ᠠᠪᠠᠭ᠎ᠠ ᠬᠤᠰᠢᠭᠤᠨ ᠤ ᠤᠯᠠᠭᠠᠨᠮᠦ᠋ᠴᠢᠷ
ᠨᠡᠶᠢᠲᠡᠯᠡᠭᠰᠡᠨ ᠴᠠᠭ᠄
2024/4/11
    ᠠᠪᠠᠭ᠎ᠠ ᠬᠤᠰᠢᠭᠤᠨ ᠤ ᠤᠯᠠᠭᠠᠨᠮᠦ᠋ᠴᠢᠷ ᠨᠢ 1957 ᠤᠨ ᠤ ᠨᠠᠮᠤᠷ ᠪᠠᠶᠢᠭᠤᠯᠤᠭᠳᠠᠵᠠᠢ᠃ ᠪᠦᠬᠦ ᠤᠷᠤᠨ ᠤ ᠡᠷᠳᠡ ᠪᠠᠶᠢᠭᠤᠯᠤᠭᠳᠠᠭᠰᠠᠨ ᠤᠯᠠᠭᠠᠨᠮᠦ᠋ᠴᠢᠷ ᠤᠨ ᠨᠢᠬᠡ ᠪᠤᠯᠤᠨ᠎ᠠ᠃ ᠠᠩᠬ᠎ᠠ ᠪᠠᠶᠢᠭᠤᠯᠤᠭᠳᠠᠬᠤ ᠳᠤ 9 ᠬᠡᠰᠢᠬᠦᠨ ᠎ ᠲᠠᠢ ᠪᠠᠶᠢᠵᠤ᠂ ᠬᠤᠶᠠᠷ ᠮᠤᠷᠢᠨ ᠲᠡᠷᠭᠡ᠂ ᠬᠤᠶᠠᠷ ᠮᠤᠩᠭᠤᠯ ᠭᠡᠷ᠂ ᠭᠤᠷᠪᠠᠨ ᠲᠠᠰᠤᠯᠭ᠎ᠠ ᠰᠢᠪᠠᠷ ᠪᠠᠶᠢᠰᠢᠩ ᠲᠠᠢ᠂ ᠴᠦᠬᠡᠪᠡᠷ ᠬᠡᠳᠤᠨ ᠵᠠᠬ᠎ᠠ ᠲᠡᠷᠯᠢᠭ ᠲᠠᠢ ᠪᠠᠶᠢᠯ᠎ᠠ᠂ ᠭᠦᠭᠵᠢᠮ ᠠᠴᠠ ᠮᠤᠷᠢᠨ ᠬᠤᠭᠤᠷ᠂ ᠲᠦᠷᠪᠡᠨ ᠴᠢᠬᠢᠳᠤ᠂ ᠬᠤᠪᠤᠨ ᠯᠢᠩᠪᠤ᠂ ᠪᠠᠶᠠᠨ ᠬᠤᠭᠤᠷ ᠲᠠᠢ ᠪᠠᠶᠢᠵᠠᠢ᠃ ᠤᠳᠤ ᠪᠤᠯᠬᠤ ᠳᠤ 37 ᠲᠤᠭᠯᠠᠭᠴᠢ ᠲᠠᠢ ᠪᠤᠯᠵᠤ᠂ ᠮᠤᠩᠭᠤᠯ ᠦᠨᠳᠤᠰᠤᠳᠡᠨ 36᠂ ᠬᠢᠳᠠᠳ ᠦᠨᠳᠤᠰᠤᠳᠡᠨ 1 ᠪᠤᠢ᠂ ᠤᠯᠤᠰ ᠤᠨ ᠬᠤᠶᠠᠳᠤᠭᠠᠷ ᠲᠡᠰ ᠤᠨ ᠲᠣᠭᠯᠠᠭᠴᠢ 1 ᠨᠡᠷ᠎ᠡ᠂ ᠤᠯᠤᠰ ᠤᠨ ᠭᠤᠷᠪᠠᠳᠤᠭᠠᠷ ᠲᠡᠰ ᠤᠨ ᠲᠤᠭᠯᠠᠭᠴᠢ 14 ᠨᠡᠷ᠎ᠡ᠂ ᠤᠯᠤᠰ ᠤᠨ ᠲᠦᠷᠪᠡᠳᠤᠭᠡᠷ ᠲᠡᠰ ᠤᠨ ᠲᠤᠭᠯᠠᠭᠴᠢ 10 ᠨᠡᠷ᠎ᠡ ᠪᠠᠶᠢᠨ᠎ᠠ᠃ ᠠᠪᠠᠭ᠎ᠠ ᠬᠤᠰᠢᠭᠤᠨ ᠤ ᠤᠯᠠᠭᠠᠨᠮᠦ᠋ᠴᠢᠷ ᠨᠢ ᠮᠠᠯᠵᠢᠬᠤ ᠤᠷᠤᠨ ᠬᠡᠳᠡᠭ ᠦᠨᠳᠤᠰᠤᠳᠡᠨ ᠤ ᠰᠤᠶᠤᠯ ᠤᠨ ᠬᠠᠯᠠᠭᠤᠨ ᠦᠯᠤᠭᠡᠢ ᠳᠤ ᠦᠨᠳᠤᠰᠤ ᠬᠠᠳᠬᠤᠵᠤ᠂ ᠲᠠᠯ᠎ᠠ ᠨᠤᠳᠤᠭ ᠢ ᠲᠤᠭᠤᠯᠤᠨ ᠮᠠᠯᠵᠢᠬᠤ ᠤᠷᠤᠨ ᠢᠶᠠᠷ ᠲᠤᠭᠤᠷᠢᠵᠤ᠂ ᠰᠤᠮᠤ ᠭᠠᠴᠠᠭ᠎ᠠ ᠪᠠᠷ ᠬᠦᠷᠴᠤ᠂ 60 ᠭᠠᠷᠣᠢ ᠵᠢᠯ ᠤᠨ ᠲᠤᠷᠰᠢ ᠨᠢᠬᠡᠨᠳᠡ 6000 ᠢᠯᠡᠭᠦᠦ ᠲᠠᠯᠠᠪᠠᠢ ᠲᠤᠭᠯᠠᠯᠳᠠ ᠭᠠᠷᠭᠠᠵᠤ ᠦᠵᠡᠭᠴᠢᠳ ᠤᠨ ᠲᠤᠭ᠎ᠠ 200 ᠲᠦᠮᠡ ᠢᠯᠡᠬᠦᠦ ᠪᠤᠯᠤᠭᠰᠠᠨ ᠪᠠᠶᠢᠨ᠎ᠠ᠃ ᠤᠷᠠᠯᠢᠭ ᠤᠨ ᠲᠤᠭᠯᠠᠯᠳᠠ ᠨᠢᠬᠡᠨᠳᠡ ᠮᠢᠩᠭᠠᠭᠠᠳ ᠢ ᠵᠤᠭᠢᠶᠠᠵᠤ᠂ ᠵᠠᠭᠤᠭᠠᠳ ᠲᠤᠭᠯᠠᠯᠳᠠ ᠨᠢ ᠤᠯᠤᠰ᠂ ᠤᠷᠤᠨ᠂ ᠠᠶᠢᠮᠠᠭ ᠲᠤ ᠱᠠᠩᠨᠠᠯ ᠬᠦᠷᠳᠡᠪᠡ᠃ 2005 ᠤᠨ ᠤ ᠵᠦᠴᠤᠭᠡ ︽ᠪᠠᠶᠠᠨᠳᠦ᠋ᠭᠦᠷᠡᠩ︾᠎ ᠨᠢ ᠪᠦᠬᠦ ᠤᠯᠤᠰ ᠤᠨ ︽ᠲᠠᠪᠦ‍ ᠨᠢᠭᠡ ᠢᠨᠵᠧᠨᠧᠷᠢᠩ︾᠎ ᠤᠨ ᠱᠠᠩᠨᠠᠯ  ᠬᠦᠷᠳᠡᠵᠣ᠂ 2006 ᠤᠨ ᠳᠤ ᠲᠡᠷᠢᠬᠦᠨ ᠲᠡᠰ ᠤᠨ ᠤᠯᠠᠭᠠᠨᠮᠦ᠋ᠴᠢᠷ ᠢᠶᠠᠷ ᠦᠨᠡᠯᠡᠭᠳᠡᠪᠡ᠃ ᠲᠤᠤᠯᠢ ︽ᠰᠢᠯᠢᠨ ᠭᠠᠯᠵᠠᠭᠤ ᠪᠠᠭᠠᠳᠤᠷ︾᠂ ᠲᠠᠭᠤᠤ ︽ᠠᠪᠠᠭ᠎ᠠ ᠨᠤᠳᠤᠭ︾ ᠵᠡᠷᠬᠡ ᠪᠦᠳᠤᠭᠡᠯ ᠤᠳ ᠨᠢ ᠤᠷᠤᠨ ᠤ ︽ᠰᠠᠷᠠᠨ᠎ᠠ︾ ᠱᠠᠩᠨᠠᠯ ᠬᠦᠷᠳᠡᠪᠡ᠃ ᠲᠤᠮᠤ ᠬᠡᠯᠪᠡᠷᠢ ᠶᠢᠨ ᠲᠠᠭᠤᠤ ᠪᠦᠵᠢᠭᠳᠦ ᠵᠦᠴᠦᠭᠡ ︽ᠮᠢᠯᠢᠶᠠᠯᠳᠠ︾᠂ ᠲᠤᠤᠯᠢ ︽ᠰᠢᠯᠢᠨ ᠭᠠᠯᠵᠠᠭᠤ ᠪᠠᠭᠠᠳᠤᠷ︾᠂ ᠱᠤᠭ ᠵᠦᠴᠦᠭᠡ  ︽ᠪᠠᠶᠠᠨᠳᠦ᠋ᠭᠦᠷᠡᠩ︾᠂ ᠪᠦᠵᠢᠭ ︽ᠠᠰᠠᠷ ᠪᠡᠶᠡᠯᠡᠭᠡ︾ ᠵᠡᠷᠭᠡ ᠪᠦᠳᠤᠭᠡᠯ ᠨᠢ ᠪᠦᠷ ᠰᠤᠶᠤᠯ ᠤᠨ ᠰᠤᠯᠢᠯᠴᠠᠭᠠᠨ ᠳᠤ ᠲᠤᠭᠯᠠᠬᠤ ᠰᠤᠳᠤᠨ ᠪᠦᠳᠤᠭᠡᠯ ᠪᠤᠯᠤᠭᠰᠠᠨ ᠪᠠᠶᠢᠨ᠎ᠠ᠃    2007 ᠤᠨ ᠤ ᠴᠢᠨ ᠬᠤᠸᠠᠩ ᠳ᠋ᠤᠤ ᠳᠤ ᠶᠠᠪᠤᠭᠳᠠᠭᠰᠠᠨ ᠲᠤᠮᠳᠠᠳᠤ ᠤᠯᠤᠰ ᠤᠨ ᠠᠷᠠᠳ ᠤᠨ ᠦᠨᠳᠤᠰᠤᠳᠡᠨ ᠤ ᠲᠠᠭᠤᠤ ᠪᠦᠵᠢᠭ ᠤᠨ ᠦᠵᠡᠬᠦᠯᠦᠯᠬᠡ ᠳᠤ ᠠᠪᠠᠭ᠎ᠠ ᠴᠤᠭᠤᠷ ᠤᠨ ᠲᠠᠭᠤᠤ ︽ᠠᠯᠳᠠᠨ ᠠᠷᠤᠷ᠎ᠠ︾᠎ ᠨᠢ ᠠᠯᠳᠠᠨ ᠯᠢᠩᠬᠤᠸ᠎ᠠ ᠱᠠᠩᠨᠠᠯ ᠬᠦᠷᠳᠡᠵᠤ᠂ 2007 ᠤᠨ ᠎ ᠤ ᠨᠢᠩᠰᠢᠶᠠ ᠶᠢᠨ ᠶᠢᠨᠴᠤᠸᠠᠨ ᠳᠠᠬᠢ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠴᠦᠬᠡᠨ ᠲᠤᠭᠠᠳᠤ ᠦᠨᠳᠦᠰᠤᠳᠡᠨ ᠤ ᠲᠠᠭᠤᠣ ᠣᠷᠠᠯᠢᠭ ᠤᠨ ᠦᠵᠡᠬᠦᠯᠦᠯᠭᠡ ᠳᠤ ᠲᠤᠤᠯᠢ ︽ᠰᠢᠯᠢ ᠶᠢᠨ ᠤᠶᠠᠩᠭ᠎ᠠ︾᠎ ᠨᠢ ᠠᠯᠳᠠᠨ ᠱᠠᠩᠨᠠᠯ ᠬᠦᠷᠳᠡᠵᠦ᠂ ᠮᠦᠨ ᠲᠤᠰ ᠵᠢᠯ ᠬᠠᠰᠪᠤᠯᠤᠳ᠂ ᠪᠤᠯᠤᠳ᠂ ᠴᠢᠷᠮᠠᠶᠢᠯᠳᠤ᠂ ᠰᠡᠷᠭᠦᠯᠡᠩ ᠵᠡᠷᠬᠡ ᠲᠦᠷᠪᠡᠨ ᠲᠤᠭᠯᠠᠭᠴᠢ ᠤᠷᠤᠨ ᠤ ︽ᠠᠷᠠᠳ︾᠎ ᠤᠨ ᠱᠠᠩᠨᠠᠯ ᠬᠦᠷᠳᠡᠵᠤ᠂ ᠦᠨᠳᠤᠰᠤᠳᠡᠨ ᠤ ᠰᠤᠶᠤᠯ ᠢᠶᠠᠨ ᠪᠥᠬᠦ ᠤᠯᠤᠰ ᠎ ᠲᠤ ᠲᠡᠯᠭᠡᠷᠡᠭᠦᠯᠬᠦ ᠳᠤ ᠬᠤᠪᠢ ᠨᠡᠮᠡᠷᠢ ᠪᠠᠨ ᠦᠵᠡᠬᠦᠯᠦᠭᠰᠡᠨ ᠪᠠᠶᠢᠨ᠎ᠠ᠃ 2013 ᠤᠨ ᠳᠤ ᠬᠠᠰᠪᠤᠯᠤᠳ ᠴᠢᠷᠮᠠᠶᠢᠯᠳᠤ ᠬᠤᠶᠠᠷ ᠤᠨ ᠬᠤᠪᠢ ᠬᠦᠮᠤᠨ ᠤ ᠤᠷᠠᠨ ᠪᠦᠳᠦᠬᠡᠯ ᠤᠨ  ᠦᠳᠡᠰᠢᠯᠡᠭᠡ ᠮᠤᠩᠭᠤᠯ ᠤᠯᠤᠰ ᠤᠨ ᠤᠯᠠᠭᠠᠨᠪᠠᠭᠠᠳᠤᠷ ᠬᠤᠳᠠᠨ ᠳᠤ ᠶᠠᠪᠤᠭᠳᠠᠵᠤ᠂ ᠮᠤᠩᠭᠤᠯ ᠤᠯᠤᠰ ᠤᠨ ᠵᠤᠬᠢᠶᠠᠯᠴᠢᠳ ᠤᠨ ᠬᠤᠯᠪᠤᠭᠠᠨ ᠤ ᠬᠠᠮᠤᠭ ᠎ ᠤᠨ ᠦᠨᠳᠦᠷ ᠱᠠᠩᠨᠠᠯ ᠢ ᠬᠦᠷᠳᠡᠭᠰᠡᠨ ᠪᠠᠶᠢᠨ᠎ᠠ᠃ ᠦᠪᠡᠷ ᠤᠨ ᠪᠦᠳᠤᠭᠡᠯ ᠪᠤᠯᠬᠤ ᠺᠢᠨᠤ᠋ ᠬᠡᠪᠡᠯ ︽ᠪᠤᠭᠳᠠ ᠬᠠᠶᠢᠷᠬᠠᠨ ᠎ ᠤ ᠪᠠᠷ᠎ᠠ︾᠂  ︽ᠤᠷᠢᠯᠭ᠎ᠠ︾᠂ ᠪᠢᠴᠢᠯ ᠺᠢᠨᠤ᠋ ︽ᠬᠦᠤ ᠪᠠᠨ ᠬᠦᠯᠢᠶᠡᠭᠰᠡᠨ ᠲᠠᠯ᠎ᠠ︾ ᠵᠡᠷᠭᠡ ᠪᠤᠢ᠃     1996 ᠤᠨ ᠤ ᠪᠦᠬᠦ ᠠᠶᠢᠮᠠᠭ ᠤᠨ ᠠᠷᠪᠠᠨ ᠬᠤᠶᠠᠳᠤᠭᠠᠷ ᠬᠤᠭᠤᠴᠠᠭᠠᠨ ᠤ ᠤᠯᠠᠭᠠᠨᠮᠦ᠋ᠴᠢᠷ ᠤᠨ ᠬᠠᠷᠢᠭᠤ ᠮᠡᠳᠡᠭᠦᠯᠦᠯᠳᠠ ᠶᠢᠨ ᠲᠤᠭᠯᠠᠯᠳᠠ ᠳᠤ ᠬᠠᠮᠳᠤ ᠨᠢᠬᠡᠴᠡ ᠶᠢᠨ ᠬᠤᠶᠠᠳᠤᠭᠠᠷ ᠲᠡᠰ᠂1999 ᠤᠨ ᠤ ᠪᠦᠬᠦ ᠠᠶᠢᠮᠠᠭ ᠎ ᠤᠨ ᠤᠯᠠᠭᠠᠨᠮᠦ᠋ᠴᠢᠷ ᠤᠨ ᠰᠢᠯᠢᠯᠳᠠ ᠲᠤᠭᠯᠠᠯᠳᠠ ᠳᠤ ᠬᠠᠮᠳᠤ ᠨᠢᠬᠡᠴᠡ ᠶᠢᠨ ᠬᠤᠶᠠᠳᠤᠭᠠᠷ ᠲᠡᠰ ᠤᠨ ᠱᠠᠩᠨᠠᠯ ᠢ ᠬᠦᠷᠳᠡᠪᠡ᠃ 2001 ᠤᠨ ᠤ ᠰᠢᠶᠠᠩᠭᠠᠩ ᠳᠤ ᠶᠠᠪᠤᠭᠳᠠᠭᠰᠠᠨ ᠤᠯᠠᠨ ᠤᠯᠤᠰ ᠤᠨ ᠦᠨᠳᠦᠰᠤᠳᠡᠨ ᠤ ᠰᠤᠶᠤᠯ ᠎ ᠤᠨ ᠰᠤᠳᠤᠯᠤᠨ ᠶᠠᠷᠢᠯᠴᠠᠬᠤ ᠬᠤᠷᠠᠯ ᠳᠤ ᠬᠤᠷᠴᠠᠪᠠᠭᠠᠳᠤᠷ ᠤᠷᠤᠯᠴᠠᠨ ︽ᠪᠤᠯᠤᠷ ᠴᠤᠮᠤ︾ ᠱᠠᠩᠨᠠᠯ ᠬᠦᠷᠳᠡᠪᠡ᠃ 2005 ᠤᠨ ᠤ ᠪᠦᠬᠦ ᠠᠶᠢᠮᠠᠭ ᠤᠨ 13 ᠳ᠋ᠤᠭᠠᠷ ᠬᠤᠭᠤᠴᠠᠭᠠᠨ ᠤ ᠤᠯᠠᠭᠠᠨᠮᠦ᠋ᠴᠢᠷ ᠤᠨ ᠴᠤᠭᠯᠠᠭᠠᠨ ᠳᠤ ᠬᠠᠮᠳᠤ ᠨᠢᠬᠡᠴᠡ ᠶᠢᠨ ᠲᠤᠭᠯᠠᠯᠳᠠ ᠶᠢᠨ ᠨᠢᠬᠡᠳᠦᠭᠡᠷ ᠲᠡᠰ᠂ ᠬᠠᠮᠳᠤ ᠨᠢᠭᠡᠴᠡ ᠶᠢᠨ ᠬᠦᠷᠡᠯ ᠮᠧᠳᠠᠯ ᠪᠡ ︽ᠨᠢᠬᠡ ᠳᠤ ᠮᠡᠷᠭᠡᠰᠢᠵᠤ ᠤᠯᠠᠨ ᠳᠤ ᠴᠠᠭᠠᠷᠠᠭᠰᠠᠨ︾ ᠬᠠᠮᠳᠤ ᠨᠢᠬᠡᠴᠡ ᠶᠢᠨ ᠱᠠᠩᠨᠠᠯ ᠬᠦᠷᠳᠡᠪᠡ᠃ 2007 ᠤᠨ ᠤ ᠪᠦᠬᠦ ᠠᠶᠢᠮᠠᠭ ᠤᠨ 14 ᠳ᠋ᠤᠭᠡᠷ ᠬᠤᠭᠤᠴᠠᠭᠠᠨ ᠤ ᠤᠯᠠᠭᠠᠨᠮᠦ᠋ᠴᠢᠷ ᠤᠨ ᠴᠤᠭᠯᠠᠭᠠᠨ ᠳᠤ ᠬᠠᠮᠳᠤ ᠨᠢᠬᠡᠴᠡ ᠶᠢᠨ ᠲᠤᠭᠯᠠᠯᠳᠠ ᠶᠢᠨ ᠭᠤᠷᠪᠠᠳᠤᠭᠠᠷ ᠲᠡᠰ ᠤᠨ ᠱᠠᠩᠨᠠᠯ᠂ ᠨᠢᠬᠡ ᠳᠤ ᠮᠡᠷᠬᠡᠰᠢᠵᠤ ᠤᠯᠠᠨ ᠳᠤ ᠴᠠᠭᠠᠷᠠᠭᠰᠠᠨ ᠱᠠᠩᠨᠠᠯ ᠬᠢᠭᠡᠳ ᠰᠢᠯᠢᠳᠡᠭ ᠵᠤᠬᠢᠶᠠᠨ ᠪᠠᠶᠢᠭᠤᠯᠤᠭᠰᠠᠨ ᠬᠠᠮᠳᠤ ᠨᠢᠬᠡᠴᠡ ᠶᠢᠨ ᠱᠠᠩᠨᠠᠯ ᠬᠦᠷᠳᠡᠪᠡ᠃ 2007 ᠤᠨ ᠤ ᠪᠦᠬᠦ ᠤᠷᠤᠨ ᠤ ᠲᠦᠷᠪᠡᠳᠦᠭᠡᠷ ᠬᠤᠭᠤᠴᠠᠭᠠᠨ ᠤ ᠤᠯᠠᠭᠠᠨᠮᠦ᠋ᠴᠢᠷ ᠤᠨ ᠤᠷᠠᠯᠢᠭ ᠤᠨ ᠨᠠᠶᠢᠷ ᠲᠤ ᠬᠠᠮᠳᠤ ᠨᠢᠬᠡᠴᠡ ᠶᠢᠨ ᠮᠦᠩᠭᠦᠨ ᠮᠧᠳᠠᠯ᠂ ᠨᠢᠬᠡ ᠳᠤ ᠮᠡᠷᠭᠡᠰᠢᠵᠤ ᠤᠯᠠᠨ ᠳᠤ ᠴᠠᠭᠠᠷᠠᠭᠰᠠᠨ ᠬᠠᠮᠳᠤ ᠨᠢᠬᠡᠴᠡ ᠶᠢᠨ ᠱᠠᠩᠨᠠᠯ ᠬᠦᠷᠳᠡᠪᠡ᠃ 2009 ᠤᠨ ᠤ ᠪᠦᠬᠦ ᠠᠶᠢᠮᠠᠭ ᠤᠨ 15 ᠳ᠋ᠤᠭᠠᠷ ᠬᠤᠭᠤᠴᠠᠭᠠᠨ ᠤ ᠤᠯᠠᠭᠠᠨᠮᠦ᠋ᠴᠢᠷ ᠤᠨ ᠴᠤᠭᠯᠠᠭᠠᠨ ᠳᠤ ᠬᠠᠮᠳᠤ ᠨᠢᠬᠡᠴᠡ ᠶᠢᠨ ᠬᠦᠷᠡᠯ ᠮᠧᠳᠠᠯ᠂ ᠨᠢᠬᠡ ᠳᠤ ᠮᠡᠷᠭᠡᠰᠢᠵᠤ ᠤᠯᠠᠨ ᠳᠤ ᠴᠠᠭᠠᠷᠠᠭᠰᠠᠨ ᠬᠠᠮᠳᠤ ᠨᠢᠬᠡᠴᠡ ᠶᠢᠨ ᠱᠠᠩᠨᠠᠯ ᠬᠦᠷᠳᠡᠪᠡ᠃ 2010 ᠤᠨ ᠤ ᠪᠦᠬᠦ ᠤᠷᠤᠨ ᠤ ᠲᠠᠪᠤᠳᠤᠭᠠᠷ ᠬᠤᠭᠤᠴᠠᠭᠠᠨ ᠤ ᠤᠷᠠᠯᠢᠭ ᠤᠨ ᠨᠠᠶᠢᠷ ᠲᠤ ᠬᠠᠮᠳᠤ ᠨᠢᠬᠡᠴᠡ ᠶᠢᠨ ᠮᠦᠩᠭᠦᠨ ᠮᠧᠳᠠᠯ᠂ ᠨᠢᠭᠡ ᠳᠤ ᠮᠡᠷᠭᠡᠰᠢᠵᠤ ᠤᠯᠠᠨ ᠳᠤ ᠴᠠᠭᠠᠷᠠᠭᠰᠠᠨ ᠬᠠᠮᠳᠤ ᠨᠢᠬᠡᠴᠡ ᠶᠢᠨ ᠱᠠᠩᠨᠠᠯ ᠪᠡ ᠰᠡᠴᠡᠨᠳᠤᠶᠠᠭ᠎ᠠ ︽ᠨᠢᠬᠡ ᠳᠤ ᠮᠡᠷᠭᠡᠰᠢᠵᠤ ᠤᠯᠠᠨ ᠳᠤ ᠴᠠᠭᠠᠷᠠᠭᠰᠠᠨ︾ ᠤᠷᠤᠯᠳᠤᠭᠠᠨ ᠤ ᠨᠢᠭᠡᠳᠦᠭᠡᠷ ᠲᠡᠰ ᠤᠨ ᠱᠠᠩᠨᠠᠯ ᠲᠤᠰ ᠲᠤᠰ ᠬᠦᠷᠳᠡᠪᠡ᠃ 2011 ᠤᠨ ᠤ ᠪᠦᠬᠦ ᠠᠶᠢᠮᠠᠭ ᠤᠨ 16 ᠳ᠋ᠤᠭᠠᠷ ᠬᠤᠭᠤᠴᠠᠭᠠᠨ ᠤ ᠤᠯᠠᠭᠠᠨᠮᠦ᠋ᠴᠢᠷ ᠤᠨ ᠴᠤᠭᠯᠠᠭᠠᠨ ᠳᠤ ᠬᠠᠮᠳᠤ ᠨᠢᠬᠡᠴᠡ ᠶᠢᠨ ᠲᠤᠭᠯᠠᠯᠳᠠ ᠶᠢᠨ ᠮᠦᠩᠭᠦᠨ ᠮᠧᠳᠠᠯ᠂ ᠨᠢᠬᠡ ᠳᠤ ᠮᠡᠷᠭᠡᠰᠢᠵᠤ ᠤᠯᠠᠨ ᠳᠤ ᠴᠠᠭᠠᠷᠠᠭᠰᠠᠨ ᠱᠠᠩᠨᠠᠯ ᠲᠤᠰ ᠲᠤᠰ ᠬᠦᠷᠳᠡᠪᠡ᠃ 2013 ᠤᠨ ᠤ 17 ᠳ᠋ᠤᠭᠠᠷ ᠬᠤᠭᠤᠴᠠᠭᠠᠨ ᠤ ᠤᠯᠠᠭᠠᠨᠮᠦ᠋ᠴᠢᠷ ᠤᠨ ᠴᠤᠭᠯᠠᠭᠠᠨ ᠳᠤ ᠬᠠᠮᠳᠤ ᠨᠢᠬᠡᠴᠡ ᠶᠢᠨ ᠠᠯᠳᠠᠨ ᠮᠧᠳᠠᠯ᠂ ᠨᠢᠬᠡ ᠳᠤ ᠮᠡᠷᠭᠡᠰᠢᠵᠤ ᠤᠯᠠᠨ ᠳᠤ ᠴᠠᠭᠠᠷᠠᠭᠰᠠᠨ ᠬᠠᠮᠳᠤ ᠨᠢᠭᠡᠴᠡ ᠶᠢᠨ ᠱᠠᠩᠨᠠᠯ ᠬᠦᠷᠳᠡᠪᠡ᠃ 2014 ᠤᠨ ᠤ ᠪᠦᠬᠦ ᠤᠷᠤᠨ ᠎ ᠤ ᠵᠢᠷᠭᠤᠳᠤᠭᠠᠷ ᠬᠤᠭᠤᠴᠠᠭᠠᠨ ᠤ ᠤᠷᠠᠯᠢᠭ ᠤᠨ ᠨᠠᠶᠢᠷ ᠲᠤ ᠬᠠᠮᠳᠤ ᠨᠢᠬᠡᠴᠡ ᠶᠢᠨ ᠠᠯᠳᠠᠨ ᠮᠧᠳᠠᠯ ᠬᠦᠷᠳᠡᠵᠤ᠂ ᠮᠦᠨ ᠲᠤᠰ ᠵᠢᠯ ᠤᠨ 12 ᠳ᠋ᠤᠭᠠᠷ ᠰᠠᠷ᠎ᠠ ᠳᠤ ︽ᠪᠦᠬᠦ ᠤᠯᠤᠰ ᠤᠨ ᠰᠤᠶᠤᠯ ᠤᠨ ᠰᠢᠰᠲ᠋ᠧᠮ ᠤᠨ ᠲᠡᠷᠢᠬᠦᠨ ᠤ ᠬᠠᠮᠳᠤ ᠨᠢᠬᠡᠴᠡ︾᠎ ᠪᠠᠷ ᠦᠨᠡᠯᠡᠭᠳᠡᠪᠡ᠃ 2016 ᠤᠨ ᠳᠤ ᠬᠠᠰᠪᠤᠯᠤᠳ ᠤᠨ ᠵᠤᠬᠢᠶᠠᠨ ᠨᠠᠶᠢᠷᠠᠭᠤᠯᠤᠭᠰᠠᠨ ᠺᠢᠨᠤ᠋ ︽ᠤᠷᠢᠯᠭ᠎ᠠ︾᠎ ᠨᠢ ᠪᠦᠬᠦ ᠤᠷᠤᠨ ᠤ ᠰᠢᠯᠢᠳᠡᠭ ᠺᠢᠨᠤ᠋ ᠶᠢᠨ ᠰᠢᠯᠭᠠᠷᠠᠭᠤᠯᠤᠯᠳᠠ ᠳᠤ ᠬᠤᠶᠠᠳᠤᠭᠠᠷ ᠲᠡᠰ ᠤᠨ ᠱᠠᠩᠨᠠᠯ ᠬᠦᠷᠳᠡᠵᠤ᠂ ᠮᠦᠨ ᠲᠤᠰ ᠵᠢᠯ ᠳᠤ ᠪᠦᠬᠦ ᠤᠯᠤᠰ ᠤᠨ ᠬᠤᠶᠠᠳᠤᠭᠠᠷ ᠬᠤᠭᠤᠴᠠᠭᠠᠨ ᠤ ᠪᠠᠷᠠᠭᠤᠨ ᠤᠷᠤᠨ ᠤ ᠠᠷᠠᠳ ᠎ ᠤᠨ ᠲᠠᠭᠤᠨ ᠤ ᠤᠷᠤᠯᠳᠤᠭᠠᠨ ᠳᠤ ᠪᠠᠶᠠᠨᠳᠡᠭᠰᠢ  ᠴᠤᠭᠤᠷ ᠤᠨ ᠲᠠᠭᠤᠤ ︽ᠪᠤᠭᠳᠠ ᠴᠢᠩᠬᠢᠰ︾ ︽ᠠᠷᠤ ᠬᠦᠪᠴᠢ ᠎ ᠶᠢᠨ ᠤᠨᠠᠭ᠎ᠠ︾᠎ ᠪᠠᠷ ︽ᠬᠠᠮᠤᠭ ᠤᠨ ᠰᠤᠳᠤᠨ ᠲᠠᠭᠤᠴᠢᠨ︾ ︽ᠬᠠᠮᠤᠭ ᠤᠨ ᠰᠢᠯᠢᠳᠡᠭ ᠲᠤᠭᠯᠠᠯᠳᠠ︾᠎ ᠶᠢᠨ ᠱᠠᠩᠨᠠᠯ  ᠬᠦᠷᠳᠡᠭᠰᠡᠨ ᠪᠠᠶᠢᠨ᠎ᠠ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号