ᠠᠬ᠎ᠠ ᠳᠡᠭᠦᠣ ᠶᠢᠨ ᠶᠣᠰᠣᠨ ᠢ ᠬᠦᠢᠴᠡᠳᠭᠡᠬᠦ
ᠨᠡᠶᠢᠲᠡᠯᠡᠭᠰᠡᠨ ᠴᠠᠭ᠄
2022/11/29
      ᠠᠬ᠎ᠠ ᠳᠡᠭᠦᠣ ᠶᠢᠨ ᠶᠣᠰᠣᠨ ᠢ ᠬᠦᠢᠴᠡᠳᠭᠡᠬᠦ                                ᠪᠦ᠊᠂ ᠪᠠᠭᠠᠳᠣᠷ ᠣᠷᠴᠢᠭᠤᠯᠪᠠ ᠠᠬ᠎ᠠ ᠨᠢ ᠳᠡᠭᠦᠣ ᠪᠠᠨ ᠬᠠᠶᠢᠷᠠᠯᠠᠨ ᠳᠡᠭᠦᠣ ᠨᠢ ᠠᠬ᠎ᠠ ᠪᠠᠨ ᠬᠦᠨᠳᠣᠳᠬᠡᠨ ᠠᠰᠢᠳᠠ ᠶᠢᠨ ᠡᠶ᠎ᠡ ᠨᠠᠶᠢᠷᠲᠠᠢ ᠪᠠᠶᠢᠵᠣ ᠠᠴᠢᠯᠠᠯ ᠢ ᠬᠦᠢᠴᠡᠳᠬᠡᠬᠦ ᠨᠢ ᠡᠭᠦᠨ ᠳᠤᠷ ᠠᠬᠤᠭᠤᠯᠣᠭᠳᠠᠮᠣᠢ ᠵᠣᠭᠤᠰ ᠮᠦᠩᠭᠦ ᠶᠢ ᠬᠦᠩᠭᠡᠨ ᠢᠶᠠᠷ ᠦᠵᠡᠪᠡᠯ ᠵᠠᠨᠣᠯ ᠬᠤᠷᠣᠰᠣᠯ ᠬᠠᠮᠢᠭ᠎ᠠ ᠠᠴᠠ ᠨᠢ ᠭᠠᠷᠬᠤ ᠪᠣᠢ ᠦᠭᠡ ᠬᠡᠯᠡᠬᠦ ᠳᠡᠭᠡᠨ ᠬᠠᠷᠢᠯᠴᠠᠨ ᠨᠠᠶᠢᠷ ᠲᠠᠯᠪᠢᠪᠠᠯ ᠦᠰᠢᠶ᠎ᠡ ᠬᠤᠷᠣᠰᠣᠯ ᠠᠶᠠᠨᠳᠠᠭᠠᠨ ᠣᠰᠠᠳᠮᠣᠢ ᠠᠶᠠᠭ᠎ᠠ ᠬᠤᠭᠤᠯᠠ ᠢᠳᠡᠭᠦ ᠳᠡᠭᠡᠨ ᠠᠶᠠᠯᠠᠵᠣ ᠰᠠᠭᠤᠵᠣ ᠶᠠᠪᠣᠬᠤ ᠳᠠᠭᠠᠨ ᠠᠬᠠᠮᠠᠳ ᠲᠣᠮᠣᠭᠠᠳᠠᠳ ᠣᠷᠢᠳᠠᠪᠡᠷ ᠬᠡᠣᠬᠡᠳ ᠪᠠᠭᠠᠴᠣᠣᠯ ᠰᠡᠭᠦᠯᠡᠷ ᠠᠬᠠᠮᠠᠳ ᠭᠦᠮᠦᠨ ᠤ ᠵᠠᠬᠢᠶ᠎ᠠ ᠶᠢ ᠠᠪᠣᠨ ᠣᠴᠢᠵᠣ ᠬᠦᠯᠢᠶᠡᠮᠣᠢ ᠠᠰᠳᠠᠭᠠᠨ ᠬᠦᠮᠦᠨ ᠦᠭᠡᠢ ᠪᠣᠯᠪᠠᠯ ᠪᠡᠶ᠎ᠡ ᠪᠠᠷ ᠢᠶᠠᠨ ᠣᠴᠢᠵᠣ ᠪᠡᠶᠡᠯᠡᠭᠦᠯᠦᠮᠣᠢ ᠨᠠᠰᠣ ᠠᠬ᠎ᠠ ᠬᠦᠮᠦᠨ ᠢ ᠳᠠᠭᠤᠳᠠᠬᠤ ᠳᠠᠭᠠᠨ ᠨᠡᠷ᠎ᠡ ᠶᠢ ᠨᠢ ᠰᠢᠭᠤᠳ ᠬᠡᠯᠡᠬᠦ ᠦᠬᠡᠢ ᠨᠠᠰᠣᠳᠠᠨ ᠲᠣᠮᠣᠭᠠᠳᠠᠳ ᠤᠨ ᠡᠮᠣᠨ᠎ᠡ ᠨᠡᠷᠡᠯᠭᠡᠵᠣ ᠶᠡᠭᠡ ᠮᠡᠳᠡᠮᠡᠬᠡᠶᠢᠷᠡᠬᠦ ᠦᠭᠡᠢ ᠵᠠᠮ ᠤᠨ ᠭᠤᠳᠣᠰ ᠲᠤ ᠠᠭᠤᠯᠵᠠᠪᠠᠯ ᠵᠠᠪᠳᠣᠵᠣ ᠣᠷᠢᠳᠠᠪᠡᠷ ᠶᠣᠰᠣ ᠬᠢᠮᠣᠢ ᠵᠠᠯᠭᠠᠭᠠᠳ ᠦᠭᠡ ᠦᠭᠡᠢ ᠪᠣᠯᠪᠠᠯ ᠵᠠᠶᠢᠯᠠᠵᠣ ᠲᠦᠪ ᠵᠣᠭᠰᠣᠮᠣᠢ ᠭᠦᠯᠦᠭ ᠮᠣᠷᠢ ᠲᠠᠢ ᠪᠣᠯ ᠡᠮᠡᠭᠡᠯ ᠠᠴᠠ ᠪᠠᠨ ᠪᠠᠭᠤᠵᠣ ᠭᠦᠷᠳᠣᠳᠣ ᠲᠡᠷᠭᠡ ᠲᠠᠢ ᠪᠣᠯ ᠰᠠᠭᠤᠳᠠᠯ ᠠᠴᠠ ᠪᠠᠨ ᠪᠠᠭᠤᠵᠣ ᠭᠦᠯᠢᠶᠡᠵᠣ ᠪᠠᠶᠢᠭᠠᠳ ᠵᠠᠭᠤᠨ ᠠᠯᠬᠤᠮ ᠵᠠᠶᠢᠳᠠᠪᠠᠯ ᠰᠠᠶ᠋ᠢ ᠭᠦᠳᠡᠯᠵᠣ ᠴᠢᠨᠠᠭᠰᠢ ᠠᠶᠠᠷᠯᠠᠵᠣ ᠪᠣᠯᠣᠮᠣᠢ ᠠᠬᠠᠮᠠᠳ ᠲᠣᠮᠣᠭᠠᠳᠠᠨ ᠵᠣᠭᠰᠣᠵᠣ ᠪᠠᠶᠢᠪᠠᠯ ᠬᠡᠣᠬᠡᠳ ᠪᠠᠭᠠᠴᠣᠣᠯ ᠰᠠᠭᠤᠵᠣ ᠪᠣᠯᠬᠤ ᠦᠭᠡᠢ ᠠᠬᠠᠮᠠᠳ ᠲᠣᠮᠣᠭᠠᠳᠠᠨ ᠰᠠᠭᠤᠭᠰᠠᠨ ᠤ ᠳᠠᠷᠠᠭ᠎ᠠ ᠰᠠᠭᠤ ᠭᠡᠪᠡᠯ ᠰᠠᠶ᠋ᠢ ᠰᠠᠭᠤᠵᠣ ᠪᠣᠯᠣᠮᠣᠢ ᠠᠬᠠᠮᠠᠳ ᠲᠣᠮᠣᠭᠠᠳᠠᠨ ᠤ ᠡᠮᠣᠨ᠎ᠡ ᠠᠶᠠᠯᠭᠤ ᠲᠠᠭᠤᠨ ᠲᠣᠣᠷ᠎ᠠ ᠪᠠᠶᠢᠮᠣᠢ ᠠᠮᠠᠨ ᠲᠣᠳᠣᠷ᠎ᠠ ᠪᠠᠨ ᠶᠠᠷᠢᠭᠠᠳ ᠠᠷᠠᠢ ᠰᠣᠨᠣᠰᠳᠠᠬᠤ ᠦᠭᠡᠢ ᠪᠠᠰᠠ ᠵᠣᠬᠢᠰ ᠦᠭᠡᠢ ᠠᠭᠤᠯᠵᠠᠬᠤ ᠳᠠᠭᠠᠨ ᠲᠦᠷᠭᠡᠨ ᠡᠮᠣᠨ᠎ᠡ ᠨᠢ ᠬᠦᠷᠴᠣ ᠣᠬᠤᠷᠢᠬᠤ ᠳᠠᠭᠠᠨ ᠠᠯᠭᠤᠷ ᠬᠤᠶᠢᠰᠢᠯᠠᠮᠣᠢ ᠠᠰᠠᠭᠤᠯᠳᠠ ᠶᠢ ᠪᠣᠰᠴᠣ ᠵᠣᠭᠰᠣᠨ ᠬᠠᠷᠢᠭᠤᠯᠵᠣ ᠠᠰᠬᠠᠨ ᠬᠠᠷᠠᠴᠠ ᠰᠢᠯᠵᠢᠰᠢ ᠦᠭᠡᠢ ᠪᠠᠶᠢᠮᠣᠢ ᠪᠣᠰᠣᠳ ᠤᠨ ᠡᠴᠢᠭᠡ ᠳᠤ ᠬᠠᠨᠳᠣᠬᠤ ᠳᠠᠭᠠᠨ ᠦᠪᠡᠷ ᠤᠨ ᠡᠴᠢᠭᠡ ᠲᠠᠢ ᠪᠠᠨ ᠠᠳᠠᠯᠢ ᠪᠣᠰᠣᠳ ᠤᠨ  ᠠᠬ᠎ᠠ ᠳᠤ ᠬᠠᠨᠳᠣᠬᠤ ᠳᠠᠭᠠᠨ ᠦᠪᠡᠷ ᠤᠨ ᠠᠬ᠎ᠠ ᠲᠠᠢ ᠪᠠᠨ ᠠᠳᠠᠯᠢ
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号