ᠣᠶᠢᠷ᠎ᠠ ᠳᠤ ᠰᠤᠷᠭᠠᠨ ᠬᠥᠮᠦᠵᠢᠯ ᠤᠨ ᠶᠠᠮᠤᠨ᠂ ᠳᠣᠲᠣᠭᠠᠳᠤ ᠶᠢ ᠬᠠᠮᠠᠭᠠᠯᠠᠬᠤ ᠶᠠᠮᠤᠨ᠂ ᠵᠠᠬ᠎ᠠ | ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠶᠡᠷᠦᠩᠬᠡᠶ ᠲᠣᠪᠴᠢᠶ᠎ᠠ ᠬᠠᠮᠲᠤᠷᠠᠨ ᠪᠠᠶᠢᠷᠢᠯᠠᠭᠤᠯᠤᠯᠲᠠ ᠬᠢᠵᠦ᠂ | ᠳᠤᠮᠳᠠᠳᠤ ᠰᠤᠷᠭᠠᠭᠤᠯᠢ ᠶᠢᠨ ᠰᠣᠷᠣᠭᠴᠢ ᠪᠤᠶᠤ ᠨᠠᠰᠤᠨ ᠳᠤ ᠥᠯᠥ ᠬᠦᠷᠦᠭᠰᠡᠳ ᠲᠤ ᠬᠠᠨᠳᠤᠭᠤᠯᠤᠭᠰᠠᠨ | ᠤᠷᠠᠯᠢᠭ ᠤᠨ ᠰᠢᠯᠭᠠᠯᠲᠠ ᠶᠢᠨ ᠪᠣᠯᠪᠠᠰᠤᠷᠠᠭᠤᠯᠤᠯ ᠤᠨ ᠪᠠᠶᠢᠭᠤᠯᠤᠮᠵᠢ ᠳᠤ ᠲᠤᠰᠬᠠᠶ ᠵᠠᠰᠠᠯᠲᠠ ᠶᠢᠨ ᠠᠵᠢᠯᠯᠠᠭ᠎ᠠ | ᠥᠷᠨᠢᠭᠦᠯᠪᠡ᠃ | ᠲᠤᠰᠬᠠᠶ ᠠᠵᠢᠯᠯᠠᠭ᠎ᠠ ᠨᠢ ᠳᠥᠷᠪᠡᠨ ᠲᠠᠯ᠎ᠠ ᠶᠢᠨ ᠠᠵᠢᠯ ᠳᠤ ᠠᠩᠬᠠᠷᠤᠯ ᠢᠶᠠᠨ ᠲᠥᠪᠯᠡᠷᠡᠭᠦᠯᠦᠨ᠎ᠡ᠄ ᠪᠥᠬᠦ | ᠲᠠᠯ᠎ᠠ ᠪᠠᠷ ᠵᠢᠭᠰᠠᠭᠠᠨ ᠪᠠᠶᠢᠴᠠᠭᠠᠵᠤ ᠪᠠᠶᠢᠳᠠᠯ ᠣᠶᠢᠯᠠᠭᠠᠵᠤ᠂ ᠦᠨᠡᠮᠯᠡᠯ ᠥᠬᠡᠶ ᠪᠠᠷ ᠰᠤᠷᠭᠠᠭᠤᠯᠢ ᠡᠷᠭᠢᠯᠡᠬᠦ | ᠪᠠᠶᠢᠭᠤᠯᠤᠮᠵᠢ ᠶᠢ ᠬᠠᠤᠯᠢ ᠶᠣᠰᠣᠭᠠᠷ ᠪᠠᠶᠢᠴᠠᠭᠠᠨ ᠰᠢᠢᠳᠪᠤᠷᠢᠯᠡᠨ᠎ᠡ︔ ᠠᠵᠢᠯᠯᠠᠭᠰᠠᠳ ᠤᠨ ᠬᠢᠷᠢ ᠬᠡᠮ ᠢ ᠬᠢᠨᠠᠨ | ᠪᠠᠶᠢᠴᠠᠭᠠᠵᠤ᠂ ᠱᠠᠭᠠᠷᠳᠠᠯᠭ᠎ᠠ ᠳᠤ ᠨᠡᠶᠢᠴᠡᠬᠦ ᠦᠭᠡᠶ ᠠᠵᠢᠯᠯᠠᠭᠰᠠᠳ ᠢ ᠬᠠᠤᠯᠢ ᠶᠣᠰᠣᠭᠠᠷ ᠴᠡᠪᠡᠷᠯᠡᠨ ᠪᠤᠴᠠᠭᠠᠨ᠎ᠠ︔ | ᠪᠡᠯᠭᠡ ᠶᠢᠨ ᠬᠠᠯᠳᠠᠯᠭ᠎ᠠ ᠬᠢᠬᠦ᠂ ᠱᠠᠯᠢᠭᠯᠠᠵᠤ ᠰᠠᠨᠳᠠᠭᠠᠬᠤ ᠵᠡᠷᠭᠡ ᠨᠠᠰᠤᠨ ᠳᠤ ᠥᠯᠥ ᠬᠦᠷᠦᠭᠰᠡᠳ ᠤᠨ ᠪᠡᠶ᠎ᠡ | ᠰᠡᠳᠬᠢᠯ ᠤᠨ ᠡᠷᠡᠭᠦᠯ ᠮᠡᠨᠳᠦ ᠳᠤ ᠬᠠᠯᠳᠠᠭᠰᠠᠨ ᠬᠠᠤᠯᠢ ᠠᠴᠠ ᠵᠥᠷᠢᠴᠡᠭᠰᠡᠨ ᠶᠠᠯᠠᠲᠤ ᠠᠵᠢᠯᠯᠠᠭ᠎ᠠ ᠳᠤ ᠬᠦᠴᠦᠲᠠᠢ | ᠴᠣᠬᠢᠯᠲᠠ ᠥᠭᠭᠦᠨ᠎ᠡ︔ ᠪᠠᠶᠢᠭᠤᠯᠤᠮᠵᠢ ᠶᠢᠨ ᠬᠤᠳᠠᠯ ᠬᠠᠭᠤᠷᠮᠠᠭ ᠤᠬᠠᠭᠤᠯᠭ᠎ᠠ ᠬᠢᠬᠦ᠂ ᠤᠤᠯ ᠦᠨ᠎ᠡ ᠶᠢ | ᠬᠤᠳᠠᠯ ᠢᠶᠠᠷ ᠵᠣᠬᠢᠶᠠᠬᠤ᠂ ᠦᠨ᠎ᠡ ᠬᠠᠩᠰᠢ ᠶᠢᠨ ᠮᠡᠬᠡᠯᠡᠯ ᠬᠢᠬᠦ ᠵᠡᠷᠭᠡ ᠰᠢᠯᠭᠠᠨ ᠡᠯᠰᠡᠬᠦ ᠳᠤ ᠬᠤᠯᠪᠣᠭᠳᠠᠭᠰᠠᠨ | ᠬᠠᠤᠯᠢ ᠲᠣᠭᠲᠠᠭᠠᠯ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ ᠡᠷᠡᠰ ᠪᠠᠶᠢᠴᠠᠭᠠᠨ ᠰᠢᠢᠳᠪᠤᠷᠢᠯᠡᠨ᠎ᠡ᠃ | |