ᠣᠯᠠᠭᠠᠠᠮᠦ᠋ᠴᠢᠷ ᠪᠣᠯ ︽ ᠬᠤᠪᠢᠰᠬᠠᠯᠳᠣ ᠣᠳᠬ᠎ᠠ ᠣᠷᠠᠯᠢᠭ ᠤᠨ ᠬᠦᠩᠭᠡᠨ ᠮᠣᠷᠢᠳᠣ ᠴᠡᠷᠢᠭ ︾ | ᠮᠦᠨᠴᠦ ︽ᠬᠤᠪᠢᠰᠬᠠᠯᠳᠣ ᠰᠣᠶᠣᠯ ᠤᠨ ᠠᠵᠢᠯᠯᠠᠬᠤ ᠠᠩᠭᠢ︾ ᠪᠣᠯᠣᠨ᠎ᠠ᠃ ᠰᠦᠨᠢᠳ ᠪᠠᠷᠠᠭᠤᠨ ᠬᠤᠰᠢᠭᠤᠨ ᠤ | ᠣᠯᠠᠭᠠᠠᠮᠦ᠋ᠴᠢᠷ ᠨᠢ ᠳᠣᠮᠳᠠᠳᠣ ᠣᠯᠣᠰ ᠤᠨ ᠣᠣᠭᠠᠨ ᠣᠯᠠᠭᠠᠠᠮᠦ᠋ᠴᠢᠷ ᠪᠠᠶᠢᠵᠣ᠂ 1957 ᠣᠨ ᠳᠤ | ᠪᠠᠶᠢᠭᠤᠯᠤᠭᠳᠠᠭᠰᠨ ᠶᠤᠮ᠃ ᠣᠯᠠᠭᠠᠠᠮᠦ᠋ᠴᠢᠷ ᠨᠢ ᠬᠤᠷᠴᠠ ᠴᠢᠳᠠᠮᠠᠭᠠᠢ ᠡᠩᠨᠡᠭᠡ ᠲᠠᠢ᠂ ᠲᠣᠭᠯᠠᠭᠴᠢᠳ ᠨᠢ ᠨᠢᠭᠡ ᠳᠤ | ᠴᠠᠭᠠᠷᠠᠨ ᠣᠯᠠᠨ ᠳᠤ ᠮᠡᠷᠭᠡᠰᠢᠵᠦ᠂ ᠠᠮᠢᠳᠣᠷᠠᠯ ᠳᠤ ᠣᠶᠢᠷᠠᠳᠣᠭᠰᠠᠨ ᠠᠭᠤᠯᠭ᠎ᠠ ᠪᠦᠬᠦᠢ ᠲᠣᠭᠯᠠᠯᠳᠠ ᠶᠢ ᠦᠪᠡᠷᠳᠡᠭᠡᠨ | ᠵᠣᠬᠢᠶᠠᠨ ᠲᠣᠭᠯᠠᠵᠣ᠂ ᠪᠦᠬᠦ ᠰᠡᠳᠬᠢᠯ ᠪᠦᠬᠦ ᠵᠣᠷᠢᠭ ᠢᠶᠠᠷ ᠮᠠᠯᠴᠢᠨ ᠲᠦᠮᠡᠨ ᠳᠤ ᠦᠢᠯᠡᠴᠢᠯᠡᠬᠦ ᠶᠢ ᠢᠮᠠᠭᠳᠠ | ᠪᠠᠷᠢᠮᠳᠠᠯᠠᠵᠣ᠂ ᠲᠣᠭᠯᠠᠬᠤ᠂ ᠣᠬᠠᠭᠤᠯᠬᠤ᠂ ᠵᠢᠯᠣᠭᠤᠳᠬᠤ᠂ ᠦᠢᠯᠡᠴᠢᠯᠡᠬᠦ᠂ ᠡᠭᠦᠳᠦᠨ ᠪᠦᠲᠦᠭᠡᠬᠦ᠂ ᠰᠢᠨ᠎ᠡ ᠶᠢ | ᠡᠭᠦᠳᠬᠦ ᠵᠢᠷᠭᠤᠭᠠᠨ ᠶᠡᠭᠡ ᠴᠢᠳᠠᠪᠬᠢ ᠪᠠᠨ ᠭᠦᠢᠴᠡᠳ ᠪᠠᠳᠠᠷᠠᠭᠤᠯᠵᠣ᠂ ᠦᠨᠳᠦᠰᠦᠳᠡᠨ ᠤ ᠪᠦᠯᠬᠦᠮᠳᠡᠯ ᠢ | ᠬᠠᠮᠠᠭᠠᠯᠠᠬᠤ᠂ ᠦᠨᠳᠦᠰᠦᠳᠡᠨ ᠤ ᠣᠷᠣᠨ ᠤ ᠰᠣᠶᠣᠯ ᠤᠨ ᠠᠵᠢᠯ ᠦᠢᠯᠡᠰ ᠤᠨ ᠬᠦᠭᠵᠢᠯᠳᠡ ᠶᠢ ᠠᠬᠢᠭᠤᠯᠬᠤ ᠳᠤ | ᠬᠤᠪᠢ ᠨᠡᠮᠡᠷᠢ ᠪᠠᠨ ᠦᠵᠡᠭᠦᠯᠵᠦ ᠪᠣᠢ᠃ | ᠣᠯᠠᠨ ᠵᠢᠯ ᠤᠨ ᠲᠣᠷᠰᠢ᠂ ᠤᠯᠠᠭᠠᠠᠮᠦ᠋ᠴᠢᠷ ᠨᠢ ᠦᠨᠳᠤᠰᠤᠨ ᠱᠠᠳᠤᠨ ᠳᠤ ᠬᠦᠨᠵᠡᠭᠡᠶᠢᠷᠡᠵᠦ ᠦᠷᠭᠡᠨ ᠤᠯᠠᠨ | ᠮᠠᠯᠴᠢᠨ ᠲᠠᠷᠢᠶᠠᠴᠢᠳ ᠲᠤ ᠡᠯᠪᠡᠭ ᠪᠠᠶᠠᠯᠢᠭ ᠠᠭᠤᠯᠭ᠎ᠠ ᠪᠦᠬᠦᠢ ᠲᠤᠭᠯᠠᠯᠳᠠ ᠪᠠᠷ ᠢᠶᠠᠨ ᠨᠡᠮ ᠤᠨ ᠲᠦᠷᠦ ᠶᠢᠨ | ᠪᠤᠳᠤᠯᠭ᠎ᠠ᠂ ᠰᠢᠨᠵᠢᠯᠡᠭᠡ ᠮᠡᠷᠭᠡᠵᠢᠯ ᠤᠨ ᠮᠡᠳᠡᠯᠬᠡ ᠵᠡᠷᠭᠡ ᠶᠢ ᠤᠬᠠᠭᠤᠯᠵᠦ᠂ ᠠᠯᠪᠡᠨ ᠪᠠᠶᠢᠭᠤᠯᠭ᠎ᠠ᠂ ᠴᠡᠷᠢᠭ ᠠᠩᠬᠢ᠂ | ᠠᠵᠦ ᠠᠬᠤᠶᠢᠯᠠᠯ ᠠᠵᠢᠯ ᠦᠢᠯᠡᠰ ᠤᠨ ᠨᠢᠬᠡᠴᠢ᠂ ᠲᠤᠮᠳᠠᠳᠤ ᠪᠠᠭ᠎ᠠ ᠰᠤᠷᠭᠠᠭᠤᠯᠢ᠂ ᠨᠡᠶᠢᠬᠡᠮ ᠲᠤᠭᠤᠷᠢᠭ ᠢᠶᠠᠷ | ᠬᠦᠨᠵᠡᠬᠡᠶᠢᠷᠡᠨ ᠲᠤᠬᠠᠶᠢᠯᠠᠭᠰᠠᠨ ᠠᠵᠢᠯ ᠤᠨ ᠵᠢᠯᠤᠭᠤᠳᠤᠮᠵᠢ ᠬᠢᠬᠦ ᠶᠢᠨ ᠬᠠᠮᠳᠤ ᠡᠯ᠎ᠡ ᠲᠦᠷᠦᠯ ᠤᠨ ᠠᠵᠢᠯᠯᠠᠭ᠎ᠠ | ᠦᠷᠨᠢᠬᠦᠯᠬᠦ ᠳᠤᠨᠢ ᠲᠤᠨᠤᠭ ᠲᠦᠬᠦᠭᠡᠷᠤᠮᠵᠢ᠂ ᠬᠤᠪᠴᠠᠰᠤ ᠵᠠᠰᠠᠯ᠂ ᠬᠦᠭᠵᠢᠮ ᠵᠡᠷᠭᠡ ᠪᠠᠨ ᠦᠨ᠎ᠡ ᠲᠦᠯᠦᠪᠤᠷᠢ | ᠦᠬᠡᠢ ᠭᠡᠷᠡᠭᠯᠡᠬᠦᠯᠵᠦ᠂ ᠦᠷᠭᠡᠨ ᠤᠯᠠᠨ ᠲᠦᠮᠡᠨ ᠤ ᠰᠤᠶᠤᠯ ᠤᠨ ᠠᠮᠢᠳᠣᠷᠠᠯ ᠢ ᠪᠠᠶᠠᠯᠢᠭᠵᠢᠭᠤᠯᠪᠡ᠃ | ᠤᠯᠠᠭᠠᠠᠮᠦ᠋ᠴᠢᠷ ᠤᠨ ᠲᠤᠭᠯᠠᠭᠴᠢᠳ ᠵᠢᠯ ᠳᠤ ᠳᠣᠮᠳᠠᠴᠢ ᠪᠠᠷ ᠮᠠᠯᠵᠢᠬᠤ ᠲᠠᠷᠢᠶᠠᠯᠠᠬᠤ ᠤᠷᠤᠨ ᠳᠤ 100 ᠭᠠᠷᠤᠢ | ᠲᠤᠭᠯᠠᠯᠳᠠ ᠭᠠᠷᠭᠠᠵᠦ᠂ 2 ᠲᠦᠮᠡ ᠭᠠᠷᠤᠢ ᠺᠢᠯᠤᠮᠧᠲᠷ ᠠᠶᠠᠯᠠᠵᠦ ᠪᠠᠶᠢᠨ᠎ᠡ᠃ ᠤᠯᠠᠭᠠᠠᠮᠦ᠋ᠴᠢᠷ ᠨᠢ ᠪᠠᠰᠠ | ᠭᠠᠳᠠᠭᠰᠢ ᠤᠬᠠᠭᠤᠯᠬᠤ ᠦᠢᠯᠡᠳᠤᠯ ᠢᠶᠠᠨ ᠬᠦᠢᠴᠡᠳ ᠪᠠᠳᠠᠷᠠᠭᠤᠯᠵᠦ᠂ ᠤᠷᠢᠳ ᠬᠤᠵᠢᠳ ᠰᠢᠶᠠᠩᠭᠠᠩ᠂ ᠤᠤᠮᠸᠡ᠂ | ᠵᠧᠵᠢᠶᠠᠩ᠂ ᠶᠠᠨ ᠠᠨ ᠵᠡᠷᠭᠡ ᠤᠯᠤᠰ ᠤᠨ ᠲᠤᠳᠤᠭᠠᠳᠤ ᠶᠢᠨ 20 ᠭᠠᠷᠤᠢ ᠮᠤᠵᠢ ᠬᠤᠳᠠ ᠳᠤ ᠬᠦᠷᠴᠦ ᠲᠤᠭᠯᠠᠯᠳᠠ | ᠭᠠᠷᠭᠠᠪᠠ᠃ ᠠᠮᠧᠷᠢᠺᠠ ᠶᠢᠨ ᠰᠠᠨᠲ᠋ᠢᠶᠠᠭᠤ᠋᠂ ᠯᠠᠰ ᠸᠢᠭᠠᠰ᠂ ᠮᠸᠡᠭᠳ᠋ᠷᠢᠶᠠ ᠵᠡᠷᠭᠡ ᠭᠠᠵᠡᠷ ᠢᠶᠠᠷ ᠲᠤᠭᠤᠷᠢᠨ ᠲᠤᠭᠯᠠᠯᠳᠠ | ᠬᠢᠵᠦ᠂ ᠠᠦ᠋ᠰᠲᠷᠢᠶ᠎ᠠ ᠶᠢᠨ ᠨᠡᠶᠢᠰᠯᠡᠯ ᠸᠧᠶᠧᠨᠠ ᠶᠢᠨ ᠠᠯᠳᠠᠨ ᠤᠷᠳᠤᠨ ᠳᠤ ︽ᠰᠠᠯᠼᠪᠦ᠋ᠷᠡᠭ ᠤᠨ ᠤᠯᠠᠨ | ᠤᠯᠤᠰ ᠤᠨ ᠲᠠᠭᠤᠤ ᠬᠦᠭᠵᠢᠮ ᠤᠨ ᠴᠤᠭᠯᠠᠭᠠᠨ︾ ᠳᠤ ᠤᠷᠤᠯᠴᠠᠪᠠ᠃ ᠤᠯᠠᠭᠠᠠᠪᠠᠭᠠᠳᠤᠷ ᠲᠤ ᠬᠦᠷᠴᠦ | ᠭᠤᠷᠪᠡᠳᠤᠭᠠᠷ ᠬᠤᠭᠤᠴᠠᠭᠠᠨ ᠤ ︽ᠮᠤᠩᠭᠤᠯ ᠪᠦᠵᠢᠭ ᠤᠨ ᠦᠵᠡᠬᠦᠯᠦᠯᠬᠡ ᠶᠢᠨ ᠲᠤᠭᠯᠠᠯᠳᠠ︾ ᠳᠤ | ᠤᠷᠤᠯᠴᠠᠭᠰᠠᠨ ᠤ ᠬᠠᠮᠳᠤ ᠮᠤᠩᠭᠤᠯ ᠤᠯᠤᠰ ᠤᠨ ᠤᠯᠤᠰ ᠤᠨ ᠪᠠᠶᠠᠷ ᠢ ᠪᠡᠯᠭᠡᠯᠡᠬᠦ ᠶᠤᠰᠤᠯᠠᠯ ᠳᠤ ᠲᠤᠭᠯᠠᠯᠳᠠ | ᠭᠠᠷᠭᠠᠪᠡ᠃ ᠠᠹᠷᠢᠺᠠ ᠲᠢᠪ ᠤᠨ ᠪᠦᠷᠦᠨᠳᠢ ᠳᠤ ᠬᠦᠷᠴᠦ ᠲᠤᠭᠯᠠᠯᠳᠠ ᠭᠠᠷᠭᠠᠨ᠂ ᠲᠠᠯ᠎ᠠ ᠨᠤᠳᠤᠭ ᠤᠨ | ᠦᠨᠳᠤᠰᠤᠳᠠᠨ ᠤ ᠢᠵᠠᠭᠤᠷ ᠰᠤᠶᠤᠯ ᠢᠶᠠᠨ ᠲᠡᠯᠡᠭᠡᠢ ᠳᠤ ᠲᠠᠨᠢᠭᠤᠯᠵᠦ᠂ ᠲᠡᠯᠡᠭᠡᠢ ᠶᠢᠨ ᠬᠦᠮᠦᠰ ᠲᠤ ᠲᠠᠯ᠎ᠠ | ᠨᠤᠳᠤᠭ ᠤᠨ ᠦᠨᠳᠤᠰᠤᠳᠠᠨ ᠤ ᠰᠤᠶᠤᠯ ᠪᠡ ᠤᠷᠠᠯᠢᠭ ᠤᠨ ᠷᠢᠳᠢ ᠰᠢᠳᠢ ᠶᠢ ᠭᠠᠶᠢᠬᠠᠭᠤᠯᠤᠭᠰᠠᠨ ᠪᠠᠶᠢᠨ᠎ᠡ᠃ | 2018 ᠣᠨ ᠳᠤ ᠲᠦᠪ ᠤᠨ ᠣᠬᠠᠭᠤᠯᠬᠤ ᠬᠡᠯᠳᠡᠰ᠂ ᠰᠣᠶᠣᠯ ᠤᠨ ᠶᠠᠮᠣᠨ᠂ ᠣᠯᠣᠰ ᠤᠨ ᠰᠣᠨᠢᠨ ᠮᠡᠳᠡᠭᠡ | ᠬᠡᠪᠯᠡᠯ ᠷᠠᠳᠢᠤ᠋ ᠲᠧᠯᠸᠢᠰ ᠤᠨ ᠶᠡᠷᠦᠩᠭᠡᠢ ᠲᠣᠪᠴᠢᠶᠠᠨ ᠠᠴᠠ ︽ᠳᠣᠯᠣᠳᠣᠭᠠᠷ ᠬᠤᠭᠤᠴᠠᠭᠠᠨ ᠤ ᠪᠦᠬᠦ ᠣᠯᠣᠰ ᠤᠨ | ᠮᠠᠯᠴᠢᠨ ᠲᠠᠷᠢᠶᠠᠴᠢᠨ ᠳᠤ ᠦᠢᠯᠡᠴᠢᠯᠡᠵᠦ᠂ ᠦᠨᠳᠦᠰᠦᠨ ᠱᠠᠳᠣᠨ ᠤ ᠰᠣᠶᠣᠯ ᠤᠨ ᠪᠠᠶᠢᠭᠤᠯᠣᠯᠳᠠ ᠳᠤ | ᠦᠢᠯᠡᠴᠢᠯᠡᠭᠰᠡᠨ︾ ᠲᠡᠷᠢᠭᠦᠨ ᠤ ᠬᠠᠮᠳᠣ ᠨᠡᠶᠢᠳᠡ ᠪᠠᠷ ᠦᠨᠡᠯᠡᠪᠡ᠃ ᠡᠪ ᠬᠠᠮᠳᠣ ᠵᠠᠯᠠᠭᠤᠴᠣᠳ ᠤᠨ ᠡᠪᠯᠡᠯ ᠤᠨ | ᠲᠦᠪ ᠬᠤᠷᠢᠶ᠎ᠠ᠂ ᠪᠦᠬᠦ ᠣᠯᠣᠰ ᠤᠨ ᠵᠠᠯᠠᠭᠤᠴᠣᠳ ᠤᠨ ᠬᠤᠯᠪᠣᠭ᠎ᠠ ᠠᠴᠠ ᠣᠯᠠᠭᠠᠠᠮᠦ᠋ᠴᠢᠷ ᠤᠨ ᠬᠠᠮᠳᠣ ᠨᠡᠶᠢᠳᠡ ᠳᠤ | ︽ᠳᠣᠮᠳᠠᠳᠣ ᠣᠯᠣᠰ ᠤᠨ ᠵᠠᠯᠠᠭᠤᠴᠣᠳ ᠤᠨ ᠲᠠᠪᠣᠨ ᠰᠠᠷ᠎ᠠ ᠶᠢᠨ ᠳᠦᠷᠪᠡᠨ ᠤ ᠮᠧᠳᠠᠯ︾ ᠣᠯᠭᠤᠪᠠ᠃ | ᠦᠪᠡᠷᠳᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠣᠬᠠᠭᠤᠯᠬᠤ ᠬᠡᠯᠳᠡᠰ ᠠᠴᠠ ︽ᠣᠮᠠᠷᠠᠳᠣ ᠬᠢᠯᠢ ᠶᠢᠨ | ᠵᠢᠱᠢᠶᠡᠴᠢ︾ ᠶᠢᠨ ᠢᠷᠠᠭᠤ ᠠᠯᠳᠠᠷ ᠢ ᠣᠯᠭᠤᠪᠠ᠃ 2019 ᠣᠨ ᠳᠤ ᠦᠪᠡᠷᠳᠡᠭᠡᠨ ᠵᠠᠰᠠᠬᠤ ᠣᠷᠣᠨ ᠤ | ᠡᠮᠡᠭᠳᠠᠶᠢᠴᠣᠳ ᠤᠨ ᠬᠤᠯᠪᠣᠭ᠎ᠠ ᠠᠴᠠ ︽ᠪᠦᠬᠦ ᠣᠷᠣᠨ ᠤ 3.8 ᠤ ᠣᠯᠠᠭᠠᠨ ᠲᠣᠭᠴᠢ ᠶᠢᠨ ᠬᠠᠮᠳᠣ ᠨᠡᠶᠢᠳᠡ︾ ᠪᠠᠷ | ᠦᠨᠡᠯᠡᠪᠡ᠃ ᠣᠯᠠᠨ ᠵᠢᠯ ᠤᠨ ᠲᠣᠷᠰᠢ ︽ᠨᠢᠭᠡᠳᠦᠭᠡᠷ ᠲᠦᠷᠦᠯ ᠤᠨ ᠣᠯᠠᠭᠠᠠᠮᠦ᠋ᠴᠢᠷ︾ ︽ᠠᠷᠪᠠᠨ ᠰᠣᠳᠣᠨ | ᠣᠯᠠᠭᠠᠠᠮᠦ᠋ᠴᠢᠷ︾ ︽ᠬᠤᠶᠠᠷ ᠲᠤ ᠦᠢᠯᠡᠴᠢᠯᠡᠭᠰᠡᠨ ᠲᠡᠷᠢᠭᠦᠨ ᠤ ᠣᠯᠠᠭᠠᠠᠮᠦ᠋ᠴᠢᠷ︾ ︽ᠰᠢᠨᠵᠢᠯᠡᠬᠦ ᠣᠬᠠᠭᠠᠨ ᠢ | ᠲᠦᠭᠡᠮᠡᠯᠵᠢᠭᠦᠯᠬᠦ ᠣᠯᠠᠭᠠᠠᠮᠦ᠋ᠴᠢᠷ︾ ᠵᠡᠷᠭᠡ ᠢᠷᠡᠭᠤ ᠠᠯᠳᠠᠷ ᠢᠶᠠᠨ ᠢᠮᠠᠭᠳᠠ ᠪᠠᠷᠢᠮᠳᠠᠯᠠᠭᠰᠠᠭᠠᠷ ᠢᠷᠡᠪᠡ᠃ ᠪᠦᠬᠦ | ᠣᠷᠣᠨ ᠤ ᠣᠳᠬ᠎ᠠ ᠣᠷᠠᠯᠢᠭ ᠤᠨ ᠳᠠᠶᠢᠯᠣᠨ ᠲᠣᠭᠯᠠᠯᠳᠠ ᠶᠢᠨ ᠬᠠᠮᠳᠣ ᠨᠡᠶᠢᠳᠡ ᠶᠢᠨ ︽ᠠᠯᠳᠠᠨ ᠮᠧᠳᠡᠯ︾ | ︽ᠨᠢᠭᠡ ᠳᠤ ᠴᠠᠭᠠᠷᠠᠨ ᠣᠯᠠᠨ ᠳᠤ ᠮᠡᠷᠭᠡᠰᠢᠭᠰᠡᠨ ᠬᠠᠮᠳᠣ ᠨᠡᠶᠢᠳᠡ ᠶᠢᠨ ᠱᠠᠩᠨᠠᠯ︾ ᠢ ᠣᠯᠠᠨᠳᠠ ᠬᠦᠷᠳᠡᠪᠡ᠃ | 2017 ᠤᠨ ᠤ 11 ᠰᠠᠷ᠎ᠠ ᠶᠢᠨ 21 ᠤ ᠡᠳᠤᠷ᠂ ᠰᠢ ᠶᠢᠨ ᠫᠢᠩ ᠶᠡᠷᠦᠩᠭᠡᠢ ᠱᠦᠵᠢ ᠠᠴᠠ ᠦᠪᠤᠷ | ᠮᠤᠩᠭᠤᠯ ᠤᠨ ᠰᠦᠨᠢᠳ ᠪᠠᠷᠠᠭᠤᠨ ᠬᠤᠰᠢᠭᠤᠨ ᠤ ᠤᠯᠠᠭᠠᠠᠮᠦ᠋ᠴᠢᠷ ᠲᠤ ᠢᠯᠡᠭᠡᠭᠰᠡᠨ ᠬᠠᠷᠢᠭᠤ ᠵᠠᠬᠢᠳᠠᠯ | ᠳᠤ ︽ᠠᠷᠠᠳ ᠲᠦᠮᠡᠨ ᠳᠤ ᠤᠷᠠᠯᠢᠭ ᠱᠠᠭᠠᠷᠳᠠᠭᠳᠠᠬᠤ ᠪᠦᠬᠡᠳ ᠤᠷᠠᠯᠢᠭ ᠴᠦ ᠠᠷᠠᠳ ᠲᠦᠮᠡᠨ ᠠᠴᠠ ᠰᠠᠯᠵᠦ | ᠴᠢᠳᠠᠰᠢ ᠦᠬᠡᠢ︾ ᠭᠡᠬᠦ ᠨᠡᠶᠢᠬᠡᠮ ᠵᠢᠷᠤᠮ ᠤᠨ ᠤᠳᠬ᠎ᠠ ᠤᠷᠠᠯᠢᠭ ᠤᠨ ᠮᠦᠨ ᠴᠢᠨᠡᠷ ᠢ ᠬᠦᠨᠵᠡᠬᠡᠢ ᠬᠠᠷᠠᠭᠤᠯᠵᠦ᠂ | ᠤᠯᠠᠭᠠᠠᠮᠦ᠋ᠴᠢᠷ ᠤᠨ ᠠᠮᠵᠢᠯᠳᠠ ᠪᠦᠳᠤᠮᠵᠢ ᠶᠢ ᠬᠦᠢᠴᠡᠳ ᠨᠤᠳᠠᠯᠠᠨ᠂ ᠤᠯᠠᠭᠠᠠᠮᠦ᠋ᠴᠢᠷ ᠤᠨ ᠰᠢᠯᠢᠳᠡᠭ | ᠤᠯᠠᠮᠵᠢᠯᠠᠯ ᠢᠶᠠᠨ ᠶᠡᠭᠡᠪᠡᠷ ᠪᠠᠳᠠᠷᠠᠭᠤᠯᠬᠤ ᠶᠢ ᠵᠤᠷᠢᠭᠵᠢᠭᠤᠯᠵᠦ᠂ ᠦᠨᠢ ᠡᠬᠦᠷᠢᠳᠡ ᠲᠠᠯ᠎ᠠ ᠨᠤᠳᠤᠭ ᠤᠨ | ︽ᠬᠤᠪᠢᠰᠬᠠᠯᠳᠤ ᠤᠳᠬ᠎ᠠ ᠤᠷᠠᠯᠢᠭ ᠤᠨ ᠬᠦᠩᠭᠡᠨ ᠮᠤᠷᠢᠳᠤ ᠴᠡᠷᠢᠭ︾ ᠪᠣᠯᠰᠣᠭᠠᠢ ᠬᠡᠰᠡᠨ ᠵᠠᠬᠢᠶ᠎ᠠ ᠨᠢ ᠰᠢᠨ᠎ᠡ ᠴᠠᠭ | ᠦᠶ᠎ᠠ ᠶᠢᠨ ᠤᠯᠠᠭᠠᠠᠮᠦ᠋ᠴᠢᠷ ᠤᠨ ᠬᠦᠭᠵᠢᠯᠳᠡ ᠳᠤ ᠤᠷᠤᠭᠰᠢᠯᠠᠬᠤ ᠴᠢᠭᠯᠡᠯ ᠢ ᠵᠢᠭᠠᠵᠦ ᠦᠭᠬᠦᠭᠰᠡᠨ ᠮᠦᠷᠳᠡᠭᠡᠨ | ᠦᠪᠤᠷ ᠮᠤᠩᠭᠤᠯ ᠪᠡ ᠪᠦᠬᠦ ᠤᠯᠤᠰ ᠤᠨ ᠤᠳᠬ᠎ᠠ ᠤᠷᠠᠯᠢᠭ ᠤᠨ ᠦᠢᠯᠡᠰ ᠤᠨ ᠦᠷᠨᠢᠬᠦᠨ ᠬᠦᠭᠵᠢᠯᠳᠡ ᠳᠤ | ᠴᠢᠬᠤᠯᠠ ᠵᠢᠷᠤᠮᠯᠠᠯ ᠢ ᠬᠠᠩᠭᠠᠪᠡ᠃ | ᠰᠦᠨᠢᠳ ᠪᠠᠷᠠᠭᠤᠨ ᠬᠤᠰᠢᠭᠤᠨ ᠤ ᠤᠯᠠᠭᠠᠨᠮᠦ᠋ᠴᠢᠷ ᠤᠨ ᠲᠤᠭᠯᠠᠭᠴᠢᠳ ᠨᠢ ᠰᠢ ᠶᠢᠨ ᠫᠢᠩ ᠶᠡᠷᠦᠩᠬᠡᠢ | ᠱᠦᠵᠢ ᠶᠢᠨ ᠬᠦᠰᠡᠯ ᠨᠠᠶᠢᠳᠠᠯᠭ᠎ᠠ ᠶᠢ ᠡᠭᠦᠷᠢᠳᠡ ᠪᠠᠳᠤ ᠴᠡᠭᠡᠵᠢᠯᠡᠵᠦ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ | ᠲᠤᠮᠳᠠᠲᠦ ᠤᠯᠤᠰ ᠤᠨ ᠤᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠤᠯᠭᠠᠨ᠂ | ᠨᠡᠶᠢᠬᠡᠮ ᠵᠢᠷᠤᠮ ᠤᠨ ᠲᠠᠷᠢᠬᠦᠨ ᠤ ᠰᠤᠶᠤᠯ ᠤᠨ ᠲᠤᠭ ᠢ ᠦᠨᠳᠤᠷ ᠮᠠᠨᠳᠤᠭᠤᠯᠵᠦ᠂ ᠰᠤᠶᠤᠯ ᠤᠨ ᠢᠳᠡᠭᠡᠯ ᠪᠡ | ᠰᠤᠶᠤᠯ ᠤᠨ ᠤᠬᠠᠮᠰᠠᠷ ᠢᠶᠠᠨ ᠨᠡᠮᠡᠭᠳᠡᠬᠦᠯᠦᠨ᠂ ᠠᠷᠠᠳ ᠲᠦᠮᠡᠨ ᠤ ᠡᠳᠤᠷ ᠢᠷᠡᠬᠦᠶ᠎ᠠ ᠨᠡᠮᠡᠭᠳᠡᠵᠦ ᠪᠠᠶᠢᠭ᠎ᠠ ᠰᠠᠶᠢᠨ | ᠰᠠᠶᠢᠬᠠᠨ ᠠᠮᠢᠳᠤᠷᠠᠯ ᠤᠨ ᠭᠡᠷᠡᠭᠴᠡᠭᠡ ᠶᠢ ᠬᠠᠩᠭᠠᠬᠤ ᠰᠢᠨ᠎ᠡ ᠡᠬᠦᠷᠭᠡ ᠶᠢ ᠡᠬᠦᠷᠭᠡᠯᠡᠵᠦ᠂ ᠦᠨᠳᠦᠰᠦᠳᠡᠨ ᠨᠦᠭᠦᠳ ᠤᠨ | ᠬᠠᠮᠲᠦ ᠶᠢᠨ ᠤᠶᠤᠨ ᠰᠠᠨᠠᠭᠠᠨ ᠤ ᠭᠡᠷ ᠤᠷᠤᠨ ᠢᠶᠠᠨ ᠪᠠᠳᠤ ᠰᠠᠬᠢᠵᠦ᠂ ᠡᠬᠡ ᠤᠯᠤᠰ ᠤᠨ ᠤᠮᠠᠷᠠᠲᠦ ᠬᠢᠯᠢ ᠶᠢᠨ | ᠰᠤᠶᠤᠯ ᠦᠷᠨᠢᠨ ᠬᠦᠭᠵᠢᠭᠰᠡᠨ ᠦᠵᠡᠰᠬᠦᠯᠡᠩᠲᠦ ᠰᠠᠶᠢᠬᠠᠨ ᠦᠵᠡᠮᠵᠢ ᠶᠢᠨ ᠤᠷᠤᠨ ᠢ ᠪᠦᠲᠦᠭᠡᠨ ᠪᠠᠶᠢᠭᠤᠯᠬᠤ ᠶᠢᠨ | ᠲᠦᠯᠦᠭᠡ ᠬᠤᠪᠢ ᠨᠡᠮᠡᠷᠢ ᠪᠠᠨ ᠬᠠᠨᠳᠢᠪᠯᠠᠬᠤ ᠪᠠᠷ ᠬᠦᠴᠦᠯᠡᠨ ᠴᠢᠷᠮᠠᠶᠢᠵᠣ ᠪᠣᠢ᠃ | 60 ᠵᠢᠯ ᠤᠨ ᠲᠣᠷᠰᠢ᠂ ᠨᠠᠮ ᠤᠨ ᠦᠨᠳᠦᠰᠦᠳᠡᠨ ᠤ ᠲᠦᠷᠦ ᠶᠢᠨ ᠪᠣᠳᠣᠯᠭ᠎ᠠ ᠶᠢᠨ ᠲᠣᠶᠠᠭᠠᠯᠠᠯ ᠪᠣᠯᠣᠨ | ᠨᠠᠮ ᠤᠨ ᠣᠳᠬ᠎ᠠ ᠣᠷᠠᠯᠢᠭ ᠤᠨ ᠦᠵᠡᠯ ᠰᠠᠨᠠᠭᠠᠨ ᠤ ᠵᠢᠯᠣᠭᠤᠳᠣᠯᠭ᠎ᠠ ᠲᠣᠣᠷ᠎ᠠ᠂ ᠦᠪᠦᠷ ᠮᠣᠩᠭᠤᠯ ᠤᠨ | ᠣᠯᠠᠭᠠᠠᠮᠦ᠋ᠴᠢᠷ ᠤᠨ ᠠᠵᠢᠯ ᠦᠢᠯᠡᠰ ᠲᠠᠰᠣᠷᠠᠯᠳᠠ ᠦᠭᠡᠢ ᠬᠦᠭᠵᠢᠨ ᠪᠣᠵᠠᠭᠠᠶᠢᠷᠠᠵᠣ᠂ ︽ᠪᠦᠬᠦ ᠣᠯᠣᠰ ᠤᠨ | ᠣᠳᠬ᠎ᠠ ᠣᠷᠠᠯᠢᠭ ᠤᠨ ᠹᠷᠣᠨᠲ ᠳᠡᠭᠡᠷᠡᠬᠢ ᠨᠢᠭᠡᠨ ᠲᠤᠭ︾ ᠬᠡᠮᠡᠬᠦ ᠡᠷᠬᠢᠮ ᠳᠡᠭᠡᠲᠦ ᠢᠷᠠᠭᠤ ᠠᠯᠳᠠᠷ ᠢᠶᠠᠨ ᠢᠮᠠᠭᠳᠠ | ᠬᠠᠳᠠᠭᠠᠯᠠᠭᠰᠠᠭᠠᠷ ᠢᠷᠡᠪᠡ᠃ | |