᠦᠯᠭᠡ ᠳᠤ ᠬᠤᠶᠠᠷ ᠲᠠᠯᠠᠪᠠᠢ ᠲᠤᠭᠯᠠᠨ᠂ 2019 ᠤᠨ ᠤ ︽ | ᠦᠪᠦᠷ ᠮᠤᠩᠭᠤᠯ ᠤᠷᠤᠨ ᠤ ᠲᠠᠶᠢᠰᠠᠨ ᠤ ᠪᠦᠲᠦᠭᠡᠯ ᠤᠨ ᠰᠤᠩᠭᠤᠳᠠᠭ ᠢᠨᠵᠧᠨᠧᠷᠢᠩ︾ ᠳᠤ ᠰᠤᠩᠭᠤᠭᠳᠠᠭᠰᠠᠨ | ᠪᠠᠶᠢᠨ᠎ᠠ᠃ 2020 ᠤᠨ ᠪᠤᠯ ᠨᠢᠭᠡᠨ ᠶᠡᠷᠦ ᠪᠤᠰᠤ ᠶᠢᠨ ᠵᠢᠯ ᠪᠤᠯᠤᠨ᠎ᠠ᠂ ᠰᠢᠨ᠎ᠡ ᠤᠨ ᠢᠶᠠᠨ ᠤᠭᠲᠤᠨ | ᠠᠪᠬᠤ ᠶᠢᠨ ᠵᠡᠷᠭᠡ ᠪᠠᠷ ᠠᠶᠤᠮᠰᠢᠭᠲᠤ ᠬᠢᠵᠢᠭ ᠡᠪᠡᠳᠴᠢᠨ ᠳᠡᠯᠭᠡᠷᠡᠵᠦ᠂ ᠬᠦᠮᠦᠨ ᠪᠣᠯᠭᠠᠨ ᠰᠡᠳᠬᠢᠯ ᠲᠤᠭᠲᠠᠪᠤᠷᠢ | ᠦᠭᠡᠢ ᠠᠶᠤᠨ ᠬᠡᠯᠮᠡᠭᠳᠡᠵᠦ᠂ ᠡᠨᠡᠬᠦ ᠤᠲᠤᠭ᠎ᠠ ᠦᠭᠡᠢ ᠳᠠᠶᠢᠨ ᠤ ᠲᠠᠯᠠᠪᠤᠷ ᠲᠤ ᠦᠬᠦᠬᠦ ᠠᠴᠠ ᠠᠶᠤᠬᠤ ᠦᠭᠡᠢ ᠠᠮᠢ | ᠨᠠᠰᠤ ᠪᠠᠷ ᠢᠶᠠᠨ ᠡᠷᠡᠯᠬᠡᠭᠯᠡᠨ ᠲᠡᠮᠡᠴᠡᠭᠰᠡᠨ ᠲᠡᠳᠡᠭᠡᠷ ᠡᠮᠴᠢ ᠰᠤᠪᠢᠯᠠᠭᠴᠢ᠂ ᠴᠡᠷᠢᠭ ᠴᠠᠭᠳᠠᠭ᠎ᠠ᠂ ᠺᠠᠳ᠋ᠷ ᠠᠵᠢᠯᠲᠠᠳ | ᠵᠢᠴᠢ ᠰᠠᠶᠢᠨ ᠳᠤᠷᠠᠴᠤᠳ ᠢᠶᠠᠨ ᠪᠢᠳᠡ ᠬᠡᠵᠢᠶᠡᠳᠡ ᠮᠠᠷᠲᠠᠬᠤ ᠦᠭᠡᠢ᠂ ᠡᠨᠡᠬᠦ ᠪᠠᠶᠢᠳᠠᠯ ᠠᠴᠠ ᠰᠡᠳᠦᠪᠯᠡᠨ ᠮᠠᠨ ᠤ | ᠤᠯᠠᠭᠠᠨᠮᠦᠴᠢᠷ ᠨᠢ ︽ᠦᠨᠦᠴᠢᠨ ᠴᠠᠭᠠᠨ ᠪᠤᠲᠤᠭᠤ︾ ᠬᠡᠮᠡᠬᠦ ᠵᠦᠴᠦᠭᠡ ᠶᠢ ᠵᠤᠬᠢᠶᠠᠨ ᠪᠦᠲᠦᠭᠡᠵᠦ ᠲᠤᠭᠯᠠᠬᠤ ᠪᠠᠷ | ᠪᠡᠯᠡᠬᠡᠨ ᠪᠤᠯᠤᠯ᠎ᠠ᠃ | ᠤᠶᠢᠷ᠎ᠠ ᠶᠢᠨ ᠵᠢᠯ ᠤᠳ ᠲᠤ ᠮᠠᠨ ᠤ ᠤᠯᠠᠭᠠᠨᠮᠦᠴᠢᠷ ᠨᠢ ᠵᠢᠯ ᠪᠣᠯᠭᠠᠨ100 ᠭᠠᠷᠤᠢ ᠲᠠᠯᠠᠪᠠᠢ ᠬᠦᠳᠡᠭᠡ | ᠪᠠᠭᠤᠬᠤ ᠲᠤᠭᠯᠠᠯᠲᠠ ᠶᠢ ᠶᠠᠪᠤᠭᠳᠠᠭᠤᠯᠵᠤ᠂ ᠮᠦᠨ ᠴᠦ ᠤᠷᠤᠨ ᠤ ᠲᠣᠳᠣᠨ᠎ᠠ ᠭᠠᠳᠠᠨᠠᠬᠢ ᠤᠯᠠᠨ ᠠᠷᠪᠢᠨ ᠨᠡᠷᠡᠲᠦ | ᠪᠠᠭᠰᠢ ᠨᠠᠷ ᠢ ᠤᠷᠢᠨ ᠵᠠᠯᠠᠵᠤ ᠲᠤᠭᠯᠠᠭᠴᠢᠳ ᠲᠠᠭᠠᠨ ᠲᠣᠰᠬᠠᠢ ᠮᠡᠷᠭᠡᠵᠢᠯ ᠤᠨ ᠪᠤᠯᠪᠠᠰᠤᠷᠠᠯ ᠬᠦᠷᠲᠡᠭᠡᠵᠦ᠂ | ᠲᠤᠭᠯᠠᠭᠴᠢ ᠪᠣᠯᠭᠠᠨ ᠤ ᠲᠣᠰᠬᠠᠢ ᠮᠡᠷᠭᠡᠵᠢᠯ ᠪᠠ ᠬᠡᠪ ᠪᠤᠯᠪᠠᠰᠤᠷᠠᠯ ᠢᠶᠠᠨ ᠳᠡᠭᠡᠭᠰᠢᠯᠡᠭᠦᠯᠵᠦ ᠪᠠᠶᠢᠨ᠎ᠠ᠃ | ᠤᠯᠠᠭᠠᠨᠮᠦᠴᠢᠷ ᠪᠤᠯ ᠲᠠᠯ᠎ᠠ ᠨᠤᠲᠤᠭ ᠤᠨ ᠬᠦᠩᠭᠡᠨ ᠮᠤᠷᠢᠲᠤ ᠴᠡᠷᠢᠭ᠂ ᠠᠷᠠᠳ ᠲᠦᠮᠡᠨ ᠳᠡᠭᠡᠨ | ᠦᠢᠯᠡᠴᠢᠯᠡᠵᠦ᠂ ᠠᠷᠠᠳ ᠲᠦᠮᠡᠨ ᠤ ᠪᠠᠨ ᠲᠣᠮᠳᠠ ᠭᠦᠨᠵᠡᠭᠡᠶᠢᠷᠡᠵᠦ᠂ ᠰᠤᠳᠤᠨ ᠰᠠᠶᠢᠬᠠᠨ ᠤᠷᠠᠨ ᠪᠦᠲᠦᠭᠡᠯ ᠢᠶᠠᠨ | ᠠᠷᠠᠳ ᠲᠦᠮᠡᠨ ᠳᠡᠭᠡᠨ ᠬᠦᠷᠭᠡᠨ ᠴᠢᠷᠮᠠᠶᠢᠨ ᠠᠵᠢᠯᠯᠠᠬᠤ ᠪᠤᠯ ᠮᠠᠨ ᠤ ᠲᠣᠭᠯᠠᠭᠴᠢ ᠪᠣᠯᠭᠠᠨ ᠤ ᠡᠭᠦᠷᠭᠡ | ᠬᠠᠷᠢᠭᠤᠴᠠᠯᠭ᠎ᠠ ᠪᠣᠯᠬᠤ ᠶᠣᠮ ᠃ | |