ᠦᠪᠦᠷ ᠮᠤᠩᠭᠤᠯ ᠤᠨ ᠤᠷᠠᠯᠢᠭ ᠵᠦᠴᠦᠭᠡ ᠶᠢᠨ ᠬᠦᠷᠢᠶᠡᠯᠡᠩ ᠤᠷᠴᠢᠮᠬᠠᠨ ᠪᠥᠵᠢᠭᠲᠦ ᠵᠦᠴᠦᠭᠡ ︽ᠮᠣᠷᠢᠲᠤ | ᠴᠡᠷᠢᠭ︾ ᠤᠨ ᠪᠦᠬᠦ ᠤᠯᠤᠰ ᠲᠠᠬᠢ ᠲᠤᠭᠤᠷᠢᠨ ᠲᠤᠭᠯᠠᠯᠳᠠ ᠶᠢᠨ ᠠᠩᠬᠠᠨ ᠤ ᠦᠷᠳᠡᠭᠡᠨ ᠤ ᠲᠣᠭᠯᠠᠯᠲᠠ ᠪᠠᠨ | ᠬᠥᠬᠡᠬᠤᠲᠠ ᠳᠤ ᠲᠤᠭᠯᠠᠭᠰᠠᠨ ᠤ ᠲᠠᠷᠠᠭ᠎ᠠ ᠭᠤᠸᠠᠩᠰᠢ ᠶᠢᠨ ᠨᠠᠨᠨᠢᠩ ᠲᠢᠶᠠᠳ᠋ᠷ ᠲᠤ ᠲᠤᠭᠯᠠᠬᠤ ᠪᠠᠷ ᠮᠤᠷᠳᠠᠵᠦ᠂ | ᠪᠥᠬᠦ ᠤᠯᠤᠰ ᠤᠨ 7 ᠬᠤᠲᠠ ᠶᠢᠨ 12 ᠲᠠᠯᠠᠪᠤᠷ ᠲᠣᠭᠯᠠᠯᠲᠠ ᠪᠠᠨ ᠡᠬᠢᠯᠡᠬᠦᠯᠵᠠᠢ᠃ | ᠡᠨᠡ ᠵᠢᠯ ᠥᠪᠥᠷ ᠮᠣᠩᠭᠤᠯ ᠤᠨ ᠤᠷᠠᠯᠢᠭ ᠵᠦᠴᠦᠭᠡ ᠶᠢᠨ ᠬᠦᠷᠢᠶᠡᠯᠡᠩ ᠨᠢ ᠪᠥᠵᠢᠭᠲᠦ ᠵᠦᠴᠦᠭᠡ ︽ | ᠮᠣᠷᠢᠲᠤ ᠴᠡᠷᠢᠭ︾᠂ ᠮᠤᠷᠢᠨ ᠬᠤᠭᠤᠷ ᠤᠨ ᠲᠤᠰᠬᠠᠢ ᠳᠠᠯᠠᠪᠠᠢ ᠳᠠᠭᠤᠤ ᠬᠥᠭᠵᠢᠮ ᠤᠨ ᠦᠳᠡᠰᠢᠯᠡᠭᠡ ︽ᠲᠦᠮᠡᠨ | ᠠᠭᠲᠠ ᠶᠢᠨ ᠲᠦᠪᠡᠷᠭᠡᠨ︾᠂ ᠼᠢᠷᠺ ᠬᠡᠦᠬᠡᠳ ᠤᠨ ᠵᠦᠴᠦᠭᠡ ︽ᠯᠢᠦ ᠰᠢᠶᠤᠤ ᠴᠤᠸᠠᠩ ᠵᠢᠷᠤᠭ ᠰᠤᠷᠤᠭᠰᠠᠨ ᠨᠢ︾ | ᠨᠠᠶᠢᠷᠠᠯ ᠬᠥᠭᠵᠢᠮ ︽ᠲᠤᠭ ᠳᠡᠮᠳᠡᠭ︾ ᠵᠡᠷᠭᠡ 9 ᠰᠣᠳᠣᠨ ᠲᠣᠭᠯᠠᠯᠲᠠ ᠪᠠᠨ ᠪᠦᠬᠦ ᠤᠯᠤᠰ ᠲᠤ ᠲᠣᠭᠤᠷᠢᠨ | ᠲᠣᠭᠯᠠᠵᠤ᠂ ᠳᠤᠮᠳᠠᠳᠤ ᠣᠷᠣᠨ᠂ ᠬᠤᠧᠠᠨᠠᠨ ᠣᠷᠣᠨ᠂ ᠵᠢᠶᠠᠩᠰᠦ ᠵᠧᠵᠢᠶᠠᠩ ᠱᠠᠩᠬᠠᠢ᠂ ᠵᠦᠵᠢᠶᠠᠩ ᠮᠥᠷᠡᠨ ᠤ | ᠭᠤᠷᠪᠠᠯᠵᠢᠨ ᠬᠤᠶᠢᠭ ᠵᠡᠷᠭᠡ ᠭᠠᠵᠠᠷ ᠣᠷᠣᠨ ᠤ ᠲᠤᠮᠤ ᠲᠤᠮᠳᠠ ᠬᠤᠳᠠ ᠳᠤ ᠨᠡᠶᠢᠳᠡ 100 ᠭᠠᠷᠤᠢ ᠳᠠᠯᠠᠪᠠᠢ | ᠲᠤᠭᠯᠠᠬᠤ ᠪᠤᠯᠤᠨ᠎ᠠ᠃ ᠥᠪᠥᠷ ᠮᠣᠩᠭᠤᠯ ᠤᠨ ᠤᠯᠠᠭᠠᠨ ᠲᠢᠶᠠᠲᠷ ᠤᠷᠠᠨ ᠲᠣᠭᠯᠠᠯᠲᠠ ᠶᠢᠨ ᠺᠣᠮᠫᠠᠨᠢ ᠶᠢᠨ ᠬᠡᠷᠡᠭ | ᠮᠡᠳᠡᠭᠴᠢ᠂ ᠳᠡᠳ᠋ ᠶᠡᠷᠦᠩᠬᠡᠶ ᠳᠠᠭᠠᠭᠠᠮᠠᠯ ᠮᠡᠷᠭᠡᠨ᠄ ︽ᠲᠤᠰ ᠤᠳᠠᠭᠠᠨ ᠤ ᠲᠤᠭᠤᠷᠢᠨ ᠲᠣᠭᠯᠠᠯᠲᠠ ᠶᠢ ᠪᠦᠦ ᠯᠢ | ᠵᠦᠴᠦᠭᠡ ᠶᠢᠨ ᠬᠦᠷᠢᠶᠡᠯᠡᠩ᠂ ᠵᠢᠤᠢ ᠴᠧᠩ ᠬᠦᠷᠢᠶᠡᠯᠡᠩ ᠲᠠᠢ ᠬᠠᠮᠳᠤᠷᠠᠯᠴᠠᠵᠦ ᠶᠠᠪᠤᠭᠳᠠᠭᠤᠯᠵᠦ ᠪᠠᠶᠢᠭ᠎ᠠ ᠶᠤᠮ᠃ | ᠡᠨᠡ 9 ᠲᠤᠭᠯᠠᠯᠳᠠ ᠨᠢ ᠮᠠᠨ ᠤ ᠤᠮᠠᠷᠠᠲᠤ ᠬᠢᠯᠢ ᠶᠢᠨ ᠰᠣᠶᠣᠯ ᠤᠨ ᠣᠯᠠᠨ ᠤᠷᠠᠯᠢᠭ ᠤᠨ ᠲᠥᠷᠥᠯ ᠢ ᠬᠠᠮᠤᠷᠴᠦ᠂ | ᠮᠥᠨ ᠴᠦ ᠤᠮᠠᠷᠠᠲᠤ ᠬᠢᠯᠢ ᠶᠢᠨ ᠰᠣᠶᠣᠯ ᠤᠨ ᠭᠠᠳᠠᠭᠰᠢ ᠭᠠᠷᠬᠤ ᠴᠢᠬᠤᠯᠠ ᠠᠷᠭ᠎ᠠ ᠪᠠᠷᠢᠯ ᠪᠣᠯᠤᠨ᠎ᠠ︾ ᠭᠡᠵᠦ | ᠳᠠᠨᠢᠯᠴᠠᠭᠤᠯᠪᠠ᠃ 9 ᠰᠣᠳᠣᠨ ᠲᠣᠭᠯᠠᠯᠲᠠ ᠶᠢᠨ ᠳᠦᠷᠦᠯ ᠵᠦᠢᠯ ᠳᠤ ᠥᠪᠥᠷ ᠮᠣᠩᠭᠤᠯ ᠤᠨ ᠠᠩᠬᠠᠳᠠᠭᠴᠢ | ᠠᠺᠠᠪᠧᠶᠢᠯᠠ ᠮᠠᠶ᠋ᠢᠭ ᠤᠨ ᠳᠠᠭᠤᠯᠠᠯᠭ᠎ᠠ ᠶᠢᠨ ᠬᠠᠮᠳᠤᠯᠢᠭ ᠤᠨ ︽ᠠᠶᠠᠯᠭᠤᠳᠦ ᠠᠶᠠᠨ︾ ᠲᠤᠭᠯᠠᠯᠳᠠ᠂ | ᠦᠨᠳᠦᠰᠦᠲᠡᠨ ᠤ ᠨᠠᠶᠢᠷᠠᠯ ᠬᠥᠭᠵᠢᠮ ︽ᠮᠣᠩᠭᠤᠯ ᠮᠣᠷᠢ︾ ᠪᠤᠢ᠃ ᠲᠡᠷᠡ ᠨᠢ ᠭᠦᠨ ᠵᠤᠵᠠᠭᠠᠨ ᠤᠳᠬ᠎ᠠ ᠠᠭᠤᠯᠭ᠎ᠠ | ᠪᠥᠬᠦᠶ ᠤᠮᠠᠷᠠᠲᠤ ᠬᠢᠯᠢ ᠶᠢᠨ ᠰᠣᠶᠣᠯ ᠢ ᠠᠮᠢᠳᠤᠯᠢᠭ ᠰᠠᠶᠢᠬᠠᠨ ᠲᠠᠶᠢᠰᠠᠨ ᠤ ᠤᠷᠠᠯᠢᠭ ᠪᠣᠯᠭᠠᠨ ᠬᠤᠪᠢᠷᠠᠭᠤᠯᠬᠤ | ᠶᠢᠨ ᠬᠠᠮᠲᠤ᠂ ᠲᠡᠭᠦᠨ ᠳᠤ ᠴᠠᠭ ᠦᠶ᠎ᠡ ᠶᠢᠨ ᠰᠢᠨ᠎ᠠ ᠠᠭᠤᠷ ᠠᠮᠢᠰᠬᠤᠯ ᠤᠷᠤᠭᠤᠯᠵᠦ᠂ ᠨᠡᠩ ᠴᠦ ᠦᠪᠦᠷ | ᠮᠤᠩᠭᠤᠯ ᠤᠨ ᠰᠤᠶᠤᠯ ᠵᠢᠭᠤᠯᠴᠢᠯᠠᠯ ᠤᠨ ᠨᠡᠷ᠎ᠠ ᠠᠯᠳᠠᠷ ᠢ ᠡᠷᠬᠦᠬᠦ ᠳᠤ ᠴᠢᠬᠤᠯᠠ ᠦᠢᠯᠡᠳᠦᠯ ᠦᠵᠡᠬᠦᠯᠬᠦ ᠪᠤᠯᠤᠨ᠎ᠠ᠃ | |