ᠴᠢᠯᠠᠭᠤᠳ ᠤᠨ ᠠᠨᠢᠷ
ᠨᠡᠶᠢᠲᠡᠯᠡᠭᠰᠡᠨ ᠴᠠᠭ᠄
2022/11/12
    ᠴᠢᠯᠠᠭᠤᠨ ᠳᠤ ᠵᠠᠩ ᠦᠢᠯᠡ᠂ ᠦᠵᠡᠯ ᠰᠡᠳᠭᠢᠯᠭᠡ᠂ ᠤᠷᠴᠢᠯ ᠤᠯᠠᠮᠯᠠᠬᠤᠢ᠂ ᠪᠡᠳᠦ ᠪᠠᠬᠢ ᠶᠢᠨ ᠪᠡᠯᠭᠡᠳᠡᠯ᠂ ᠦᠨᠢ ᠮᠦᠩᠭᠡ ᠶᠢᠨ ᠲᠡᠯᠭᠡᠷᠡᠯ᠂ ᠲᠡᠥᠬᠡᠨ ᠢᠮ ᠲᠠᠮᠠᠭ᠎ᠠ ᠁ ᠬᠡᠬᠦᠴᠢᠯᠡᠨ ᠤᠯᠠᠨ ᠤᠴᠢᠷ ᠤᠳᠬ᠎ᠠ ᠠᠭᠤᠰᠳᠠᠭ ᠬᠡᠮᠡᠨ ᠬᠦᠮᠦᠰ ᠦᠨᠡᠮᠰᠢᠨ᠂ ᠪᠢᠰᠢᠷᠡᠨ ᠰᠦᠰᠦᠭᠯᠡᠭᠰᠡᠭᠡᠷ ᠢᠷᠡᠭᠰᠡᠨ ᠪᠦᠯᠦᠬᠡ᠃ ᠮᠢᠨᠦ ᠤᠬᠠᠭᠠᠨ ᠪᠢᠯᠢᠭ᠂ ᠤᠶᠤᠨ ᠰᠦᠨᠡᠰᠦ᠂ ᠬᠠᠷᠠᠭ᠎ᠠ‌ᠮᠡᠳᠡᠷᠡᠯ ᠳᠠᠬᠢ ᠴᠢᠯᠠᠭᠤᠳ ᠴᠦ ᠦᠪᠡᠷᠮᠢᠴᠡ ᠤᠨᠴᠠᠯᠢᠭ ᠲᠠᠢ ᠦᠦᠬᠡ ᠲᠡᠦᠬᠡ ᠪᠠᠨ ᠠᠴᠢᠭᠠᠳ᠂ ᠠᠷᠠᠨᠵᠠᠯ ᠵᠢᠷᠦᠬᠡᠨ ᠳᠤ ᠮᠢᠨᠢ ᠦᠪᠡᠷ ᠦᠪᠡᠷ ᠤᠨ ᠠᠨᠢᠷ ᠴᠢᠮᠡᠭᠡ ᠪᠠᠨ ᠵᠢᠷᠤᠭᠯᠠᠨ᠂ ᠤᠴᠢᠯᠠᠭᠠᠳ ᠤᠴᠢᠯᠠᠭᠠᠳ ᠢᠷᠡᠨ᠎ᠡ ᠪᠢᠯᠡ᠃    ᠵᠢᠷᠦᠬᠡᠨ ᠪᠤᠷᠤ ᠴᠢᠯᠠᠭᠤ     ︽ᠵᠢᠷᠦᠬᠡᠨ ᠪᠤᠷᠤ ᠴᠢᠯᠠᠭᠤ︾ ᠭᠡᠵᠤ ᠬᠦᠦ ᠶᠢᠨ ᠮᠢᠨᠢ ᠬᠦᠢᠰᠦ ᠶᠢ ᠲᠡᠷᠤᠭᠰᠠᠨ ᠴᠢᠯᠠᠭᠤ᠃ ᠨᠠᠮ᠎ᠠ ᠶᠢ ᠠᠶᠢᠯ ᠤᠨ ᠪᠡᠷᠢ ᠪᠤᠯᠵᠦ ᠤᠴᠢᠭᠰᠠᠨ ᠴᠠᠭ ᠲᠤ ᠬᠦᠷᠢᠶᠡᠨ ᠶᠡᠭᠡ ᠡᠭᠦᠳᠡᠨ ᠤ ᠬᠢᠨᠢ ᠪᠠᠷᠠᠭᠤᠨ ᠲᠠᠯ᠎ᠠ ᠶᠢᠨ ᠴᠢᠯᠠᠭᠤᠨ ᠬᠡᠷᠡᠮ ᠤᠨ ᠲᠡᠭᠡᠷ᠎ᠡ ᠪᠦᠳᠦᠭᠦᠨ ᠲᠠᠯ᠎ᠠ ᠨᠢ ᠭᠦᠯᠢᠭᠡᠷ ᠪᠦᠭᠡᠳ ᠯᠠᠨᠳᠤᠭᠠᠷ᠂ ᠱᠥᠪᠦᠭᠡᠷ ᠲᠠᠯ᠎ᠠ ᠳᠠᠭᠠᠨ ᠪᠠᠭ᠋ᠠᠨ ᠢᠷ ᠲᠠᠢ ᠵᠢᠷᠦᠬᠡᠨ ᠬᠡᠯᠪᠡᠷᠢ ᠲᠠᠢ ᠪᠤᠷᠤ ᠴᠢᠯᠠᠭᠤ ᠲᠠᠯᠪᠢᠭᠠᠰᠤᠳᠠᠢ ᠪᠠᠶᠢᠭᠰᠠᠨ᠃ ᠨᠠᠮᠤᠷ ᠨᠢ ᠨᠤᠭᠤᠭ᠎ᠠ ᠲᠠᠷᠤᠬᠤ ᠪᠤᠯᠬᠤᠯᠠᠷ ᠪᠢ ᠲᠡᠷᠡ ᠴᠢᠯᠠᠭᠤ ᠶᠢ ᠰᠢᠭᠦᠷᠦᠭᠡᠳ ᠢᠷᠡᠭᠰᠡᠨ ᠴᠢᠨᠢ ᠬᠠᠳᠠᠮ ᠡᠵᠢ ︽ᠬᠤᠷᠳᠤᠨ ᠤᠷᠤᠨ ᠳᠤᠨᠢ ᠠᠪᠠᠴᠢᠵᠦ ᠲᠠᠯᠪᠢ᠂ ᠠᠪᠦ ᠶᠢᠨ ᠴᠢᠨᠢ ᠠᠮᠢ ᠨᠢ ᠭᠠᠷᠤᠨ᠎ᠠ︾ ᠭᠡᠰᠡᠨ ᠶᠤᠮ᠃     ᠲᠠᠷᠠᠭ᠎ᠠ ᠨᠠᠮᠤᠷ ᠨᠢ ᠤᠷᠭᠤᠬᠤ ᠨᠠᠷᠠᠨ ᠤ ᠦᠶ᠎ᠡ ᠪᠠᠷ ᠬᠦᠦ ᠮᠢᠨᠢ ᠠᠩᠭᠢᠷ ᠲᠠᠭᠤᠨ ᠢᠶᠠᠨ ᠬᠠᠳᠠᠭᠠᠪᠠ᠃ ︽ᠬᠦᠦ ᠲᠦᠷᠦᠪᠡᠯ ᠬᠦᠢᠰᠦ ᠶᠢ ᠨᠢ ᠭᠠᠯ ᠭᠤᠯᠤᠮᠳᠠ ᠪᠠᠨ ᠪᠠᠳᠤᠵᠢᠨ ᠰᠠᠬᠢᠬᠤ ᠶᠢ ᠪᠡᠯᠭᠡᠳᠡᠭᠡᠳ ᠲᠤᠳᠤᠭᠠᠳᠦ ᠬᠠᠭᠠᠯᠭᠠᠨ ᠤ ᠠᠷᠦ ᠳᠠᠭᠠᠨ ᠪᠤᠯᠠᠳᠠᠭ᠃ ᠦᠬᠢᠨ ᠲᠦᠷᠦᠪᠡᠯ᠂ ᠦᠷ᠎ᠡ ᠲᠠᠷᠢᠶ᠎ᠠ ᠰᠢᠭ᠋ ᠦᠷᠡᠵᠢᠨ ᠲᠡᠯᠭᠡᠷᠡᠵᠦ ᠤᠷᠳᠦ ᠨᠠᠰᠤᠯᠠᠵᠦ ᠤᠳᠠᠭᠠᠨ ᠵᠢᠷᠭᠠᠭ ᠭᠡᠵᠤ ᠤᠷᠳᠦ ᠵᠤᠷᠬ᠎ᠠ ᠲᠠᠢ ᠲᠠᠷᠢᠶᠠᠨ ᠦᠵᠦᠭᠦᠷ ᠲᠡᠭᠡᠨ ᠪᠤᠯᠠᠳᠠᠭ ᠭᠡᠰᠡᠨ︾᠃ ᠡᠪᠦᠭᠡ ᠨᠢ ᠲᠡᠷᠡ ᠪᠤᠷᠤ ᠴᠢᠯᠠᠭᠤ ᠶᠢ ᠠᠪᠴᠢᠷᠠᠭᠠᠳ ︽ᠫᠥ᠋᠂ ᠫᠥ᠋︾ ᠭᠡᠵᠤ ᠬᠡᠳᠦ ᠦᠯᠢᠶᠡᠭᠡᠳ ᠬᠤᠪᠤᠩ ᠲᠠᠢ ᠭᠠᠯ ᠤᠨ ᠬᠠᠵᠠᠭᠤ ᠬᠠᠪᠢᠷᠭ᠎ᠠ ᠪᠠᠷ ᠭᠤᠯᠤᠮᠳᠠᠵᠦ ᠭᠤᠯᠤᠮᠳᠠᠭᠠᠳ ᠬᠦᠦ ᠶᠢᠨ ᠮᠢᠨᠢ ᠬᠦᠢ ᠶᠢ ᠲᠤᠳᠤᠷ᠎ᠠ ᠬᠠᠭᠠᠯᠭᠠᠨ ᠤ ᠠᠷᠦ ᠳᠤ ᠮᠠᠯᠳᠠᠭᠰᠠᠨ ᠤᠩᠭᠤᠷᠬᠠᠢ ᠲᠤᠳᠤᠷ᠎ᠠ ᠮᠦᠨ ᠴᠢᠯᠠᠭᠤ ᠪᠠᠷ ᠲᠡᠷᠤᠵᠦ ᠲᠠᠯᠪᠢᠭᠰᠠᠨ ᠢ ᠪᠢ ᠨᠡᠬᠡᠬᠡᠯᠳᠡᠳᠡᠢ ᠬᠠᠭᠠᠯᠭ᠎ᠠ ᠪᠠᠷ ᠬᠠᠷᠠᠭᠰᠠᠨ ᠪᠢᠯᠡ᠃     ᠡᠨᠡ ᠵᠠᠩᠰᠢᠯ ᠨᠢ ᠦᠶ᠎ᠡ ᠶᠢᠨ ᠦᠶ᠎ᠡ ᠳᠤ ᠬᠠᠳᠠᠭᠤ ᠶᠠᠰᠦ ᠲᠠᠢ ᠬᠠᠯᠠᠭᠤᠨ ᠴᠢᠰᠤ ᠲᠠᠢ ᠦᠷ᠎ᠡ ᠬᠤᠶᠢᠴᠢᠰ ᠢᠶᠠᠨ ᠰᠢᠵᠢᠮ ᠨᠢ ᠲᠠᠰᠤᠷᠠᠭᠰᠠᠨ ᠴᠠᠭᠠᠰᠤᠨ ᠰᠢᠪᠠᠭᠤ ᠰᠢᠭ᠋ ᠠᠯᠳᠠᠵᠦ ᠶᠠᠪᠤᠭᠤᠯᠬᠤ ᠠᠴᠠ ᠬᠢᠴᠢᠶᠡᠨ᠂ ᠤᠭᠳᠤᠯᠤᠭᠰᠠᠨ ᠴᠦ ᠲᠠᠰᠤᠷᠠᠬᠤ ᠦᠭᠡᠢ ᠠᠯᠳᠠᠨ ᠠᠷᠭᠠᠮᠵᠢᠶ᠎ᠠ ᠶᠢ ᠨᠢ ᠢᠩᠬᠢᠵᠦ ᠨᠤᠳᠤᠭ ᠪᠠᠭᠤᠴᠠᠨ ᠳᠠᠭᠠᠨ ᠲᠠᠷᠤᠵᠦ᠂ ᠦᠨᠢ ᠤᠷᠤᠰᠢᠭᠠᠳᠠᠭ ᠶᠤᠮ ᠪᠠᠶᠢᠨ᠎ᠠ ᠭᠡᠵᠤ ᠤᠴᠢᠷᠯᠠᠨ ᠪᠤᠳᠤᠪᠠ᠃ ᠮᠦᠨ ᠴᠤ ᠴᠢᠯᠠᠭᠤ ᠮᠡᠳᠦ ᠪᠠᠳᠦ ᠪᠦᠭᠡ ᠶᠢ ᠪᠡᠯᠭᠡᠰᠢᠶᠡᠭᠰᠡᠨ ᠤᠴᠢᠷᠳᠡᠢ᠃ ︽ᠬᠦᠮᠦᠨ ᠨᠤᠳᠤᠭ ᠲᠠᠢ ᠪᠠᠨ ᠬᠦᠢᠰᠦ ᠪᠠᠷ ᠢᠶᠠᠨ ᠬᠤᠯᠪᠤᠭᠠᠲᠠᠢ︾ ᠬᠡᠮᠡᠬᠦ ᠤᠵᠤᠭᠤᠷ ᠦᠭᠡᠨ ᠤ ᠮᠡᠷᠭᠡᠨ ᠰᠠᠨᠠᠭ᠎ᠠ ᠠᠳᠡ ᠪᠢᠯᠢᠦ᠃     ᠴᠢᠯᠠᠭᠤᠨ ᠳᠤ ᠰᠡᠳᠬᠢᠯᠭᠡ ᠲᠠᠢ ᠭᠡᠳᠡᠭ ᠢ ᠪᠢ ᠲᠡᠷᠡ ᠤᠳᠠᠭ᠎ᠠ ᠵᠢᠷᠦᠬᠡ ᠪᠠᠷ ᠢᠶᠠᠨ ᠮᠡᠳᠡᠷᠡᠵᠡᠢ᠃ ᠠᠵᠢᠯ ᠠᠮᠢᠳᠤᠷᠠᠯ ᠤᠨ ᠱᠠᠭᠠᠷᠳᠠᠯᠭ᠎ᠠ ᠠᠴᠠ ᠲᠠᠪᠤᠨ ᠰᠠᠷ᠎ᠠ ᠪᠤᠯᠤᠭᠠᠳ ᠤᠮᠪᠤᠯᠵᠠᠨ ᠱᠤᠪᠤᠯᠵᠠᠵᠦ ᠪᠠᠶᠢᠭ᠎ᠠ ᠬᠦᠦ ᠪᠠᠨ ᠲᠡᠪᠡᠷᠢᠭᠡᠳ ᠲᠡᠷᠡ ᠭᠡᠷ ᠠᠴᠠ ᠮᠤᠷᠳᠠᠬᠤ ᠦᠶ᠎ᠡ ᠳᠤ᠂ ᠬᠠᠭᠠᠯᠭᠠᠨ ᠤ ᠠᠷᠦ ᠠᠴᠠ ᠵᠢᠷᠦᠭᠡᠨ ᠪᠤᠷᠤ ᠴᠢᠯᠠᠭᠤ ᠮᠢᠨᠢ ᠰᠢᠷᠤᠢ ᠡᠷᠭᠦᠭᠡᠳ ᠨᠠᠮ ᠲᠠᠭᠤᠳᠠᠵᠦ ᠪᠠᠶᠢᠬᠤ ᠴᠦ ᠰᠢᠭ᠋᠃ ᠡᠷᠬᠢᠨ ᠡᠷᠭᠢᠨ ᠲᠠᠳᠠᠯᠳᠤᠭᠠᠳ ᠪᠠᠶᠢᠬᠤᠯᠠᠷ ᠬᠠᠳᠠᠮ ᠠᠪᠤ ᠄ ︽ᠰᠠᠨᠠᠭ᠎ᠠ ᠠᠮᠦᠷ ᠶᠠᠪᠤ ᠡ᠂ ᠮᠢᠨᠦ ᠪᠤᠬᠠᠨᠳᠠᠢ ︵ᠤᠮᠪᠤᠯᠤ ᠪᠠᠨ ᠡᠩᠭᠦᠷᠡᠶᠢᠯᠡᠨ ᠲᠠᠭᠤᠳᠠᠭᠰᠠᠨ ᠨᠡᠷ᠎ᠡ︶ ᠬᠠᠮᠢᠭ᠎ᠠ ᠶᠠᠪᠤᠭᠰᠠᠨ ᠴᠦ ᠬᠦᠢ ᠶᠢ ᠨᠢ ᠲᠠᠷᠤᠭᠰᠠᠨ ᠢᠷ ᠲᠠᠢ ᠴᠢᠯᠠᠭᠤᠨ ᠳᠤ ᠠᠳᠠᠯᠢ ᠡᠷᠡᠰ ᠬᠠᠳᠠᠨ ᠰᠠᠶᠢᠨ ᠡᠷ᠎ᠡ ᠪᠤᠯᠬᠤ ᠶᠤᠮ᠃ ᠭᠤᠯᠤᠮᠳᠠ ᠪᠠᠨ ᠰᠠᠬᠢᠭᠰᠠᠨ ᠬᠦᠢ ᠨᠢ ᠡᠨᠡ ᠬᠠᠭᠤᠴᠢᠨ ᠪᠠᠭᠤᠷᠢ ᠶᠢ ᠬᠡᠵᠢᠶᠡᠳᠡ ᠲᠤᠯᠠᠭᠠᠴᠡᠭᠤᠯᠵᠦ ᠪᠠᠶᠢᠭ ᠁︾ ᠭᠡᠵᠤ ᠤᠴᠢᠷ ᠲᠠᠢ ᠶᠠᠷᠢᠭᠰᠠᠨ᠃ ᠲᠡᠭᠡᠭᠡᠳ ︽ᠦᠷ᠎ᠡ ᠦᠨᠳᠦᠰᠦ᠂ ᠦᠭᠡᠳᠡ ᠰᠠᠶᠢᠬᠠᠨ ᠵᠡᠷᠭᠡ ᠤᠯᠠᠨ ᠶᠠᠭᠤᠮᠠᠨ ᠤ ᠪᠡᠯᠭᠡᠳᠡᠯ ᠪᠤᠯᠤᠭᠰᠠᠨ ᠵᠢᠷᠦᠬᠡᠨ ᠪᠤᠷᠤ ᠴᠢᠯᠠᠭᠤ ᠮᠢᠨᠢ︾ ᠭᠡᠵᠤ ᠰᠢᠪᠡᠨᠡᠭᠡᠳ ᠮᠤᠷᠳᠠᠭᠰᠠᠨ ᠶᠤᠮ᠃     ᠴᠢᠯᠠᠭᠤᠨ ᠳᠤ ᠠᠮᠢ ᠲᠠᠢ ᠭᠡᠳᠡᠭ ᠢ ᠪᠢ ᠲᠡᠷᠡ ᠤᠳᠠᠭ᠎ᠠ ᠠᠴᠠ ᠯᠡ ᠢᠳᠡᠭᠡᠵᠡᠢ᠃ ᠬᠠᠳᠠᠮ ᠠᠪᠤ ᠴᠢᠯᠠᠭᠤᠨ ᠪᠠᠶᠢᠰᠢᠩ ᠢᠶᠠᠨ ᠪᠠᠷᠢᠬᠤ ᠶᠢᠨ ᠦᠶ᠎ᠡ ᠳᠤ᠂ ᠵᠢᠷᠦᠬᠡᠨ ᠬᠡᠯᠪᠡᠷᠢ ᠲᠠᠢ ᠡᠨᠡ ᠪᠤᠷᠤ ᠴᠢᠯᠠᠭᠤ ᠶᠢ ᠰᠤᠩᠭᠤᠨ᠂ ᠭᠤᠯᠤᠮᠳᠠ ᠭᠡᠷ ᠤᠨ ᠢᠶᠠᠨ ᠬᠡᠷᠡᠮ ᠤᠨ ᠤᠷᠤᠢ ᠲᠡᠭᠡᠷ᠎ᠡ ᠡᠷᠬᠦᠨ᠂ ᠪᠠᠶᠢᠭᠠᠯᠢ ᠶᠢᠨ ᠨᠠᠷᠠ ᠬᠤᠷ᠎ᠠ ᠠᠴᠠ ᠦᠭᠡᠷ᠎ᠡ ᠶᠠᠭᠤ ᠴᠦ ᠬᠦᠷᠭᠡᠯ ᠦᠭᠡᠢ ᠠᠷᠢᠭᠤᠨ ᠲᠠᠷᠬᠠᠨ ᠢᠶᠠᠷ ᠪᠦᠬᠡᠴᠡᠶᠢᠯᠡᠨ᠂ ᠬᠦᠰᠡᠯ ᠰᠡᠳᠬᠢᠯ᠂ ᠢᠷᠦᠭᠡᠯ ᠵᠦᠩᠨᠡᠯ ᠢᠶᠠᠨ ᠰᠢᠩᠭᠡᠭᠡᠨ ᠠᠭᠤᠰᠬᠠᠵᠦ᠂ ᠭᠡᠭᠡᠨ ᠲᠤᠩᠭᠠᠯᠠᠭ ᠤᠷᠴᠢᠯᠠᠩ ᠤᠨ ᠤᠬᠠᠭᠠᠨ ᠪᠠ ᠬᠦᠮᠦᠨ ᠤᠬᠠᠭᠠᠨ ᠢ ᠶᠠᠷᠢᠵᠦ ᠰᠤᠨᠤᠰᠬᠠᠨ᠂ ᠲᠤᠮᠨᠤᠵᠦ ᠰᠢᠪᠰᠢᠭᠰᠡᠭᠡᠷ ᠪᠠᠶᠢᠭᠠᠳ ᠠᠮᠢ ᠠᠮᠢᠵᠢᠷᠠᠯ ᠲᠠᠢ ᠪᠤᠯᠭᠠᠴᠢᠬᠠᠵᠠᠢ ᠰᠢᠦ᠃ ᠬᠦᠦ ᠪᠢᠳᠡ ᠬᠤᠶᠠᠷ ᠢ ᠮᠤᠷᠳᠠᠬᠤ ᠭᠡᠬᠦᠯᠡᠷ ᠰᠢᠷᠤᠢ ᠪᠠᠨ ᠬᠦᠷᠳᠡᠯ᠎ᠡ ᠡᠷᠭᠦᠴᠢᠬᠡᠬᠡᠳ ᠤᠪᠤᠯᠵᠠᠭᠰᠠᠨ ᠪᠠᠶᠢᠬᠤ ᠦᠭᠡᠢ ᠤᠤ ᠳᠡᠷᠡ᠃     ᠴᠢᠯᠠᠭᠤᠨ ᠳᠤ ᠪᠢ ᠰᠦᠵᠢᠭ ᠲᠠᠢ᠃ ᠵᠢᠷᠦᠬᠡᠨ ᠪᠤᠷᠤ ᠴᠢᠯᠠᠭᠤᠨ ᠳᠤ ᠪᠢ ᠨᠡᠩ ᠰᠦᠵᠢᠭ ᠲᠠᠢ᠃ ᠭᠠᠯ ᠭᠤᠯᠤᠮᠳᠠ ᠶᠢᠨ ᠬᠦᠢᠰᠦᠨ ᠳᠤ ᠲᠠᠪᠢᠯᠠᠩ ᠤᠨ ᠬᠦᠬᠡ ᠮᠡᠩᠬᠡ ᠰᠢᠭ ᠦᠨᠢ ᠤᠷᠭᠤᠬᠤ ᠡᠨᠡ ᠴᠢᠯᠠᠭᠤ᠂ ᠬᠦᠦ ᠶᠢᠨ ᠮᠢᠨᠢ ᠠᠯᠢᠪᠠ ᠶᠢ ᠲᠡᠮᠦᠷ ᠴᠢᠯᠠᠭᠤ ᠰᠢᠭ᠋ ᠪᠦᠬᠡ ᠪᠤᠯᠭᠠᠨ ᠢᠪᠡᠭᠡᠬᠦ ᠳᠤ ᠪᠢ ᠦᠨᠢ ᠢᠳᠡᠭᠡᠯ ᠲᠠᠢ᠃ ᠦᠨᠦᠳᠦᠷ ᠨᠤᠳᠤᠭ ᠤᠨ ᠬᠠᠭᠤᠴᠢᠨ ᠪᠠᠭᠤᠴᠠᠨ ᠲᠡᠭᠡᠷ᠎ᠡ ᠲᠦᠷᠪᠡᠨ ᠲᠠᠪᠬᠤᠷ ᠠᠰᠠᠷ ᠤᠨ ᠬᠢᠷᠢ ᠦᠨᠳᠦᠷ ᠬᠠᠷᠢ ᠬᠦᠮᠦᠨ ᠤ ᠵᠤᠰᠠᠯᠠᠩ ᠤᠨ ᠮᠤᠳᠤᠨ ᠬᠠᠷᠰᠢ ᠨᠡᠳᠦ᠋ᠢᠨ ᠰᠦᠨᠳᠡᠷᠯᠡᠴᠢᠬᠡᠬᠦ ᠪᠠᠷ ᠪᠢ ᠵᠢᠷᠦᠬᠡᠨ ᠪᠤᠷᠤ ᠴᠢᠯᠠᠭᠤᠨ ᠤ ᠪᠠᠶᠢᠷᠢ ᠶᠢ ᠮᠡᠳᠡᠬᠦ ᠦᠭᠡᠢ ᠪᠤᠯᠵᠠᠢ᠃ ᠨᠢᠭᠡᠨ ᠰᠦᠨᠢ ᠵᠡᠭᠦᠳᠦᠨ ᠳᠡᠭᠡᠨ ︽ᠵᠢᠷᠦᠭᠡᠨ ᠪᠤᠷᠤ ᠴᠢᠯᠠᠭᠤ ᠁︾ ᠭᠡᠵᠤ ᠤᠬᠢᠯᠠᠭᠠᠳ ᠲᠡᠷᠡ ᠵᠦᠭ ᠲᠤ ᠬᠦᠶᠦᠬᠦᠶ᠎ᠡ᠂ ᠬᠠᠷᠠᠭᠠᠨ ᠤ ᠡᠮᠦᠨ᠎ᠡ ᠪᠤᠷᠤ ᠭᠡᠷᠡᠯ ᠦᠨᠳᠦᠷ ᠲᠤ ᠰᠠᠴᠤᠷᠠᠭᠠᠳ ᠯᠡ ᠪᠠᠶᠢᠯ᠎ᠠ᠃ ᠲᠡᠭᠡᠭᠡᠳ ᠪᠢ ︽ᠲᠡᠷᠡ ᠮᠢᠨᠢ ᠦᠴᠦᠬᠡᠨ ᠴᠦ ᠰᠡᠪᠳᠦᠭᠡ ᠦᠭᠡᠢ᠂ ᠬᠠᠭᠤᠴᠢᠨ ᠭᠤᠯᠤᠮᠳᠠ ᠶᠢᠨ ᠡᠵᠡᠨ ᠤ ᠬᠤᠪᠢ ᠪᠠᠷ ᠁︾ ᠭᠡᠵᠤ ᠢᠳᠡᠭᠡᠵᠡᠢ᠃     ᠰᠡᠪ ᠦᠭᠡᠢ ᠬᠦᠯᠢᠭᠡᠷ ᠮᠦᠷᠳᠡᠭᠡᠨ ᠦᠵᠦᠭᠦᠷ ᠢᠷ ᠲᠠᠢ ᠵᠢᠷᠦᠭᠡᠨ ᠪᠤᠷᠤ ᠴᠢᠯᠠᠭᠤ ᠮᠢᠨᠢ᠂ ᠦᠶ᠎ᠡ ᠶᠢᠨ ᠦᠶ᠎ᠡ ᠨᠤᠳᠤᠭ ᠪᠠᠭᠤᠴᠠ ᠶᠢ ᠰᠠᠬᠢᠭᠰᠠᠨ ᠮᠡᠷᠭᠡᠨ ᠪᠤᠭᠤᠷᠤᠯᠴᠤᠳ ᠤᠨ ᠲᠤᠩᠭᠠᠯᠠᠭ ᠭᠡᠭᠡᠨ ᠤᠬᠠᠭᠠᠨ ᠮᠡᠳᠡᠯ ᠢ ᠠᠴᠢᠶᠠᠯᠠᠨ ᠤᠯᠠᠮᠵᠢᠯᠠᠬᠤ ᠮᠦᠷᠳᠡᠭᠡᠨ ᠲᠡᠳᠡᠨ ᠤ ᠮᠦᠬᠦᠵᠦ ᠰᠦᠨᠦᠰᠢ ᠦᠭᠡᠢ ᠬᠠᠳᠠᠨ ᠪᠠᠳᠦ ᠵᠢᠷᠦᠬᠡᠨ ᠰᠢᠨᠳᠠᠰᠦ ᠶᠢ ᠦᠨᠢ ᠦᠪᠯᠡᠬᠦ ᠶᠤᠰᠤᠳᠠᠢ ᠡ᠃     ᠲᠡᠭᠡᠷᠮ᠎ᠡ ᠶᠢᠨ ᠴᠢᠯᠠᠭᠤ     ᠠᠪᠤ ᠶᠢᠨ ᠢᠶᠠᠨ ᠵᠠᠬᠢᠶ᠎ᠠ ᠪᠠᠷ ᠭᠡᠷ ᠤᠨ ᠴᠠᠳᠢᠭ ᠪᠢᠴᠢᠭᠡᠳ ᠨᠤᠮ ᠬᠡᠪᠯᠡᠬᠦᠯᠬᠦ ᠲᠡᠭᠡᠷ᠎ᠡ ᠬᠦᠷᠦᠭᠡᠳ ᠲᠡᠭᠡᠳᠦ ᠶᠢᠨ ᠨᠤᠳᠤᠭ ᠤᠨ ᠦᠵᠡᠮᠵᠢ ᠪᠤᠶᠤ ᠪᠠᠭᠤᠷᠢ ᠦᠯᠡᠳᠡᠭᠳᠡᠯ ᠢ ᠰᠡᠭᠦᠳᠡᠷᠯᠡᠵᠦ ᠨᠤᠮ ᠳᠠᠭᠠᠨ ᠵᠢᠭᠢᠷᠢᠭᠯᠡᠬᠦᠯᠬᠦ ᠪᠠᠷ ᠲᠦᠰᠦᠪᠯᠡᠭᠡᠳ᠂ ᠬᠦᠯ ᠲᠠᠯᠪᠢᠭᠠᠳᠤᠢ ᠤᠳᠠᠵᠦ ᠪᠠᠶᠢᠭ᠎ᠠ ᠲᠡᠷᠡ ᠨᠤᠳᠤᠭ ᠲᠤ ᠬᠦᠷᠦᠮᠡᠭᠴᠡ ᠵᠢᠷᠦᠭᠡ ᠶᠡᠭᠡ ᠰᠢᠮᠰᠢᠷᠡᠭᠰᠡᠨ ᠶᠤᠮ᠃     ᠪᠠᠭ᠎ᠠ ᠶᠢᠨ ᠦᠶ᠎ᠡ ᠳᠤ ᠡᠯᠥᠨᠴᠡ ᠶᠢᠨ ᠲᠡᠭᠡᠷᠮ᠎ᠡ ᠪᠠᠶᠢᠬᠤ ᠦᠭᠡᠢ ᠪᠤᠯ ᠠᠶᠢᠯ ᠤᠰᠤᠨ ᠤ ᠬᠢᠨᠢ ᠪᠤᠳᠠᠭ᠎ᠠ ᠪᠠᠨ ᠴᠠᠶᠢᠯᠭᠠᠬᠤ ᠠᠷᠭ᠎ᠠ ᠦᠭᠡᠢ ᠪᠠᠶᠢᠭᠰᠠᠨ᠃ ᠶᠠᠭ ᠡᠶᠢᠮᠦ ᠠᠴᠠ ︽ᠡᠯᠦᠨᠴᠡ ᠶᠢᠨ ᠲᠡᠭᠡᠷᠮ᠎ᠡ︾ ᠨᠢ ᠬᠠᠯᠳᠠᠵᠦ ᠪᠤᠯᠤᠰᠢ ᠦᠭᠡᠢ ᠠᠷᠢᠭᠤᠨ ᠲᠠᠷᠬᠠᠨ ᠤ ᠬᠤᠪᠢ ᠪᠠᠷ ᠬᠡᠨ ᠪᠦᠬᠦᠨ ᠤ ᠰᠡᠳᠬᠢᠯ ᠵᠢᠷᠦᠬᠡᠨ ᠳᠤ ᠭᠡᠷᠡᠯᠳᠦᠵᠦ ᠪᠠᠶᠢᠵᠠᠢ᠃ ᠠᠮᠦ ᠪᠤᠳᠠᠭ᠎ᠠ ᠪᠠᠨ ᠢᠩᠳᠡᠵᠦ ᠲᠡᠭᠡᠷᠮᠡᠳᠡᠵᠦ ᠪᠤᠯᠬᠤ ᠠᠴᠠ ᠪᠢᠰᠢ ᠲᠡᠭᠡᠷ᠎ᠡ ᠨᠢ ᠮᠠᠴᠤᠬᠤ ᠪᠤᠶᠤ ᠬᠢᠰᠬᠢᠵᠦ ᠰᠠᠭᠤᠵᠦ ᠯᠡ ᠪᠤᠯᠬᠤ ᠦᠭᠡᠢ᠃ ᠨᠡᠩ ᠪᠦᠰᠡᠬᠦᠢ ᠬᠦᠮᠦᠨ ᠰᠠᠭᠤᠬᠤ ᠶᠢ ᠲᠤᠩ ᠶᠡᠭᠡ ᠴᠡᠭᠡᠷᠯᠡᠨ᠎ᠡ᠃ ᠡᠰᠡ ᠲᠡᠭᠡᠪᠡᠯ ᠲᠡᠭᠷᠢ ᠠᠭᠤᠷᠯᠠᠨ᠎ᠠ ᠭᠡᠳᠡᠭ᠃ ᠬᠡᠦᠬᠡᠳ ᠢ ᠪᠤᠯ ᠲᠡᠭᠡᠷᠮ᠎ᠡ ᠶᠢᠨ ᠴᠢᠯᠠᠭᠤᠨ ᠲᠡᠭᠡᠷ᠎ᠡ ᠰᠠᠭᠤᠪᠠᠯ ᠲᠡᠭᠷᠢ ᠲᠤᠤᠭᠠᠷᠪᠠᠯ ᠠᠶᠤᠬᠤ ᠪᠤᠯᠤᠨ᠎ᠠ ᠭᠡᠳ ᠲᠡᠭᠡᠷᠮ᠎ᠡ ᠲᠠᠢ ᠬᠠᠯᠳᠠᠬᠤ ᠶᠢ ᠲᠠᠭ ᠪᠤᠯᠢᠭᠤᠯᠳᠠᠭ᠃     ︽ᠡᠯᠤᠨᠴᠡ ᠶᠢᠨ ᠲᠡᠭᠡᠷᠮ᠎ᠡ︾ ᠶᠢ ᠵᠠᠷᠤᠶ᠎ᠠ ᠭᠡᠪᠡᠯ ᠡᠷᠬᠡᠪᠰᠢ ᠡᠯᠥᠨᠴᠡ ᠠᠴᠠ ᠠᠰᠠᠭᠤᠳᠠᠭ᠃ ᠦᠨᠡᠨ ᠳᠡᠭᠡᠨ ᠲᠡᠭᠡᠷᠮ᠎ᠡ ᠶᠢ ᠬᠡᠨ ᠪᠦᠬᠦᠨ ᠳᠤ ᠪᠦᠷ ᠵᠠᠷᠤᠭᠤᠯᠤᠨ᠎ᠠ᠃ ᠪᠦᠷ ᠵᠠᠷᠤᠬᠤ ᠡᠷᠬᠡ ᠲᠠᠢ᠃ ᠭᠡᠪᠡᠴᠦ ᠡᠯᠦᠨᠴᠠ ᠠᠴᠠ ᠠᠰᠠᠭᠤᠵᠦ ᠵᠦᠪᠰᠢᠶᠡᠷᠡᠭᠦᠯᠬᠦ ᠨᠢ ᠲᠤᠭᠳᠠᠭᠰᠠᠨ ᠨᠢᠭᠡ ᠶᠠᠪᠤᠴᠠ ᠮᠠᠶ᠋ᠢᠭᠳᠠᠢ᠃ ᠡᠯᠤᠨᠴᠡ ᠡᠪᠦᠭᠡ ᠲᠠᠶ᠋ᠢᠭ ᠲᠤᠯᠴᠢᠬᠠᠭᠰᠠᠨ ᠴᠢᠭ ᠢᠶᠠᠷ ᠢᠶᠠᠨ ᠵᠤᠭᠰᠤᠴᠢᠬᠠᠭᠠᠳ ︽ᠰᠠᠶᠢᠬᠠᠨ ᠵᠠᠷᠦ ᠡ᠂ ᠪᠢᠳᠡᠭᠡᠢ ᠬᠡᠷᠡᠭᠦᠯ ᠴᠤᠤᠬᠢᠶᠠᠨ ᠭᠠᠷᠭ᠎ᠠ ︾ ᠭᠡᠳᠡᠭ᠃ ᠡᠨᠡ ᠦᠭᠡᠨ ᠳᠤᠨᠢ ᠲᠡᠳᠡᠭᠡᠷ ᠴᠡᠭᠡᠷ ᠤᠳ ᠪᠠᠭᠳᠠᠵᠦ ᠪᠠᠶᠢᠬᠤ ᠮᠦᠷᠳᠡᠭᠡᠨ ᠬᠡᠨ ᠨᠢ ᠤᠷᠢᠳ ᠢᠶᠠᠷ ᠵᠠᠷᠤᠬᠤ ᠪᠠᠨ ᠦᠷᠢᠰᠦᠯᠳᠦᠭᠡᠳ ᠬᠡᠷᠡᠭᠦᠯ ᠪᠤᠯᠬᠤ ᠠᠴᠠ ᠨᠢ ᠰᠡᠷᠭᠡᠶᠢᠯᠡᠵᠦ ᠪᠠᠶᠢᠬᠤ ᠤᠬᠠᠭᠠᠨ ᠪᠤᠢ᠃     ᠲᠡᠭᠡᠷᠮ᠎ᠡ ᠶᠢ ᠡᠷᠳᠡ ᠲᠡᠭᠡᠳᠦ ᠠᠴᠠ ᠠᠪᠤᠭᠠᠳ ᠴᠠᠭᠠᠨ ᠠᠷᠰᠯᠠᠨ ᠤ ᠪᠦᠷᠢᠯᠸ᠎ᠠ ᠭᠡᠳᠡᠭ᠃ ᠴᠠᠭᠠᠨ ᠠᠷᠰᠯᠠᠨ ᠤ ᠰᠢᠳᠦᠭᠡᠨ ᠴᠦ ᠭᠡᠳᠡᠭ᠃ ᠠᠷᠰᠯᠠᠨ ᠭᠡᠵᠤ ᠠᠷᠢᠶᠠᠳᠠᠨ ᠤ ᠬᠠᠭᠠᠨ᠃ ᠨᠡᠩ ᠴᠠᠭᠠᠨ ᠠᠷᠰᠯᠠᠨ ᠭᠡᠵᠤ ᠠᠷᠰᠯᠠᠨ ᠤ ᠲᠤᠳᠤᠷᠠᠬᠢ ᠬᠠᠮᠤᠭ ᠡᠷᠳᠡᠨ ᠤ ᠲᠦᠷᠦᠯ ᠵᠦᠢᠯ ᠪᠦᠭᠡᠳ ᠡᠵᠡᠯᠡᠪᠦᠷᠢ ᠲᠠᠢ ᠬᠠᠭᠠᠨ ᠨᠢ᠃ ᠡᠨᠡ ᠬᠦ ᠠᠷᠢᠶᠠᠳᠠᠨ ᠤ ᠬᠠᠭᠠᠨ ᠢ ᠲᠡᠭᠡᠳᠦᠭᠦᠯᠡ ᠮᠢᠨᠢ ᠬᠠᠮᠢᠭ᠎ᠠ ᠠᠴᠠ ᠵᠠᠯᠠᠵᠦ ᠢᠷᠡᠭᠰᠡᠨ ᠢ ᠮᠡᠳᠡᠬᠦ ᠬᠦᠮᠦᠨ ᠦᠭᠡᠢ᠃ ᠬᠠᠷᠢᠨ ᠠᠷᠰᠯᠠᠨ ᠭᠡᠳᠡᠭ ᠴᠢᠨᠢ ᠬᠡᠵᠢᠶᠡᠳᠡ ᠡᠷᠬᠡ ᠴᠢᠯᠥᠭᠡ ᠲᠠᠢ ᠬᠦᠷᠬᠢᠷᠡᠨ ᠲᠤᠭᠯᠠᠳᠠᠭ ᠠᠷᠢᠶᠠᠳᠠᠨ ᠲᠤᠯᠠ ᠲᠡᠭᠡᠷᠮ᠎ᠡ ᠶᠢ ᠬᠡᠳᠦᠢ ᠠᠷᠪᠢᠨ ᠬᠡᠷᠡᠭᠯᠡᠵᠦ ᠪᠠᠶᠢᠪᠠᠯ ᠲᠤᠰ ᠠᠶᠢᠯ ᠤᠰᠤᠨ ᠲᠡᠳᠦᠢ ᠡᠰᠡᠷᠡᠭ ᠰᠠᠶᠢᠬᠠᠨ ᠪᠤᠯᠳᠠᠭ ᠭᠡᠳᠡᠭ᠃ ᠡᠨᠡ ᠨᠢ ᠠᠶᠢᠯ ᠤᠰᠤᠨ ᠳᠠᠭᠠᠨ ᠬᠤᠪᠤᠷ ᠪᠠᠶᠢᠳᠠᠭ ᠲᠡᠭᠡᠷᠮ᠎ᠡ ᠶᠢ ᠬᠠᠷᠠᠮᠨᠠᠵᠦ ᠬᠤᠪᠢᠨᠴᠢᠷᠯᠠᠯ ᠦᠭᠡᠢ ᠪᠠᠷ ᠵᠠᠷᠤᠵᠦ ᠬᠡᠷᠡᠭᠯᠡᠨ᠂ ᠡᠶ᠎ᠡ ᠨᠠᠶᠢᠷᠰᠠᠭ ᠡᠪ ᠪᠦᠯᠬᠦᠮᠳᠡᠯ ᠲᠠᠢ ᠤᠷᠤᠰᠢᠨ ᠠᠮᠢᠳᠤᠷᠠᠬᠤ ᠶᠢ ᠰᠤᠷᠳᠠᠯᠴᠢᠯᠠᠭᠰᠠᠨ ᠭᠡᠵᠤ ᠪᠢ ᠬᠤᠵᠢᠮ ᠨᠢ ᠤᠬᠠᠵᠠᠢ᠃     ᠪᠠᠭ᠎ᠠ ᠶᠢᠨ ᠦᠶ᠎ᠡ ᠳᠤ᠂ ᠡᠯᠵᠢᠭᠡᠨ ᠤ ᠨᠢᠳᠦ ᠶᠢ ᠪᠦᠰ ᠢᠶᠠᠷ ᠲᠠᠭ ᠪᠦᠳᠡᠭᠡᠴᠢᠭᠡᠭᠡᠳ ᠲᠡᠭᠡᠷᠮ᠎ᠡ ᠳᠤ ᠬᠦᠯᠤᠳᠡᠭ ᠢ ᠮᠡᠳᠡᠨ᠎ᠡ᠃ ᠦᠨᠦᠳᠦᠷ ᠤᠨ ᠬᠡᠦᠬᠡᠳ ᠬᠠᠷᠢᠨ ᠲᠡᠭᠡᠷᠮ᠎ᠡ ᠪᠠᠷ ᠭᠤᠯᠢᠷ ᠪᠤᠳᠠᠭ᠎ᠠ ᠴᠠᠶᠢᠯᠭᠠᠬᠤ ᠶᠢ ᠮᠡᠳᠡᠬᠦ ᠨᠢ ᠴᠦᠬᠡᠨ ᠪᠤᠯᠵᠠᠢ᠃ ᠴᠠᠭ ᠨᠡᠶᠢᠭᠡᠮ ᠤᠨ ᠬᠦᠭᠵᠢᠯᠳᠡ ᠪᠠᠨ ᠲᠠᠭᠠᠭᠠᠳ ᠡᠶᠢᠮᠦ ᠪᠤᠯᠤᠭᠰᠠᠨ ᠢ ᠲᠡᠮᠡᠢ ᠰᠤᠨᠢᠨ ᠳᠤ ᠲᠤᠭᠠᠴᠢᠬᠤ ᠶᠢ ᠪᠠᠶᠢᠶ᠎ᠠ᠃ ᠦᠨᠦᠳᠦᠷ ᠬᠠᠷᠢᠨ ᠲᠡᠭᠡᠳᠦ ᠶᠢᠨ ᠨᠤᠳᠤᠭ ᠠᠴᠠ ᠬᠡᠳᠦᠨ ᠰᠠᠶᠢᠬᠠᠨ ᠰᠡᠭᠦᠳᠡᠷ ᠠᠪᠬᠤ ᠪᠠᠷ ᠢᠷᠡᠭᠡᠳ ︽ᠡᠯᠥᠨᠴᠡ ᠶᠢᠨ ᠲᠡᠭᠡᠷᠮ᠎ᠡ︾ ᠶᠢᠨ ᠫᠢᠯᠠ ︵ᠢᠩ ᠤᠨ ᠫᠠᠨᠰᠠ ᠪᠤᠶᠤ ᠢᠩ ᠤᠨ ᠲᠠᠶᠢᠰᠠ ᠭᠡᠳᠡᠭ︶ ᠨᠢ ᠲᠡᠭ ᠲᠤᠮᠳᠠᠭᠤᠷ ᠢᠶᠠᠨ  ᠳ᠋ᠢᠶᠠᠮᠧᠲᠷ ᠭᠡᠮᠡᠷ ᠬᠠᠭᠠᠷᠠᠴᠢᠬᠠᠭᠠᠳ ᠲᠡᠭᠡᠷᠮ᠎ᠡ ᠶᠢᠨ ᠪᠤᠯᠤ ᠲᠠᠢ ᠪᠠᠨ ᠦᠯᠥᠩ ᠡᠪᠡᠰᠤᠨ ᠲᠤᠮᠳᠠ ᠭᠤᠨᠢᠭ ᠲᠠᠢ ᠬᠡᠪᠳᠡᠵᠦ ᠪᠠᠶᠢᠭᠰᠠᠨ ᠨᠢ ᠪᠤᠷᠬᠠᠨ ᠤ ᠤᠷᠤᠨ ᠳᠠᠭᠠᠨ ᠶᠠᠪᠤᠭᠠᠳ ᠤᠳᠠᠵᠦ ᠪᠠᠶᠢᠭ᠎ᠠ ᠡᠯᠥᠨᠴᠡ ᠬᠤᠯᠤᠨᠴᠠ ᠨᠠᠷ ᠠᠴᠠ ᠴᠦ ᠢᠯᠡᠬᠦᠦ ᠲᠤᠷᠠᠰᠤᠯ ᠪᠤᠳᠤᠯᠭᠠᠰᠢᠷᠠᠯ ᠳᠤ ᠰᠢᠬᠢᠳᠤᠬᠦᠯᠵᠦ᠂ ᠰᠡᠳᠬᠢᠯ ᠵᠢᠷᠦᠬᠡ ᠶᠢ ᠡᠮᠵᠡᠭᠯᠡᠭᠦᠯᠵᠦ ᠪᠢᠯᠡ᠃    ᠲᠡᠭᠡᠳᠦ ᠶᠢᠨ ᠦᠶ᠎ᠡ ᠠᠴᠠ ᠠᠵᠦ ᠠᠮᠢᠳᠤᠷᠠᠯ ᠳᠤ ᠦᠨᠡᠨᠴᠢ ᠦᠢᠯᠡᠴᠢᠯᠡᠵᠦ ᠢᠷᠡᠭᠰᠡᠨ ᠲᠡᠭᠡᠷᠮ᠎ᠡ ᠶᠢᠨ ᠴᠢᠯᠠᠭᠤ ᠮᠢᠨᠢ᠂ ᠡᠬᠡ ᠪᠠᠶᠢᠭᠠᠯᠢ ᠳᠠᠬᠢ ᠠᠷᠢᠶᠠᠳᠠᠨ ᠤ ᠬᠠᠭᠠᠨ ᠤ ᠡᠷᠬᠡ ᠰᠦᠷ ᠢᠶᠠᠷ ᠡᠬᠡ ᠨᠤᠳᠤᠭ ᠤᠨ ᠰᠦᠷ ᠢ ᠡᠷᠭᠦᠨ᠂ ᠨᠤᠳᠤᠭ ᠤᠰᠤᠨ ᠤ ᠵᠠᠩ ᠦᠢᠯᠡ᠂ ᠲᠠᠷᠢᠶᠠᠯᠠᠬᠤ ᠠᠮᠢᠳᠤᠷᠠᠯ ᠤᠨ ᠰᠤᠶᠤᠯ ᠤᠨ ᠨᠢᠭᠡᠨ ᠤ ᠬᠢᠨᠢ ᠬᠤᠪᠢ ᠪᠠᠷ ᠪᠤᠷᠤᠭᠵᠢᠭᠤᠨ ᠭᠤᠸ᠎ᠠ ᠤᠴᠢᠷ ᠤᠳᠬ᠎ᠠ᠂ ᠲᠦᠷᠢ ᠲᠦᠷᠬᠦ ᠪᠠᠷ ᠢᠶᠠᠨ ᠠᠷᠪᠠᠨ ᠲᠠᠪᠤᠨ ᠤ ᠰᠠᠷᠠᠨ ᠰᠢᠭ᠋ ᠲᠡᠷᠭᠡᠯ ᠪᠦᠳᠦᠨ ᠢᠶᠠᠷ ᠤᠶᠤᠨ ᠰᠦᠨᠡᠰᠦᠨ ᠤ ᠡᠴᠢᠨ᠎ᠡ ᠳᠤ ᠴᠠᠬᠢᠯᠤᠨ ᠴᠠᠬᠢᠯᠤᠭᠠᠳ ᠁     ᠤᠪᠤᠭᠠᠨ ᠴᠢᠯᠠᠭᠤ     ᠤᠯᠠᠩᠬᠢ ᠬᠦᠮᠦᠰ ᠴᠢᠯᠠᠭᠤ ᠶᠢ ᠡᠩ ᠤᠨ ᠪᠤᠳᠠᠰ ᠭᠡᠵᠤ ᠤᠶᠢᠰᠢᠶᠠᠬᠤ ᠴᠦ ᠦᠭᠡᠢ ᠨᠢ ᠦᠨᠡᠨ᠃ ᠬᠠᠷᠢᠨ ᠮᠢᠨᠦ ᠡᠵᠢ ᠴᠡᠴᠡᠷᠯᠢᠭ ᠲᠤ ᠵᠤᠭᠠᠴᠡᠪᠠᠴᠦ᠂ ᠬᠦᠳᠡᠭᠡ ᠲᠤᠭᠤᠷᠢᠪᠠᠴᠦ᠂ ᠬᠡᠨ ᠤ ᠬᠤᠷᠢᠶᠠᠯᠠᠯ ᠳᠤ ᠤᠷᠤᠪᠠᠴᠦ ᠴᠢᠯᠠᠭᠤ ︽ᠬᠤᠯᠠᠭᠠᠶᠢᠯᠠᠬᠤ︾ ᠭᠡᠳ ᠪᠠᠶᠢᠳᠠᠭ ᠪᠦᠭᠡᠳ ︽ᠡᠨᠡ ᠴᠢᠨᠢ ᠦᠨᠳᠡᠭᠡᠨ ᠴᠢᠯᠠᠭᠤ᠂ ᠡᠨᠡ ᠨᠢ ᠦᠬᠡᠭᠦᠨ ᠴᠢᠯᠠᠭᠤ︾ ᠁ ᠭᠡᠵᠤ ᠲᠦᠳᠦᠨᠡᠭᠡᠳ ᠪᠠᠶᠢᠳᠠᠭ᠃     ᠲᠡᠶᠢᠮᠦ᠃ ᠴᠢᠯᠠᠭᠤ ᠶᠢ ᠤᠷᠤᠰᠢᠯ ᠤᠷᠤᠨ ᠪᠠᠶᠢᠷᠢ ᠪᠠᠷ ᠨᠢ ᠤᠷᠤᠰᠬᠠᠯ ᠤᠨ ᠴᠢᠯᠠᠭᠤ᠂ ᠠᠭᠤᠯᠠᠨ ᠴᠢᠯᠠᠭᠤ᠂ ᠡᠭᠦᠳᠡᠨ ᠴᠢᠯᠠᠭᠤ᠂ ᠬᠠᠳᠠᠨ ᠴᠢᠯᠠᠭᠤ ᠭᠡᠵᠤ︔ ᠪᠡᠶ᠎ᠡ ᠪᠠᠷ ᠨᠢ ᠦᠭᠡᠷ ᠴᠢᠯᠠᠭᠤ᠂ ᠬᠤᠨᠢᠨ ᠴᠢᠯᠠᠭᠤ᠂ ᠦᠨᠳᠡᠭᠡᠨ ᠴᠢᠯᠠᠭᠤ ᠭᠡᠵᠤ︔ ᠬᠡᠷᠡᠭᠴᠡᠭᠡ ᠪᠠᠷ ᠨᠢ ᠲᠡᠭᠡᠷᠮ᠎ᠡ ᠶᠢᠨ ᠴᠢᠯᠠᠭᠤ᠂ ᠪᠢᠯᠡᠬᠦᠦ ᠴᠢᠯᠠᠭᠤ᠂ ᠨᠤᠭᠤᠭ᠎ᠠ ᠲᠠᠷᠤᠰᠢᠭᠤᠯᠬᠤ ᠴᠢᠯᠠᠭᠤ᠂ ᠪᠠᠷᠢᠯᠭ᠎ᠠ ᠶᠢᠨ ᠴᠢᠯᠠᠭᠤ᠂ ᠡᠪᠡᠳᠴᠢᠨ ᠠᠨᠠᠭᠠᠳᠠᠭ ᠴᠢᠯᠠᠭᠤ ᠭᠡᠵᠤ︔ ᠦᠩᠭᠡ ᠪᠠ ᠰᠢᠷᠬᠡᠭ ᠢᠶᠠᠷ ᠨᠢ ᠬᠦᠭᠡ ᠴᠢᠯᠠᠭᠤ᠂ ᠬᠦᠷᠡᠩ ᠴᠢᠯᠠᠭᠤ᠂ ᠪᠤᠷᠦ ᠴᠢᠯᠠᠭᠤ᠂ ᠴᠠᠭᠠᠨ ᠴᠢᠯᠠᠭᠤ᠂ ᠲᠠᠪᠤᠰᠤᠨ ᠴᠢᠯᠠᠭᠤ᠂ ᠦᠬᠡᠬᠦᠨᠳᠡᠢ ᠴᠢᠯᠠᠭᠤ᠂ ᠮᠤᠭᠠᠢ ᠲᠤᠯᠢᠶᠠᠭᠰᠠᠨ ᠴᠢᠯᠠᠭᠤ ᠭᠡᠵᠤ︔ ᠤᠳᠬ᠎ᠠ ᠴᠢᠨᠠᠷ ᠢᠶᠠᠷ ᠨᠢ ᠲᠤᠷᠠᠰᠬᠠᠯ ᠤᠨ ᠴᠢᠯᠠᠭᠤ᠂ ᠭᠤᠶᠤᠯᠠᠯ ᠵᠠᠰᠠᠯ ᠤᠨ ᠴᠢᠯᠠᠭᠤ᠂ ᠰᠢᠨᠵᠢᠯᠡᠭᠡᠨ ᠤ ᠴᠢᠯᠠᠭᠤ᠂ ᠬᠦᠢ ᠲᠠᠷᠤᠭᠰᠠᠨ ᠴᠢᠯᠠᠭᠤ᠂ ᠲᠡᠷ᠎ᠡ ᠶᠢᠨ ᠴᠢᠯᠠᠭᠤ᠂ ᠤᠪᠤᠭᠠᠨ ᠴᠢᠯᠠᠭᠤ ᠁ ᠭᠡᠵᠤ ᠤᠯᠡᠨ ᠲᠦᠷᠦᠯ ᠬᠤᠪᠢᠶᠠᠳᠠᠭ ᠪᠦᠭᠡᠳ ᠮᠦᠩᠭᠡ ᠶᠢᠨ ᠰᠠᠶᠢᠬᠠᠨ ᠤᠳᠬ᠎ᠠ ᠴᠢᠨᠠᠷ ᠲᠠᠢ ᠪᠠᠶᠢᠳᠠᠭ ᠢ ᠲᠤᠮᠤᠭᠠᠵᠢᠵᠦ ᠢᠳᠡᠷᠵᠢᠬᠦ ᠶᠢ ᠲᠠᠭᠠᠯᠳᠤᠨ ᠮᠡᠳᠡᠭᠰᠡᠨ ᠶᠤᠮ᠃     ᠤᠪᠤᠭᠠᠨ ᠴᠢᠯᠠᠭᠤ ᠭᠡᠵᠤ ᠲᠡᠷᠡ ᠪᠦᠬᠦᠨ ᠤ ᠲᠤᠮᠳᠠ ᠪᠠᠨ ᠶᠡᠷᠦᠩᠬᠡᠶᠢᠯᠡᠵᠦ ᠬᠤᠷᠢᠶᠠᠩᠭᠤᠶᠢᠯᠠᠭᠰᠠᠨ᠂ ᠬᠠᠮᠤᠭ ᠤᠨ ᠡᠷᠬᠢᠮ ᠰᠠᠶᠢᠬᠠᠨ ᠤ ᠪᠦᠷᠢᠯᠸ᠎ᠠ᠂ ᠤᠳᠬ᠎ᠠ ᠴᠢᠨᠠᠷ ᠢᠶᠠᠷ ᠬᠠᠮᠤᠭ ᠤᠨ ᠬᠦᠨᠳᠦ ᠨᠢᠭᠡ ᠨᠢ᠃ ᠮᠢᠨᠦ ᠰᠠᠭᠤᠭ᠎ᠠ ᠨᠤᠳᠤᠭ ᠤᠨ ᠠᠷᠦ ᠳᠤ ︽ᠬᠡᠰᠢᠭᠳᠦ ᠤᠪᠤᠭ᠎ᠠ︾ ᠶᠢ ᠪᠤᠰᠬᠠᠭᠰᠠᠨ ᠶᠠᠪᠤᠴᠠ ᠨᠢ ᠨᠠᠳᠠ ᠳᠤ ᠲᠤᠩ ᠴᠢᠬᠤᠯᠠ ᠤᠯᠵᠠᠷᠬᠠᠯ ᠪᠤᠯᠤᠭᠰᠠᠨ᠃ ᠴᠢᠯᠠᠭᠤᠨ ᠳᠤ ᠨᠠᠭᠠᠯᠳᠤᠭᠰᠠᠨ ᠪᠤᠬᠢᠷ ᠪᠤᠷᠳᠠᠭ᠂ ᠪᠠᠷᠴᠢᠳ ᠪᠦᠬᠦᠨ ᠢ ᠨᠤᠮ ᠤᠨ ᠲᠠᠭᠤ᠂ ᠲᠠᠷᠨᠢ ᠶᠢᠨ ᠬᠦᠴᠦ ᠪᠠᠷ ᠠᠷᠢᠭᠤᠯᠠᠬᠤ ᠭᠡᠵᠤ ᠲᠤᠯᠤᠭᠠᠨ ᠡᠳᠦᠷ ᠨᠤᠮ ᠤᠩᠰᠢᠭᠤᠯᠵᠠᠢ᠃ ᠡᠨᠡ ᠨᠢ ᠤᠪᠤᠭᠠᠨ ᠳᠤ ᠤᠷᠤᠬᠤ ᠰᠢᠷᠬᠡᠭ ᠴᠢᠯᠠᠭᠤ ᠪᠦᠬᠦᠨ ᠤ ᠲᠤᠭᠠᠯᠠᠩ ᠢᠶᠠᠷ ᠦᠭᠡᠳᠡ ᠰᠠᠶᠢᠬᠠᠨ ᠡᠷᠡᠭᠦᠯ ᠪᠦᠳᠦᠨ ᠤ ᠷᠢᠳᠢ ᠰᠢᠳᠢ ᠰᠤᠨᠤᠷᠳᠠᠭᠤᠯᠤᠨ ᠠᠭᠤᠰᠬᠠᠵᠦ᠂ ᠰᠢᠨ᠎ᠡ ᠪᠤᠰᠬᠠᠭᠰᠠᠨ ᠤᠪᠤᠭᠠᠨ ᠤ ᠴᠢᠯᠠᠭᠤ ᠪᠦᠬᠦᠨ ᠠᠴᠠ ᠨᠤᠳᠤᠭ ᠤᠰᠤᠨ ᠤ ᠢᠷᠡᠭᠡᠳᠦᠢ ᠶᠢᠨ ᠬᠦᠭᠵᠢᠯ ᠪᠠᠳᠠᠷᠠᠯ ᠪᠠ ᠪᠠᠶᠠᠨ ᠬᠦᠴᠦᠷᠭᠡᠭ ᠤᠨ ᠭᠢᠯᠪᠠᠭ᠎ᠠ ᠤᠷᠭᠤᠭᠤᠯᠵᠠᠢ ᠭᠡᠵᠤ ᠲᠠᠨᠢᠵᠠᠢ᠃ ᠶᠠᠭ ᠡᠶᠢᠮᠦ ᠠᠴᠠ ᠤᠪᠤᠭᠠᠨ ᠳᠤ ᠤᠷᠤᠭᠰᠠᠨ ᠴᠢᠯᠠᠭᠤ ᠪᠦᠬᠦᠨ ᠨᠢ ᠨᠤᠳᠤᠭ ᠤᠰᠤᠨ ᠤ ᠬᠦᠮᠦᠨ ᠵᠤᠨ ᠤ ᠶᠠᠭᠤ ᠪᠦᠬᠦᠨ ᠤ ᠬᠢᠨᠢ ᠦᠬᠦᠰᠢ ᠦᠭᠡᠢ ᠮᠦᠩᠬᠡ᠂ ᠦᠭᠦᠭᠡᠷᠡᠰᠢ ᠦᠭᠡᠢ ᠪᠠᠶᠠᠨ᠂ ᠤᠨᠳᠠᠷᠠᠰᠢ ᠦᠭᠡᠢ ᠲᠦᠯᠦ᠂ ᠤᠬᠤᠷᠢᠰᠢ ᠦᠭᠡᠢ ᠬᠠᠳᠠᠨ᠂ ᠴᠠᠷᠴᠠᠰᠢ ᠦᠭᠡᠢ ᠬᠠᠶᠢᠯᠭᠠᠨ ᠁ ᠪᠠᠶᠢᠬᠤ ᠶᠢ ᠲᠦᠯᠦᠭᠡᠯᠡᠵᠦ᠂ ᠪᠡᠯᠭᠡᠳᠡᠵᠦ᠂ ᠵᠦᠩᠨᠡᠵᠦ ᠪᠠᠶᠢᠳᠠᠭ᠃     ᠤᠯᠠᠨ ᠤᠯᠠᠨ ᠴᠢᠯᠠᠭᠤ ᠶᠢ ᠵᠡᠷᠬᠡᠯᠡᠨ ᠲᠠᠯᠪᠢᠵᠦ ᠤᠪᠤᠭ᠎ᠠ ᠪᠤᠰᠬᠠᠬᠤ ᠳᠤ ᠪᠠᠰᠠ ᠶᠡᠭᠡ ᠠᠷᠪᠢᠨ ᠤᠴᠢᠷ ᠶᠤᠰᠤ ᠲᠠᠢ ᠭᠡᠵᠤ ᠨᠠᠶᠠ ᠭᠠᠷᠤᠭᠰᠠᠨ ᠪᠠᠶᠠᠨᠪᠤᠯᠠᠭ ᠨᠠᠰᠤᠳᠠᠨ ᠠᠴᠠ ᠰᠤᠨᠤᠰᠤᠭᠰᠠᠨ᠃ ᠤᠪᠤᠭᠠᠨ ᠴᠢᠯᠠᠭᠤ ᠶᠢ ᠶᠤᠰᠤᠨ ᠳᠠᠭᠠᠨ ᠨᠠᠢᠮᠠᠨ ᠶᠡᠭᠡ ᠠᠭᠤᠯᠠ ᠪᠡ ᠭᠡᠭᠡᠨ ᠤᠷᠤᠰᠬᠠᠯᠳᠦ ᠨᠠᠶᠠᠨ ᠭᠤᠤᠯ ᠤᠨ ᠬᠦᠪᠡᠭᠡᠨ ᠠᠴᠠ᠂ ᠪᠠᠰᠠ ᠤᠳᠠᠢ ᠠᠭᠤᠯᠠᠨ ᠠᠴᠠ ᠪᠠᠳᠢᠷᠯᠠᠵᠦ ᠠᠪᠴᠢᠷᠠᠨ ᠡᠬᠢ ᠬᠦᠷᠦᠩᠭᠡ ᠪᠤᠯᠭᠠᠳᠠᠭ ᠭᠡᠨ᠎ᠡ᠃ ᠮᠢᠨᠦ ᠨᠤᠳᠤᠭ ᠤᠨ ︽ᠬᠡᠰᠢᠭᠳᠦ ᠤᠪᠤᠭ᠎ᠠ︾ ᠶᠢᠨ ᠬᠦᠷᠦᠩᠭᠡ ᠶᠢ ᠶᠠᠭ ᠡᠶᠢᠮᠦ ᠡᠳᠡᠭᠡᠳ ᠡᠷᠬᠢᠨ ᠶᠤᠰᠤ ᠪᠠᠷ ᠪᠦᠷᠢᠳᠦᠭᠦᠯᠦᠭᠰᠡᠨ ᠡᠰᠡᠭᠦ ᠶᠢ ᠪᠢ ᠦᠨᠡᠭᠡᠷ ᠮᠡᠳᠡᠭᠰᠡᠨ ᠦᠭᠡᠢ᠃     ᠪᠠᠶᠠᠨᠪᠤᠯᠠᠭ ᠨᠠᠰᠤᠳᠠᠨ ᠤ ᠬᠡᠯᠡᠬᠦ ᠪᠠᠷ᠂ ᠦᠨᠢ ᠡᠷᠳᠡᠨ ᠠᠴᠠ ᠤᠪᠤᠭ᠎ᠠ ᠪᠤᠰᠬᠠᠬᠤ ᠳᠠᠭᠠᠨ ᠦᠷᠡᠵᠢᠯ ᠬᠦᠭᠵᠢᠯ ᠤᠨ ᠪᠡᠯᠬᠡ ᠲᠡᠮᠳᠡᠭ ᠭᠡᠵᠤ ᠤᠪᠤᠭᠠᠨ ᠤ ᠰᠠᠭᠤᠷᠢᠨ ᠳᠤᠨᠢ ᠪᠤᠭᠤᠳᠠᠢ᠂ ᠲᠤᠳᠤᠷᠭ᠎ᠠ᠂ ᠪᠤᠷᠴᠠᠭ᠂ ᠨᠠᠷᠢᠮᠦ᠂ ᠰᠢᠯᠥᠬᠡᠢ ᠵᠡᠷᠭᠡ ᠲᠠᠪᠤᠨ ᠲᠠᠷᠢᠶᠠᠨ ᠤ ᠦᠷ᠎ᠡ ᠶᠢ ᠪᠤᠯᠠᠵᠦ᠂ ᠪᠦᠬᠡ ᠰᠠᠪᠠᠨ ᠳᠤ ᠤᠰᠤ ᠬᠢᠵᠦ ᠪᠠᠬᠢᠯᠡᠨ ᠲᠠᠯᠪᠢᠳᠠᠭ᠃ ᠭᠡᠬᠦ ᠳᠡᠭᠡᠨ ᠲᠡᠷᠡ ᠤᠰᠤ ᠨᠢ ᠲᠦᠷᠪᠡᠨ ᠲᠠᠯᠠᠢ ᠶᠢᠨ ᠤᠰᠤ ᠪᠤᠶᠤ ᠯᠠᠪᠷᠦ᠋ᠩ᠂ ᠬᠦᠮᠪᠦᠮ᠂ ᠲᠦᠪᠡᠳ᠂ ᠤᠳᠠᠢ ᠶᠢᠨ ᠪᠤᠯᠠᠭ ᠵᠡᠷᠭᠡ ᠶᠢᠨ ᠪᠤᠷᠬᠠᠨ ᠤᠷᠤᠨ ᠠᠴᠠ ᠭᠤᠶᠤᠵᠦ ᠠᠪᠴᠢᠷᠠᠭᠰᠠᠨ ᠤᠰᠤ ᠪᠠᠶᠢᠬᠤ ᠭᠡᠷᠡᠭᠳᠡᠢ᠃ ᠤᠪᠤᠭᠠᠨ ᠤ ᠭᠤᠤᠯ ᠳᠤᠨᠢ ᠤᠳᠠ ᠮᠤᠳᠤ ᠶᠢ ᠪᠤᠰᠬᠠᠬᠤ ᠶᠤᠰᠤ ᠲᠠᠢ᠃ ᠤᠪᠤᠭᠠᠨ ᠤ ᠭᠤᠤᠯ ᠳᠠᠬᠢ ᠣᠳᠠ ᠮᠤᠳᠤ ᠪᠠᠷ ᠡᠭᠡ ᠶᠢᠨ ᠪᠡᠯᠬᠡᠳᠡᠯ ᠪᠤᠯᠭᠠᠵᠤ᠂ ᠤᠪᠤᠭᠠᠨ ᠴᠢᠯᠠᠭᠤ ᠪᠠᠷ ᠡᠴᠢᠭᠡ ᠶᠢᠨ ᠪᠡᠯᠬᠡᠳᠡᠯ ᠪᠤᠯᠭᠠᠳᠠᠭ᠃ ᠡᠷᠳᠡᠨ ᠤ ᠦᠶ᠎ᠡ ᠳᠤ ᠤᠪᠤᠭ᠎ᠠ ᠶᠢ ᠪᠠᠰᠠ ᠡᠬᠡ ᠬᠦ᠋ᠮᠦᠨ ᠤ ᠬᠦᠬᠦᠨ ᠬᠡᠯᠪᠡᠷᠢᠳᠡᠢ ᠭᠡᠵᠦ ᠠᠮᠢ ᠨᠠᠰᠤᠨ ᠤ ᠪᠡᠯᠭᠡᠳᠡᠯ ᠴᠦ ᠬᠡᠳᠡᠭ᠃ ᠬᠦᠮᠦᠨ ᠡᠨᠡ ᠶᠢᠷᠳᠢᠨᠴᠦ ᠳᠤ ᠢᠷᠡᠮᠡᠭᠴᠡ ᠡᠬᠡ ᠶᠢᠨ ᠢᠶᠠᠨ ᠬᠦᠬᠦ ᠶᠢ ᠰᠢᠮᠡᠵᠦ ᠠᠮᠢ ᠨᠠᠰᠦ ᠪᠠᠨ ᠦᠷᠭᠦᠯᠵᠢᠯᠡᠬᠦᠯᠳᠡᠭ ᠤᠨ ᠤᠴᠢᠷ ᠠᠴᠠ ᠢᠩᠭᠢᠵᠦ ᠪᠡᠯᠬᠡᠳᠡᠳᠡᠭ ᠪᠠᠶᠢᠵᠠᠢ᠃     ᠤᠪᠤᠭᠠᠨ ᠴᠢᠯᠠᠭᠤ ᠭᠡᠵᠤ ᠨᠢᠭᠡᠳ ᠨᠢᠭᠡ ᠪᠠᠷ ᠢᠶᠠᠨ ᠡᠴᠢᠭᠡ ᠬᠦᠮᠦᠨ ᠪᠦᠭᠡᠳ ᠠᠮᠢ ᠠᠮᠢᠵᠢᠷᠠᠯ ᠤᠨ ᠡᠰ ᠪᠦᠬᠦᠨ ᠢ ᠲᠦᠯᠦᠭᠡᠯᠡᠵᠦ ᠪᠠᠶᠢᠳᠠᠭ ᠠᠵᠢ᠃ ᠡᠳᠡᠭᠡᠷ ᠤᠴᠢᠷ ᠶᠤᠰᠤ ᠶᠢ ᠮᠡᠳᠡᠳᠡᠭ ᠬᠦᠮᠦᠨ ᠪᠦᠬᠦᠨ ᠤᠪᠤᠭᠠᠨ ᠴᠢᠯᠠᠭᠤ ᠶᠢ ᠬᠦᠨᠳᠦᠳᠭᠡᠳᠡᠭ ᠪᠦᠭᠡᠳ ᠤᠪᠤᠭᠠᠨ ᠳᠤ ᠴᠢᠯᠠᠭᠤ ᠲᠠᠯᠪᠢᠬᠤ ᠶᠢ ᠡᠷᠬᠢᠮᠯᠡᠳᠡᠭ᠃ ᠵᠠᠮ ᠢᠶᠠᠷ ᠦᠩᠭᠡᠷᠡᠬᠦ ᠬᠦᠮᠦᠨ ᠴᠦ ᠮᠤᠷᠢ ᠤᠨᠤᠭᠠᠨ ᠠᠴᠠ ᠪᠠᠨ ᠪᠠᠭᠤᠭᠠᠳ ᠤᠪᠤᠭᠠᠨ ᠳᠠᠭᠠᠨ ᠴᠢᠯᠠᠭᠤ ᠲᠠᠯᠪᠢᠵᠦ ᠮᠦᠷᠭᠦᠭᠡᠳ ᠰᠠᠶ᠋ᠢ ᠮᠤᠷᠳᠠᠳᠠᠭ ᠭᠡᠨ᠎ᠡ᠃ ᠠᠮᠠᠨ ᠲᠠᠷᠨᠢ ᠤᠩᠰᠢᠵᠦ ᠪᠠᠶᠢᠭᠠᠳ ᠭᠤᠷᠪᠠᠨ ᠴᠢᠯᠠᠭᠤ ᠲᠠᠯᠪᠢᠨ᠎ᠠ᠃ ᠤᠪᠤᠭ᠎ᠠ ᠶᠢ ᠨᠠᠷᠠᠨ ᠵᠦᠪ ᠡᠷᠭᠢᠯᠳᠡ ᠪᠠᠷ ᠨᠢᠭᠡ ᠡᠷᠭᠢᠪᠡᠯ ᠨᠢᠭᠡ ᠴᠢᠯᠠᠭᠤ ᠲᠠᠯᠪᠢᠨ᠎ᠠ᠃ ᠭᠤᠷᠪᠠ ᠡᠷᠭᠢᠭᠡᠳ ᠭᠤᠷᠪᠠᠨ ᠴᠢᠯᠠᠭᠤ ᠲᠠᠯᠪᠢᠳᠠᠭ ᠵᠠᠩᠰᠢᠯ ᠲᠠᠢ᠃ ᠶᠠᠭ ᠡᠶᠢᠮᠦ ᠠᠴᠠ ᠤᠪᠤᠭᠠᠨ ᠴᠢᠯᠠᠭᠤᠨ ᠳᠤ ᠡᠶᠢᠮᠦ ᠡᠷᠬᠢᠮ ᠰᠠᠶᠢᠬᠠᠨ ᠤᠳᠬ᠎ᠠ ᠴᠢᠨᠠᠷ᠂ ᠡᠭᠡᠯ ᠬᠦᠨᠳᠦ ᠡᠬᠢ ᠶᠤᠰᠤᠨ᠂ ᠦᠭᠡᠳᠡ ᠰᠠᠶᠢᠬᠠᠨ ᠤ ᠢᠳᠡᠭᠡᠯ ᠨᠠᠶᠢᠳᠠᠯᠭ᠎ᠠ ᠲᠠᠢ ᠪᠠᠶᠢᠵᠠᠢ᠃     ᠤᠪᠤᠭᠠᠨ ᠴᠢᠯᠠᠭᠤ ᠶᠢ ᠬᠠᠷᠠᠬᠤ ᠪᠦᠷᠢ ᠨᠤᠳᠤᠭ ᠦᠭᠰᠦᠭᠦᠯᠥᠨ᠂ ᠬᠤᠳᠤᠭ ᠰᠤᠯᠤᠩᠭᠠᠷᠠᠭᠤᠯᠵᠦ ᠪᠠᠶᠢᠭ᠎ᠠ ᠲᠠᠷᠬᠠᠨ ᠡᠵᠡᠳ ᠭᠡᠵᠤ ᠰᠡᠳᠬᠢᠯ ᠵᠢᠷᠦᠬᠡᠨ ᠠᠴᠠ ᠪᠠᠨ ᠲᠤᠭᠳᠤᠯᠤᠭᠠᠳ ᠯᠡ ᠪᠠᠶᠢᠳᠠᠭ᠃ ᠦᠩᠭᠡᠷᠡᠭᠰᠡᠨ᠂ ᠦᠨᠦᠳᠦᠷ ᠂ ᠢᠷᠡᠭᠡᠳᠦᠢ ᠠᠯᠢ ᠪᠦᠬᠦᠢ ᠲᠠᠪᠢᠯᠠᠩ ᠢ ᠨᠢ ᠪᠤᠳᠤᠪᠠᠯ ᠪᠤᠳᠤᠯᠭᠠᠰᠢᠷᠠᠭᠠᠳ ᠯᠡ ᠪᠠᠶᠢᠳᠠᠭ᠃ ᠤᠪᠤᠭᠠᠨ ᠴᠢᠯᠠᠭᠤᠨ ᠠᠴᠠ ᠰᠠᠴᠤᠷᠠᠭᠰᠠᠨ ᠲᠤᠷᠭᠠᠨ ᠭᠡᠷᠡᠯ ᠨᠢ ᠬᠡᠯᠡ ᠤᠷᠭᠤᠴᠢᠬᠠᠭᠠᠳ ᠤᠶᠤᠨ ᠰᠦᠨᠡᠰᠦ᠂ ᠤᠬᠠᠭᠠᠨ ᠮᠡᠳᠡᠷᠡᠯ ᠤᠷᠤᠭᠤ ᠠᠰ ᠴᠢᠭᠯᠡᠨ᠂ ᠤᠯᠠᠨ ᠤᠯᠠᠨ ᠬᠦᠨ ᠤᠬᠠᠭᠠᠨ ᠪᠠ ᠬᠠᠳᠠᠭᠤ ᠶᠤᠰᠤ ᠶᠢ ᠦᠪᠯᠡᠭᠦᠯᠦᠨ ᠲᠠᠭᠤᠰᠤᠰᠢ ᠦᠭᠡᠢ ᠠᠨᠢᠷᠯᠠᠭᠠᠳ ᠯᠡ ᠪᠠᠶᠢᠳᠠᠭ᠃     ᠵᠢᠯ ᠪᠦᠷᠢ ᠶᠢᠨ ᠪᠢᠯᠢᠭ ᠤᠨ ᠲᠠᠪᠤᠨ ᠰᠠᠷ᠎ᠠ ᠶᠢᠨ ᠰᠢᠨ᠎ᠡ ᠶᠢᠨ ᠲᠠᠪᠤᠨ᠎ᠠ᠂ ᠨᠠᠷᠠᠨ ᠪᠢᠳᠡᠭᠦᠦ ᠪᠠᠷ ᠬᠡᠰᠢᠭᠳᠦ ᠤᠪᠤᠭᠠᠨ ᠤ ᠪᠠᠨ ᠴᠢᠯᠠᠭᠤ ᠪᠦᠬᠦᠨ ᠤ ᠬᠢᠨᠢ ᠤᠬᠠᠭᠠᠨ ᠰᠠᠨᠠᠭ᠎ᠠ ᠪᠠᠷ ᠦᠪᠡᠷ ᠢ ᠪᠠᠨ ᠠᠷᠢᠭᠤᠯᠠᠬᠤ᠂ ᠬᠤᠪᠢ ᠲᠦᠬᠡᠷᠭᠡ ᠪᠠᠨ ᠲᠡᠪᠵᠢᠬᠦᠯᠬᠦ ᠪᠠᠷ ᠠᠭᠤᠯᠠᠨ ᠳᠠᠭᠠᠨ ᠮᠠᠴᠤᠳᠠᠭ ᠶᠤᠮ᠃ ᠲᠡᠷᠡ ᠦᠶ᠎ᠡ ᠳᠤ ᠤᠪᠤᠭᠠᠨ ᠴᠢᠯᠠᠭᠤᠳ ᠰᠢᠷᠭᠡᠭ ᠰᠢᠷᠭᠡᠭ ᠢᠶᠠᠷ ᠢᠶᠠᠨ ᠭᠡᠷᠡᠯᠳᠦᠨ᠂ ᠬᠦᠷᠡᠩᠳᠦᠨ᠂ ᠴᠡᠩᠬᠡᠷᠯᠡᠨ ᠁ ᠡᠴᠢᠭᠡ ᠬᠦᠮᠦᠨ ᠢ ᠤᠷᠤᠯᠠᠨ᠂ ᠬᠦᠮᠦᠰ ᠲᠤ ᠲᠤᠭᠠᠯᠠᠰᠢ ᠦᠭᠡᠢ ᠬᠠᠭᠠᠨ ᠤᠬᠠᠭᠠᠨ ᠶᠠᠷᠢᠵᠦ ᠪᠠᠶᠢᠬᠤ ᠴᠦ ᠰᠢᠭ᠋᠃     ᠡᠨᠡᠷᠢᠯᠳᠦ ᠡᠴᠢᠭᠡ ᠶᠢᠨ ᠮᠢᠨᠢ ᠪᠡᠯᠭᠡᠳᠡᠯ ᠪᠤᠯᠤᠭᠰᠠᠨ ᠤᠪᠤᠭᠠᠨ ᠴᠢᠯᠠᠭᠤ᠂ ᠦᠨᠢᠳᠡ ᠭᠡᠷᠡᠯ ᠲᠠᠳᠠᠭᠤᠯᠤᠨ᠂ ᠭᠡᠭᠡ ᠢᠪᠡᠭᠡᠭᠰᠡᠨ ᠴᠢᠭ ᠢᠶᠠᠷ ᠢᠶᠠᠨ ᠡᠬᠡ ᠤᠷᠤᠨ ᠤ ᠪᠠᠨ ᠭᠠᠵᠠᠷ ᠤᠰᠤᠨ ᠲᠡᠭᠡᠷ᠎ᠡ ᠰᠦᠨᠳᠡᠷᠯᠡᠨ ᠰᠦᠨᠳᠡᠷᠯᠡᠭᠡᠰᠡᠢ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号