ᠰᠢᠨ᠎ᠠ ᠶᠢᠨ ᠪᠡᠯᠡᠳᠭᠡᠯ ᠠᠴᠠ ᠰᠢᠨ᠎ᠠ ᠴᠠᠭ ᠤᠨ ᠮᠠᠯᠴᠢᠳ ᠤᠨ ᠠᠮᠢᠳᠤᠷᠠᠯ ᠢ ᠠᠵᠢᠭᠯᠠᠬᠤᠢ
ᠨᠡᠶᠢᠲᠡᠯᠡᠭᠰᠡᠨ ᠴᠠᠭ᠄
2021/2/9
    ᠲᠡᠰ ᠨᠢᠰ ᠬᠦᠯᠳᠡᠬᠦ ᠮᠦᠰᠤᠨ ᠡᠪᠤᠯ ᠢ ᠤᠶᠠᠷᠠᠭᠠᠬᠤ ᠶᠢᠰᠤ ᠶᠢᠨ ᠲᠤᠭᠠᠯᠠᠯ ᠡᠳᠦᠷ ᠤᠷᠳᠤᠰᠬᠠᠨ ᠬᠤᠯᠠᠳᠠᠨ᠎ᠠ᠃ ᠴᠠᠭᠠᠭᠴᠢᠨ ᠦᠭᠡᠷ ᠵᠢᠯ ᠤᠨ ᠴᠠᠭᠠᠨ ᠰᠠᠷ᠎ᠠ ᠨᠤᠳᠤᠭ ᠤᠨ ᠵᠠᠬ᠎ᠠ ᠳᠤ ᠢᠷᠠᠴᠢᠭᠡᠭᠰᠡᠨ᠂ ᠤᠳᠠᠯ ᠦᠭᠡᠢ ᠤᠶᠠᠭᠠᠨ ᠳᠡᠭᠡᠷ᠎ᠠ ᠪᠠᠭᠤᠬᠤ ᠪᠠᠷ ᠠᠶᠢᠰᠤᠢ᠃  ᠰᠦᠨᠢᠳ ᠪᠠᠷᠠᠭᠤᠨ ᠬᠤᠰᠢᠭᠤᠨ ᠤ ᠰᠠᠶᠢᠬᠠᠬᠤᠢᠯᠵᠡᠢ ᠰᠤᠮᠤᠨ ᠤ ᠨᠤᠭᠤᠭᠠᠨᠰᠢᠯᠢ ᠭᠠᠴᠠᠭᠠᠨ ᠤ ᠮᠠᠯᠴᠢᠨ ᠬᠠᠰᠪᠠᠭᠠᠨ᠎ᠠ ᠶᠢᠨ ᠬᠢ ᠰᠢᠨ᠎ᠠ ᠶᠢᠨ ᠪᠤᠤᠰᠠ ᠪᠠᠨ ᠪᠠᠷᠢᠬᠤ ᠴᠢᠮᠡᠭᠡ ᠪᠠᠷ ᠬᠤᠳᠠᠨ ᠤ ᠬᠦᠮᠦᠰ ᠨᠢ ᠬᠦᠷᠦᠯᠴᠡᠨ ᠢᠷᠡᠵᠤ ᠬᠠᠮᠵᠢᠯᠴᠠᠯ᠎ᠠ᠃ ᠲᠤᠰ ᠬᠤᠳᠠ ᠲᠤᠭᠤᠢᠢᠯᠠᠩ ᠤᠨ ᠠᠶᠢᠯ ᠤᠳ ᠤᠤᠯ ᠠᠴᠠ ᠪᠠᠨ ᠢᠡᠭᠬᠢᠵᠤ ᠬᠠᠮᠵᠢᠯᠴᠠᠵᠤ ᠢᠷᠡᠭᠰᠡᠨ ᠵᠤᠷᠰᠢᠯ ᠲᠠᠢ ᠪᠠᠶᠢᠯ᠎ᠠ᠃ ᠬᠠᠰᠪᠠᠭᠠᠨ᠎ᠠ ᠶᠢᠨ ᠳᠤ ᠡᠨᠡ ᠤᠳᠠᠭ᠎ᠠ ᠬᠠᠮᠵᠢᠬᠤ ᠬᠦᠮᠦᠨ ᠤᠯᠠᠨ ᠢᠷᠡᠵᠤ᠂ ᠳᠡᠳᠡ ᠠᠵᠢᠯ ᠤᠨ ᠢᠶᠠᠨ ᠵᠠᠪᠰᠡᠷ ᠴᠠᠭᠠᠨ ᠰᠠᠷ᠎ᠠ ᠶᠢᠨ ᠢᠶᠠᠨ ᠲᠤᠬᠠᠢ ᠬᠦᠭᠵᠢᠯᠳᠡᠢ ᠵᠤᠭᠤᠭ ᠳᠡᠯᠭᠡᠭᠰᠡᠭᠡᠷ ᠭᠡᠳᠦᠨ ᠵᠠᠭᠤᠨ ᠪᠤᠤᠰᠠ ᠶᠢ ᠲᠦᠳᠡ ᠤᠳᠠᠯ ᠦᠭᠡᠢ ᠪᠠᠷᠢᠭᠠᠳ ᠬᠦᠯᠳᠡᠭᠡᠵᠡᠢ᠃ ᠬᠠᠰᠪᠠᠭᠠᠨ᠎ᠠ ᠶᠢᠨ ᠬᠢ ᠭᠠᠯ ᠲᠠᠬᠢᠯᠭ᠎ᠠ ᠶᠢᠨ ᠬᠤᠷᠢᠨ ᠭᠤᠷᠪᠠᠨ ᠠᠴᠠ ᠡᠮᠦᠨ᠎ᠠ ᠪᠤᠤᠪᠤ ᠬᠠᠭᠠᠷᠢᠬᠤ᠂ ᠪᠤᠤᠰᠠ ᠪᠠᠩᠰᠢ ᠪᠠᠷᠢᠬᠤ ᠠᠵᠢᠯ ᠢᠶᠠᠨ ᠵᠠᠪᠠᠯ ᠪᠠᠷᠠᠭᠠᠳᠠᠭ ᠵᠠᠩᠰᠢᠯ ᠲᠠᠢ᠃ ᠬᠠᠰᠪᠠᠭᠠᠨ᠎ᠠ ᠶᠢᠨ ᠭᠡᠷᠬᠡᠢ ᠰᠠᠷᠠᠨᠴᠢᠮᠡᠭ᠄ ︽ᠮᠠᠨ ᠤ ᠬᠢᠨ ᠤ ᠠᠶᠢᠯ ᠤᠳ ᠪᠤᠤᠰᠠ ᠪᠠᠩᠰᠢ ᠪᠠᠨ ᠪᠦᠷ ᠬᠠᠮᠵᠢᠯᠴᠠᠭᠠᠳ ᠪᠠᠷᠢᠳᠠᠭ ᠰᠠᠶᠢᠬᠠᠨ ᠵᠤᠷᠰᠢᠯ ᠲᠠᠢ ᠰᠢᠤ᠂ ᠮᠠᠨ ᠤ ᠬᠢ ᠰᠠᠳᠤᠨ ᠲᠦᠷᠦᠯ ᠠᠷᠪᠢᠨ ᠪᠤᠯᠬᠤᠷ ᠪᠤᠤᠰᠠ ᠪᠠᠩᠰᠢ ᠠᠷᠪᠢᠨ ᠴᠤ ᠪᠠᠷᠢᠳᠠᠭ᠂ ᠭᠡᠰᠡᠨ ᠴᠤ ᠬᠤᠳᠠᠨ ᠤ ᠠᠶᠢᠯ ᠤᠳ ᠢᠷᠡᠭᠡᠳ ᠬᠠᠮᠵᠢᠴᠢᠬᠠᠳᠠᠭ ᠪᠤᠯᠬᠤᠷ ᠲᠤᠩ ᠤᠳᠠᠬᠤ ᠦᠭᠡᠢ ᠪᠠᠷᠠᠴᠢᠬᠠᠳᠠᠭ ᠶᠤᠮ᠃ ᠮᠠᠨ ᠤ ᠬᠢᠨ ᠴᠠᠭᠠᠨ ᠰᠠᠷ᠎ᠠ ᠶᠢᠨ ᠪᠡᠯᠡᠳᠭᠡᠯ ᠢᠶᠠᠨ ᠶᠠᠷᠤ ᠠᠴᠠ ᠪᠠᠨ ᠶᠡᠭᠡ ᠴᠢᠬᠤᠯᠠᠴᠢᠯᠠᠳᠠᠭ᠃ ᠤᠯᠠᠮᠵᠢᠯᠠᠯ ᠤᠨ ᠢᠶᠠᠨ ᠰᠢᠯᠢᠳᠡᠭ ᠵᠦᠢᠯ ᠢ ᠳᠡᠭᠡᠳᠦᠯᠡᠬᠦ  ᠶᠢᠨ ᠬᠠᠮᠳᠤ ᠴᠠᠭ  ᠤᠨ ᠤᠷᠤᠰᠬᠠᠯ  ᠢ ᠳᠠᠭᠠᠵᠤ᠂ ᠰᠢᠨ᠎ᠠ ᠶᠢᠨ ᠪᠡᠯᠡᠭ ᠰᠡᠯᠳᠠ ᠪᠠᠨ ᠤᠨᠴᠠᠯᠢᠭ ᠲᠠᠢ ᠪᠡᠯᠡᠳᠭᠡᠨ᠂ ᠴᠠᠭᠠᠨ ᠢᠳᠡᠭᠡᠨ ᠢᠶᠠᠨ ᠲᠤᠰᠬᠠᠢ ᠪᠡᠯᠡᠭ ᠪᠤᠯᠭᠠᠨ ᠦᠭᠳᠡᠭ᠂ ᠮᠠᠨ ᠤ ᠬᠢ ᠭᠡᠤᠭᠡᠳ ᠤᠳ ᠤᠨ ᠪᠡᠯᠡᠭ ᠲᠤ ᠨᠤᠮ ᠳᠡᠪᠳᠡᠷ ᠵᠡᠷᠬᠡ ᠰᠤᠶᠤᠯ ᠤᠨ ᠭᠡᠷᠡᠭᠰᠡᠯ ᠦᠭᠳᠡᠭ ᠪᠤᠯᠤᠭᠰᠠᠨ᠃ ᠰᠢᠨ᠎ᠠ ᠵᠢᠯ ᠢᠶᠠᠷ ᠮᠤᠩᠭᠤᠯ ᠬᠤᠪᠴᠠᠰᠤ ᠵᠠᠰᠠᠯ ᠢᠶᠠᠷ ᠢᠶᠠᠨ ᠭᠤᠶᠤᠯᠠᠬᠤ ᠶᠢ ᠴᠢᠬᠤᠯᠠᠴᠢᠯᠠᠬᠤ  ᠶᠢᠨ ᠬᠠᠮᠳᠤ ᠮᠤᠷᠢ ᠤᠨᠤᠭ᠎ᠠ ᠭᠡᠬᠦ ᠦᠭᠡᠢ ᠮᠠᠰᠢᠨ ᠲᠡᠷᠬᠡ ᠪᠠᠨ ᠴᠤ ᠴᠡᠪᠡᠷᠯᠡᠵᠤ ᠭᠤᠶᠤᠯᠠᠳᠠᠭ ᠰᠢᠤ᠃ ᠭᠡᠷ ᠤᠨ ᠲᠤᠳᠤᠨ᠎ᠠ ᠭᠠᠳᠠᠨᠠᠬᠢ ᠶᠢᠨ ᠴᠡᠪᠡᠷᠯᠡᠭᠡ ᠶᠢ ᠨᠡᠩ ᠰᠠᠶᠢᠨ ᠬᠢᠳᠡᠭ︾ ᠭᠡᠵᠤ ᠪᠠᠶᠠᠷᠳᠠᠶᠢᠬᠠᠨ ᠶᠠᠷᠢᠨ᠎ᠠ ᠪᠢᠯᠡ᠃     ᠲᠠᠶᠢᠮᠤ ᠡ︕ ᠵᠢᠯ ᠴᠠᠭᠠᠨ ᠰᠠᠷ᠎ᠠ ᠤᠶᠢᠷᠠᠳᠤᠬᠤ ᠪᠠᠷ ᠰᠢᠨ᠎ᠠ ᠶᠢᠨ ᠪᠠᠯᠠᠳᠭᠡᠯ ᠭᠡᠳᠡᠭ ᠡᠨᠡ ᠠᠵᠢᠯ ᠭᠡᠴᠢᠨᠠᠨ ᠴᠢᠬᠤᠯᠠ ᠪᠠᠶᠢᠳᠠᠭ ᠢ ᠮᠠᠯᠴᠢᠨ ᠬᠠᠰᠪᠠᠭᠠᠨ᠎ᠠ ᠶᠢᠨ ᠬᠢ ᠠᠴᠠ ᠤᠢᠢᠯᠠᠭᠠᠵᠤ ᠪᠤᠯᠤᠨ᠎ᠠ᠃ ︽ᠮᠤᠩᠭᠤᠯ ᠬᠦᠮᠦᠨ ᠪᠡᠯᠭᠡ ᠪᠠᠷ︾ ᠭᠡᠳᠡᠭᠴᠢᠯᠡᠨ᠂ ᠵᠢᠯ ᠳᠤ ᠪᠠᠨ ᠨᠢᠭᠡ ᠤᠳᠠᠭ᠎ᠠ ᠪᠤᠯᠳᠠᠭ ᠴᠠᠭᠠᠨ ᠰᠠᠷ᠎ᠠ ᠪᠠᠨ ᠪᠡᠯᠭᠡ ᠳᠡᠮᠪᠡᠷᠢᠯ ᠲᠠᠢ ᠦᠩᠭᠡᠷᠡᠬᠦᠯᠬᠦ ᠶᠢᠨ ᠲᠤᠯᠠᠳᠠ ᠢᠳᠡᠯᠭᠡ ᠤᠤᠭᠤᠯᠭ᠎ᠠ ᠪᠠᠨ ᠡᠯᠪᠡᠭ ᠳᠡᠯᠪᠡᠭ ᠪᠡᠯᠡᠳᠭᠡᠨ᠂ ᠭᠡᠷ ᠪᠠᠷᠠᠭ᠎ᠠ ᠵᠢᠴᠢ ᠬᠤᠳᠠ ᠰᠠᠭᠤᠷᠢᠰᠢᠯ ᠤᠨ ᠤᠷᠴᠢᠨ ᠲᠤᠭᠤᠷᠢᠨ ᠢᠶᠠᠨ ᠬᠢᠯᠡ ᠴᠢᠯᠡ ᠴᠡᠪᠡᠷᠯᠡᠵᠤ ᠲᠦᠪᠬᠢᠨᠡᠬᠦᠯᠳᠡᠭ ᠵᠠᠩᠰᠢᠯ ᠲᠠᠢ ᠪᠢᠯᠡ᠃     ᠴᠠᠭᠠᠨ ᠰᠠᠷ᠎ᠠ ᠶᠢᠨ ᠰᠢᠨ᠎ᠠ ᠶᠢᠨ ᠪᠡᠯᠡᠳᠭᠡᠯ ᠠᠵᠢᠯ ᠶᠠᠷᠤᠩᠬᠡᠢ  ᠳᠤ  ᠪᠠᠨ ᠬᠦᠭᠡᠭᠡ ᠰᠠᠷ᠎ᠠ ᠭᠠᠷᠴᠤ ᠢᠷᠡᠪᠠᠯ ᠡᠬᠢᠯᠡᠭᠡᠳ ᠦᠭᠡᠬᠦ ᠲᠤᠰᠤ ᠪᠠᠨ ᠰᠢᠷᠭᠠᠭᠠᠬᠤ᠂ ᠪᠤᠤᠪᠤ ᠪᠤᠭᠤᠷᠰᠤᠭ ᠢᠶᠠᠨ ᠬᠠᠭᠠᠷᠢᠬᠤ᠂ ᠪᠤᠤᠰᠠ ᠪᠠᠩᠰᠢᠨ ᠤ ᠮᠢᠬ᠎ᠠ ᠪᠠᠨ ᠭᠡᠷᠴᠢᠬᠦ ᠮᠠᠳᠤ  ᠪᠠᠷ ᠪᠠᠭ᠎ᠠ ᠪᠠᠭ᠎ᠠ  ᠪᠠᠷ ᠶᠠᠪᠤᠭᠳᠠᠳᠠᠭ᠃ ᠬᠠᠭᠤᠴᠢᠨ  ᠳᠤ  ᠪᠠᠨ ᠰᠢᠨ᠎ᠠ ᠶᠢᠨ ᠪᠡᠯᠡᠳᠭᠡᠯ ᠳᠤ ᠰᠢᠨᠡᠯᠡᠬᠦ ᠳᠤ ᠡᠮᠦᠰᠬᠦ ᠳᠡᠪᠡᠯ ᠬᠤᠪᠴᠠᠰᠤ ᠪᠠᠨ ᠪᠡᠯᠡᠳᠬᠦ ᠠᠴᠠ ᠭᠠᠳᠠᠨ᠎ᠠ ᠡᠮᠡᠭᠡᠯ ᠬᠠᠵᠠᠭᠠᠷ᠂ ᠲᠤᠬᠤᠰᠢ ᠵᠡᠷᠬᠡ ᠪᠠᠨ ᠪᠦᠷᠢᠨ ᠲᠦᠭᠦᠭᠡᠷᠴᠤ ᠠᠪᠳᠠᠭ᠃ ᠲᠠᠷᠠ  ᠦᠶ᠎ᠡ ᠳᠤ ᠪᠠᠷᠤᠭ ᠯᠡ ᠪᠦᠷ ᠰᠤᠮᠤ ᠶᠢᠨ ᠲᠦᠪ ᠤᠷᠤᠵᠤ᠂ ᠰᠢᠬᠢᠷ ᠪᠤᠤᠪᠤ᠂ ᠠᠷᠢᠬᠢ ᠲᠠᠮᠡᠬᠢ᠂ ᠪᠤᠷᠠᠮ ᠱᠠᠭᠠᠳᠠᠩ᠂ ᠯᠡ ᠴᠦᠳᠡᠩ ᠭᠡᠳ ᠠᠮᠢᠳᠤᠷᠠᠯ  ᠤᠨ ᠪᠦᠬᠦ ᠭᠡᠷᠡᠭᠰᠡᠯ ᠢᠶᠠᠨ ᠪᠡᠯᠡᠳᠭᠡᠵᠤ ᠠᠪᠳᠠᠭ ᠰᠠᠨ᠃ ᠤᠳᠤ ᠪᠤᠯ ᠬᠠᠷᠢᠨ ᠦᠭᠡᠷ᠎ᠠ ᠪᠤᠯᠵᠠᠢ᠃ ᠤᠨᠤᠭ᠎ᠠ ᠬᠦᠰᠬᠡ᠂ ᠵᠠᠮ ᠬᠠᠷᠢᠯᠴᠠᠭᠠᠨ ᠤ ᠨᠦᠬᠦᠴᠡᠯ ᠰᠠᠶᠢᠵᠢᠷᠠᠭᠰᠠᠨ ᠢᠶᠠᠷ ᠠᠶᠢᠮᠠᠭ ᠬᠤᠰᠢᠭᠤᠨ ᠤ ᠲᠦᠪ ᠤᠷᠤᠵᠤ ᠶᠠᠭᠤᠮ᠎ᠠ ᠪᠡᠯᠡᠳᠭᠡᠬᠦ ᠨᠢ ᠲᠠᠶᠢᠮᠤ ᠴᠤ ᠬᠦᠴᠢᠷ ᠠᠵᠢᠯ ᠪᠢᠰᠢ ᠪᠤᠯᠤᠭᠰᠠᠨ ᠪᠠᠶᠢᠨ᠎ᠠ᠃     ᠮᠤᠩᠭᠤᠯ ᠭᠠᠵᠠᠷ ᠤᠨ ᠴᠠᠭᠠᠨ ᠰᠠᠷ᠎ᠠ ᠶᠢᠨ ᠰᠢᠨ᠎ᠠ ᠶᠢᠨ ᠪᠡᠯᠡᠳᠭᠡᠯ ᠦᠨᠳᠦᠰᠤᠨ ᠳᠤ ᠪᠠᠨ ᠠᠳᠠᠯᠢᠪᠳᠤᠷ ᠪᠤᠯᠪᠠᠴᠤ ᠵᠠᠷᠢᠮ ᠨᠤᠳᠤᠭ᠂ ᠵᠠᠷᠢᠮ ᠠᠶᠢᠯ ᠬᠤᠳᠠᠨ ᠤ ᠰᠢᠨ᠎ᠠ ᠶᠢᠨ ᠪᠠᠯᠡᠳᠭᠡᠯ ᠠᠳᠠᠯᠢ ᠦᠭᠡᠢ ᠪᠠᠶᠢᠳᠠᠭ᠃ ᠲᠡᠷᠡ ᠨᠢ ᠭᠤᠤᠯᠳᠠᠭᠤ ᠠᠶᠢᠯ ᠠᠶᠢᠯ ᠤᠨ ᠨᠦᠬᠦᠴᠡᠯ ᠪᠠᠶᠢᠳᠠᠯ ᠠᠴᠠ ᠪᠠᠨ ᠰᠢᠯᠳᠠᠭᠠᠯᠠᠭᠳᠠᠳᠠᠭ᠃ ᠤᠤᠯ ᠳᠤ ᠪᠠᠨ ᠬᠦᠳᠡᠭᠡ ᠶᠢᠨ ᠠᠶᠢᠯ ᠤᠳ ᠨᠡᠯᠢᠶᠡᠳ ᠡᠷᠳᠡ ᠠᠴᠠ ᠪᠤᠤᠰᠠ ᠪᠠᠩᠰᠢ ᠪᠠᠨ ᠪᠠᠷᠢᠵᠤ ᠬᠦᠯᠳᠡᠭᠡᠭᠡᠳ ᠤᠷᠢ ᠤᠷᠤᠬᠤ ᠦᠭᠡᠢ ᠭᠠᠵᠠᠷ ᠬᠠᠳᠠᠭᠠᠯᠠᠳᠠᠭ ᠪᠤᠯ ᠤᠳᠤ ᠠᠮᠢᠳᠤᠷᠠᠯ ᠤᠨ ᠨᠦᠬᠦᠴᠡᠯ ᠰᠠᠶᠢᠵᠢᠷᠠᠵᠤ᠂ ᠴᠠᠬᠢᠯᠭᠠᠨ ᠨᠡᠪᠳᠡᠷᠡᠵᠤ᠂ ᠬᠦᠷᠦᠭᠡᠭᠴᠢ ᠬᠦᠯᠳᠡᠭᠡᠬᠦᠷ ᠨᠡᠶᠢᠳᠡᠮ ᠭᠡᠷᠡᠭᠯᠡᠳᠡᠭ ᠪᠤᠯᠤᠭᠰᠠᠨ ᠢᠶᠠᠷ ᠢᠯᠠᠩᠭᠤᠶ᠎ᠠ ᠪᠤᠤᠰᠠ ᠪᠠᠩᠰᠢ  ᠶᠢ ᠴᠠᠭᠠᠨ ᠰᠠᠷ᠎ᠠ ᠤᠶᠢᠷᠠᠳᠤᠭᠤᠯᠤᠨ ᠪᠠᠷᠢᠭᠰᠠᠨ ᠴᠤ ᠬᠦᠯᠳᠡᠵᠤ ᠦᠭᠬᠦ ᠦᠭᠡᠢ ᠭᠡᠵᠤ ᠵᠤᠪᠠᠭ᠋ᠤ ᠶᠠᠪᠤᠳᠠᠯ ᠦᠭᠡᠢ ᠪᠤᠯᠵᠠᠢ᠃ ᠡᠨᠡ ᠨᠢ ᠪᠤᠤᠰᠠ ᠪᠠᠩᠰᠢ ᠪᠠᠨ ᠨᠢᠭᠡ ᠶᠡᠭᠡ ᠤᠳᠠᠭᠠᠬᠤ ᠦᠭᠡᠢ ᠪᠠᠷ ᠰᠢᠨ᠎ᠠ ᠰᠤᠷᠭᠤᠭ ᠢᠶᠠᠷ ᠨᠢ ᠢᠳᠡᠬᠦ ᠶᠢ ᠡᠷᠬᠢᠮᠯᠡᠳᠡᠭ ᠠᠴᠠ ᠪᠤᠯᠤᠭᠰᠠᠨ ᠪᠠᠶᠢᠨ᠎ᠠ᠃ ᠭᠠᠯ ᠲᠠᠬᠢᠯᠭ᠎ᠠ ᠠᠴᠠ ᠡᠮᠦᠨ᠎ᠠ ᠮᠤᠩᠭᠤᠯ ᠭᠡᠷ᠂ ᠪᠠᠶᠢᠰᠢᠩ ᠭᠡᠷ ᠤᠨ ᠢᠶᠠᠨ ᠰᠢᠷᠢᠳᠡᠭ ᠲᠤᠭᠤᠷᠢᠭᠤᠯᠭ᠎ᠠ᠂ ᠲᠠᠪᠢᠰᠭᠡᠷ ᠤᠨ ᠲᠤᠭᠤᠰᠤ  ᠶᠢ ᠬᠦᠪᠢᠵᠤ ᠱᠦᠬᠦᠷᠳᠡᠬᠦ ᠪᠤᠶᠤ ᠬᠤᠳᠠ ᠬᠤᠷᠤᠭᠠᠨ ᠤ ᠪᠠᠨ ᠬᠤᠭ ᠨᠤᠪᠰᠢ ᠶᠢ ᠴᠡᠪᠡᠷᠯᠡᠵᠤ ᠠᠷᠢᠯᠭᠠᠳᠠᠭ᠃     ᠬᠤᠳᠠ ᠬᠦᠳᠡᠭᠡ ᠶᠢᠨ ᠮᠤᠩᠭᠤᠯ ᠠᠶᠢᠯ ᠪᠦᠬᠦᠨ ᠪᠢᠯᠢᠭ ᠤᠨ ᠤᠯᠠᠷᠢᠯ ᠤᠨ ᠠᠷᠪᠠᠨ ᠬᠤᠶᠠᠷ ᠰᠠᠷ᠎ᠠ ᠶᠢᠨ ᠬᠤᠷᠢᠨ ᠭᠤᠷᠪᠠᠨ᠂ ᠬᠤᠷᠢᠨ ᠲᠦᠷᠪᠠᠨ ᠳᠤ ᠭᠠᠯ ᠢᠶᠠᠨ ᠲᠠᠬᠢᠳᠠᠭ᠃ ᠭᠠᠯ ᠲᠠᠬᠢᠬᠤ ᠡᠳᠦᠷ ᠮᠠᠯᠴᠢᠳ ᠦᠷᠯᠦᠭᠡ ᠡᠷᠳᠡ ᠪᠤᠰᠴᠤ᠂ ᠶᠠᠩᠳᠤᠩ ᠢᠶᠠᠨ ᠬᠦᠯᠡᠴᠢᠭᠡᠭᠡᠳ ᠵᠤᠤᠬ᠎ᠠ ᠪᠠᠨ ᠭᠠᠯᠯᠠᠵᠤ᠂ ᠭᠡᠷ ᠢᠶᠠᠨ ᠲᠤᠯᠠᠭᠠᠯᠠᠳᠠᠭ᠃ ᠡᠨᠡ  ᠨᠢ ᠤᠷᠤᠢ ᠮᠠᠯ ᠬᠤᠳᠠᠯᠠᠭᠰᠠᠨ ᠤ ᠳᠠᠷᠠᠭ᠎ᠠ ᠤᠳᠤᠨ ᠳᠦᠬᠡᠬᠦ ᠦᠶᠡᠰ ᠭᠠᠯ ᠢᠶᠠᠨ ᠰᠠᠶᠢᠨ ᠬᠦᠭᠵᠢᠭᠡᠵᠤ ᠲᠠᠬᠢᠳᠠᠭ ᠵᠠᠩ ᠤᠶᠢᠯᠡ ᠳᠤ ᠪᠡᠯᠡᠳᠭᠡᠵᠤ ᠪᠤᠢ ᠠᠩᠬᠠᠨ ᠤ ᠠᠵᠢᠯ ᠪᠤᠯᠤᠨ᠎ᠠ᠃ ᠵᠠᠯᠭᠠᠭᠠᠳ ᠭᠠᠯ  ᠳᠤ ᠡᠷᠬᠦᠬᠦ ᠡᠪᠴᠢᠬᠦᠤ ᠪᠠᠨ ᠭᠠᠷᠭᠠᠵᠤ ᠴᠢᠨᠠᠵᠤ ᠪᠤᠯᠭᠤᠭᠰᠠᠨ ᠤ ᠳᠠᠷᠠᠭ᠎ᠠ ᠵᠠᠰᠠᠵᠤ ᠴᠢᠮᠡᠨ᠂ ᠴᠠᠭᠠᠨ ᠢᠳᠡᠭᠡᠨ᠂ ᠰᠠᠷᠬᠤᠳ᠂ ᠬᠡᠪ ᠤᠨ ᠴᠠᠢ᠂ ᠪᠤᠷᠠᠮ᠂ ᠴᠢᠪᠠᠭ᠎ᠠ ᠵᠡᠷᠬᠡ ᠢᠳᠡᠭᠡᠨ ᠤ ᠳᠡᠭᠡᠵᠢ ᠠᠴᠠ ᠪᠡᠯᠡᠳᠭᠡᠳᠡᠭ᠃ ᠦᠳᠡᠰᠢ ᠤᠳᠤ ᠪᠦᠷᠢᠨ ᠲᠦᠭᠡᠭᠰᠡᠨ ᠤ ᠳᠠᠷᠠᠭ᠎ᠠ ᠭᠠᠯ ᠢᠶᠠᠨ ᠲᠠᠬᠢᠵᠤ᠂ ᠦᠭᠡᠳᠡᠯᠡᠨ ᠮᠠᠨᠳᠤᠵᠤ᠂ ᠦᠷᠨᠢᠨ ᠳᠡᠭᠵᠢᠷᠡᠬᠦ ᠪᠠᠨ ᠳᠠᠭᠠᠳᠬᠠᠳᠠᠭ᠃     ᠭᠠᠯ ᠲᠠᠬᠢᠯᠭ᠎ᠠ ᠶᠢᠨ ᠮᠠᠷᠭᠠᠰᠢ ᠠᠴᠠ ᠡᠬᠢᠯᠡᠨ᠂ ᠴᠠᠭᠠᠨ ᠰᠠᠷ᠎ᠠ ᠪᠠᠨ ᠤᠭᠳᠤᠬᠤ ᠡᠯ᠎ᠠ ᠲᠠᠯ᠎ᠠ ᠶᠢᠨ ᠠᠵᠢᠯ ᠤᠯᠠᠮ ᠠᠬᠢᠴᠠ ᠲᠠᠢ ᠶᠠᠪᠤᠭᠳᠠᠳᠠᠭ᠃ ᠡᠳᠦᠷ ᠨᠢ ᠪᠦᠰᠡᠬᠦ᠋ᠢᠴᠤᠳ ᠭᠤᠤᠯᠳᠠᠭᠤ ᠭᠡᠷ ᠤᠨ ᠲᠤᠳᠤᠷᠡᠬᠢ ᠤᠬᠢᠶᠠᠯᠭ᠎ᠠ ᠴᠡᠪᠡᠷᠯᠡᠭᠡ᠂ ᠲᠢᠭᠯᠡᠯ ᠢ ᠠᠬᠢᠨ ᠲᠠᠬᠢᠨ ᠬᠢᠵᠤ᠂ ᠪᠦᠰᠡᠳᠠᠶᠢᠴᠤᠳ ᠨᠢ ᠭᠤᠤᠯᠳᠠᠭᠤ ᠭᠠᠳᠠᠨᠠᠬᠢ ᠬᠤᠳᠠ ᠬᠤᠷᠤᠭ᠎ᠠ ᠪᠠᠨ ᠴᠡᠪᠡᠷᠯᠡᠬᠦ᠂ ᠵᠠᠰᠠᠵᠤ ᠴᠡᠭᠴᠡᠯᠡᠬᠦ ᠠᠵᠢᠯ ᠢ ᠬᠢᠳᠡᠭ ᠪᠤᠯ ᠰᠦᠨᠢ ᠶᠢᠨ ᠴᠠᠭ ᠢᠶᠠᠷ ᠭᠡᠷ ᠪᠦᠯᠢ ᠶᠢᠨ ᠬᠦᠮᠦᠰ ᠬᠠᠮᠳᠤᠷᠠᠵᠤ᠂ ᠪᠤᠤᠰᠠ ᠪᠠᠩᠰᠢ ᠪᠠᠷᠢᠵᠤ ᠠᠮᠵᠢᠭᠤᠯᠳᠠᠭ᠃        ︽ᠠᠮᠢᠳᠤᠷᠠᠯ ᠤᠨ ᠨᠦᠬᠦᠴᠡᠯ ᠰᠠᠶᠢᠵᠢᠷᠠᠵᠤ᠂ ᠮᠠᠯᠴᠢᠳ ᠤᠨ ᠦᠵᠡᠯ ᠤᠬᠠᠮᠰᠠᠷ ᠡᠳᠦᠷ ᠠᠴᠠ ᠡᠳᠦᠷ ᠳᠡᠭᠡᠭᠰᠢᠯᠡᠵᠤ ᠪᠠᠶᠢᠭ᠎ᠠ ᠪᠤᠯᠬᠤᠷ ᠤᠳᠤ ᠪᠠᠶ᠎ᠠ ᠪᠠᠶᠠᠨ ᠤ ᠪᠠᠨ ᠰᠠᠶᠢᠨ ᠲᠠᠯ᠎ᠠ ᠶᠢ ᠲᠠᠭᠤᠷᠢᠶᠠᠵᠤ ᠠᠮᠢᠳᠤᠷᠠᠬᠤ ᠶᠢ ᠰᠢᠨ᠎ᠠ ᠬᠦᠭᠡᠭᠡᠴᠡᠯᠳᠤᠯ ᠪᠤᠯᠭᠠᠵᠤ ᠪᠠᠶᠢᠭ᠎ᠠ ᠨᠢ ᠡᠷᠬᠢᠨ ᠲᠤᠭᠤᠷᠢᠨ ᠢᠶᠠᠷ ᠶᠡᠭᠡ ᠠᠵᠢᠭᠳᠠᠨ᠎ᠠ᠂ ᠰᠢᠨ᠎ᠠ ᠶᠢᠨ ᠪᠤᠤᠰᠠ ᠪᠠᠷᠢᠬᠤ ᠪᠠᠷ ᠠᠪᠴᠤ ᠦᠵᠡᠭᠰᠡᠨ ᠴᠤ ᠠᠭᠠᠷᠤᠤᠯ ᠲᠠᠢ ᠪᠤᠤᠰᠠ᠂ ᠬᠦᠮᠡᠯᠢ ᠲᠠᠢ ᠪᠤᠤᠰᠠ᠂ ᠴᠠᠭᠠᠨ ᠢᠳᠡᠭᠡᠨ ᠲᠠᠢ ᠪᠤᠤᠰᠠ ᠭᠡᠳ ᠶᠠᠩᠵᠤ ᠪᠤᠯᠭᠠᠨ ᠢᠶᠠᠷ ᠬᠢᠵᠤ᠂ ᠦᠪᠡᠷ ᠢᠶᠠᠨ ᠪᠡᠯᠡᠳᠭᠡᠵᠤ ᠳᠡᠶᠢᠯᠬᠦ ᠶᠠᠭᠤᠮᠠᠰ ᠢ ᠪᠤᠯᠬᠤ ᠶᠢᠨ ᠲᠤᠳᠤᠷ᠎ᠠ ᠦᠪᠡᠷᠳᠡᠭᠡᠨ ᠪᠡᠯᠡᠳᠭᠡᠨ᠂ ᠠᠵᠢᠯᠴᠢ ᠠᠷᠪᠢᠴᠢ ᠠᠮᠢᠳᠤᠷᠠᠯ ᠤᠨ ᠰᠤᠷᠳᠠᠯ ᠢ ᠳᠡᠭᠡᠳᠤᠯᠡᠬᠦ ᠪᠤᠯᠵᠠᠢ᠂ ᠬᠦᠳᠡᠭᠡ ᠶᠢᠨ ᠰᠢᠨ᠎ᠠ ᠰᠠᠶᠢᠬᠠᠨ ᠰᠢᠤ︾ ᠭᠡᠵᠤ ᠰᠦᠨᠢᠳ ᠵᠡᠭᠦᠨ ᠬᠤᠰᠢᠭᠤᠨ ᠤ ᠮᠠᠨᠳᠠᠯᠳᠤ ᠪᠠᠯᠭᠠᠰᠤᠨ ᠤ ᠰᠠᠷᠠᠭᠤᠯᠰᠢᠯᠢ ᠭᠠᠴᠠᠭᠠᠨ ᠤ ᠮᠠᠯᠴᠢᠨ ᠪᠦᠰᠡᠬᠦᠢ ᠢᠷᠡᠭᠤ ᠢᠨᠢᠶᠠᠮᠰᠦᠭᠯᠡᠨ ᠤᠴᠢᠷᠯᠡᠨ᠎ᠠ ᠪᠢᠯᠡ᠃     ᠬᠦᠭᠡᠭᠡ ᠰᠠᠷ᠎ᠠ ᠶᠢᠨ ᠬᠠᠮᠤᠭ ᠰᠡᠬᠦᠯᠴᠢ ᠶᠢᠨ ᠡᠳᠦᠷ ᠢ ᠪᠢᠳᠡᠬᠦᠨ ᠭᠡᠮᠡᠵᠤ᠂ ᠡᠨᠡ ᠡᠳᠦᠷ ᠬᠢᠵᠤ ᠪᠠᠵᠠᠭᠠᠬᠤ ᠠᠵᠢᠯ ᠤᠯᠠᠨ ᠪᠠᠶᠢᠳᠠᠭ᠃ ᠪᠢᠳᠡᠬᠦᠨ ᠤ ᠢᠳᠡᠭᠡᠨ ᠳᠤ ᠡᠪᠴᠢᠬᠦᠤ᠂ ᠳᠠᠯᠤ ᠲᠦᠷᠪᠠᠨ ᠦᠨᠳᠦᠷ ᠢ ᠴᠢᠨᠠᠭᠠᠳ ᠲᠠᠪᠠᠭᠯᠠᠳᠠᠭ᠂ ᠪᠢᠳᠡᠬᠦᠨ ᠤ ᠰᠢᠨ᠎ᠠ ᠴᠠᠢ ᠴᠢᠨᠠᠨ᠎ᠠ᠂ ᠪᠤᠤᠰᠠ ᠪᠠᠩᠰᠢ ᠴᠢᠨᠡᠨ᠎ᠠ᠂ ᠰᠢᠷᠡᠬᠡᠨ ᠳᠤ ᠪᠠᠨ ᠠᠮᠳᠠᠳᠤ ᠵᠦᠢᠯᠡᠰ ᠢ ᠲᠦᠭᠦᠷᠡᠩ ᠦᠷᠦᠵᠤ᠂ ᠪᠢᠳᠡᠬᠦᠯᠡᠬᠦ ᠳᠤ ᠪᠠᠨ ᠪᠡᠯᠡᠳᠭᠡᠨ᠎ᠠ᠃ ᠭᠡᠤᠭᠡᠳ ᠤᠳ ᠲᠤ ᠦᠭᠬᠦ ᠪᠢᠳᠡᠬᠦᠨ ᠤ ᠪᠤᠤᠪᠤ ᠪᠡᠯᠡᠳᠭᠡᠨ᠎ᠠ ᠁ ᠪᠢᠳᠡᠬᠦᠨ ᠤ ᠨᠠᠷᠠ ᠪᠠᠷᠠᠭᠤᠨ ᠬᠤᠶᠢᠰᠢ ᠬᠡᠯᠪᠠᠶᠢᠵᠤ ᠡᠬᠢᠯᠡᠪᠡᠯ ᠪᠦᠬᠦ ᠮᠠᠯ ᠰᠦᠷᠦᠭ ᠢᠶᠠᠨ ᠬᠠᠨᠤᠳᠠᠯ᠎ᠠ ᠤᠰᠤᠯᠠᠵᠤ᠂ ᠨᠦᠭᠡᠴᠡ ᠲᠠᠢ ᠰᠠᠶᠢᠨ ᠪᠡᠯᠴᠢᠭᠡᠷ ᠲᠤ ᠤᠷᠤᠭᠤᠯᠬᠤ ᠪᠤᠶᠤ ᠡᠪᠡᠰᠤ ᠪᠤᠷᠳᠤᠭᠠᠨ ᠤ ᠭᠡᠮᠵᠢᠶ᠎ᠠ ᠶᠢ ᠨᠢ ᠶᠠᠷᠤ ᠶᠢᠨ ᠴᠠᠭ ᠠᠴᠠ ᠶᠡᠭᠡ ᠦᠭᠴᠤ ᠪᠠᠶᠠᠷᠯᠠᠭᠤᠯᠵᠤ ᠪᠠᠶᠠᠰᠬᠠᠳᠠᠭ ᠳ᠋ᠠ︕ ᠨᠡᠯᠢᠶᠡᠳ ᠡᠷᠳᠡ ᠠᠴᠠ ᠤᠶᠠᠵᠤ ᠤᠨᠤᠵᠤ ᠬᠦᠩᠭᠡᠷᠡᠬᠦᠯᠦᠭᠰᠡᠨ ᠮᠤᠷᠢ ᠲᠡᠮᠡᠭᠡᠳ ᠢᠶᠠᠨ ᠪᠢᠳᠡᠬᠦᠨ ᠳᠤ ᠭᠤᠶᠤᠯᠠᠵᠤ ᠭᠠᠩᠭᠠᠯᠠᠨ᠂ ᠤᠶᠠᠵᠤ ᠬᠤᠨᠤᠭᠠᠳ ᠰᠢᠨ᠎ᠠ ᠶᠢᠨ ᠨᠢᠭᠡᠨ ᠤ ᠦᠷᠯᠦᠭᠡᠬᠦᠷ ᠮᠤᠷᠳᠠᠵᠤ᠂ ᠠᠶᠢᠯ ᠰᠠᠭᠠᠬᠠᠯᠳᠠ ᠪᠠᠷ ᠢᠶᠠᠨ ᠰᠢᠨᠡᠯᠡᠬᠦ ᠪᠠᠷ ᠶᠠᠪᠤᠬᠤ ᠳᠤ ᠪᠡᠯᠡᠭᠡᠨ ᠪᠠᠶᠢᠯᠭᠠᠳᠠᠭ᠃     ᠰᠠᠶᠢᠨ ᠤ ᠮᠠᠨᠳᠤ ᠲᠠᠢ ᠰᠢᠨ᠎ᠠ ᠵᠢᠯ ᠢᠶᠠᠷ ᠢᠶᠠᠨ ᠠᠶᠢᠯ ᠰᠠᠭᠠᠬᠠᠯᠳᠠ ᠬᠦᠷᠰᠢ᠂ ᠰᠠᠳᠤᠨ ᠲᠦᠷᠦᠯ᠂ ᠨᠤᠳᠤᠭ ᠤᠰᠤᠨ ᠤ ᠬᠢᠨ ᠬᠠᠷᠢᠯᠴᠠᠨ ᠠᠶᠢᠯᠴᠢᠯᠡᠨ ᠵᠤᠯᠭᠠᠳᠠᠭ ᠤᠴᠢᠷ ᠢᠷᠡᠭᠰᠡᠨ ᠪᠤᠯᠭᠠᠨ ᠢᠶᠠᠨ ᠰᠢᠨ᠎ᠠ ᠴᠠᠢ᠂ ᠰᠢᠨ᠎ᠠ ᠶᠢᠨ ᠪᠤᠤᠰᠠ ᠵᠡᠷᠬᠡ ᠶᠢᠨ ᠤᠯᠠᠨ ᠢᠳᠡᠭᠡᠨ ᠤᠮᠳᠠᠭᠠᠨ ᠢᠶᠠᠷ ᠵᠤᠴᠢᠯᠠᠬᠤ ᠶᠢᠨ ᠳᠠᠭᠠᠤ ᠭᠠᠷ ᠤᠨ ᠪᠡᠯᠡᠭ ᠲᠠᠢ ᠭᠠᠷᠭᠠᠳᠠᠭ ᠰᠠᠨ᠃ ᠶᠠᠭ ᠡᠶᠢᠮᠤ ᠠᠴᠠ ᠰᠢᠨ᠎ᠠ ᠶᠢᠨ ᠪᠡᠯᠡᠳᠭᠡᠯ ᠢ ᠶᠠᠭᠠᠬᠢᠭᠰᠠᠨ ᠴᠦ ᠰᠠᠶᠢᠨ ᠬᠢᠬᠦ ᠭᠡᠷᠡᠭᠳᠡᠢ ᠪᠠᠶᠢᠳᠠᠭ ᠪᠢᠯᠡ᠃ ᠨᠡᠶᠢᠭᠡᠮ ᠬᠦᠭᠵᠢᠵᠤ ᠠᠷᠠᠳ  ᠤᠨ ᠠᠮᠢᠳᠤᠷᠠᠯ ᠰᠠᠶᠢᠵᠢᠷᠠᠬᠤ  ᠶᠢ ᠳᠠᠭᠠᠯᠳᠤᠨ᠂ ᠰᠢᠨ᠎ᠠ  ᠶᠢᠨ ᠪᠠᠷᠠᠭᠠᠨ  ᠤ ᠪᠡᠯᠡᠳᠭᠡᠯ ᠡᠯᠪᠡᠭ ᠪᠠᠶᠠᠯᠢᠭ᠂ ᠰᠤᠩᠭᠤᠯᠳᠠ ᠰᠠᠶᠢᠳᠠᠢ ᠪᠤᠯᠵᠠᠢ᠃ ᠮᠠᠨ ᠤ ᠬᠢᠨ ᠤᠯᠠᠮᠵᠢᠯᠠᠯ ᠶᠤᠰᠤᠭᠠᠷ ᠪᠤᠤᠰᠠ ᠪᠠᠷᠢᠵᠤ᠂ ᠪᠠᠩᠰᠢ ᠴᠢᠮᠬᠢᠬᠦ᠂ ᠮᠢᠬ᠎ᠠ ᠴᠢᠨᠠᠵᠤ ᠪᠡᠯᠡᠳᠭᠡᠬᠦ  ᠠᠴᠠ ᠭᠠᠳᠠᠨ᠎ᠠ ᠬᠤᠳᠠ ᠤᠷᠤᠵᠤ ᠰᠢᠨ᠎ᠠ ᠴᠠᠭ ᠤᠨ ᠪᠠᠷᠠᠭ᠎ᠠ ᠪᠦᠳᠦᠭᠡᠭᠳᠡᠬᠦᠨ ᠠᠴᠠ ᠡᠯ᠎ᠠ ᠵᠦᠢᠯ ᠤᠨ ᠪᠤᠤᠪᠤ ᠪᠤᠭᠤᠷᠰᠤᠭ᠂ ᠰᠢᠬᠢᠷ ᠪᠠ ᠪᠡᠯᠡᠭ ᠰᠠᠯᠳᠠ ᠭᠡᠳ ᠪᠡᠯᠡᠳᠭᠡᠵᠤ ᠠᠪᠳᠠᠭ ᠶᠤᠮ᠃ ᠤᠤᠯ ᠳᠤ ᠪᠠᠨ ᠮᠠᠨ ᠤ ᠬᠢᠨ ᠴᠢᠨᠢ ᠲᠤᠮᠤ ᠰᠢᠭ᠋ ᠬᠤᠷᠰᠢᠶᠠᠨ ᠳᠤ ᠤᠷᠤᠵᠤ᠂ ᠰᠠᠶᠢᠨ ᠮᠠᠭᠤ ᠶᠢ ᠨᠢ ᠰᠠᠶᠢᠨ ᠢᠯᠭᠠᠯ ᠦᠭᠡᠢ ᠠᠪᠬᠤ ᠶᠤᠰᠤᠳᠠᠢ ᠶᠠᠭᠤᠮᠠᠰ ᠢᠶᠠᠨ ᠪᠦᠬᠦᠨ ᠢ ᠠᠪᠴᠢᠬᠠᠳᠠᠭ ᠪᠠᠶᠢᠭᠰᠠᠨ ᠪᠤᠯ ᠤᠳᠤ ᠬᠠᠷᠢᠨ ᠦᠭᠡᠷ᠎ᠠ ᠪᠤᠯᠵᠠᠢ᠃ ᠠᠪᠬᠤ ᠶᠠᠭᠤᠮᠠᠨ  ᠤ  ᠪᠠᠨ ᠴᠢᠨᠠᠷ  ᠤᠨ ᠪᠠᠳᠤᠯᠠᠭ᠎ᠠ ᠶᠢ ᠨᠢ ᠶᠡᠭᠡ ᠠᠩᠵᠠᠭᠠᠷᠠᠳᠠᠭ ᠪᠤᠯᠪᠠ᠃ ᠤᠨᠴᠠᠯᠢᠭᠲᠤ ᠪᠠᠷᠠᠭ᠎ᠠ ᠪᠦᠳᠦᠭᠡᠭᠳᠡᠬᠦᠨ ᠨᠢᠭᠡᠨᠳᠡ ᠲᠡᠳᠡᠨ ᠤ ᠲᠠᠷᠢᠬᠦᠨ ᠰᠤᠩᠭᠤᠯᠳᠠ ᠪᠤᠯᠤᠭᠰᠠᠨ ᠪᠠᠶᠢᠯ᠎ᠠ᠃ ︽ᠴᠢᠨᠠᠷ ᠤᠨ ᠪᠠᠳᠤᠯᠠᠭ᠎ᠠ ᠲᠠᠢ ᠯᠡ ᠪᠤᠯ ᠪᠠᠭ᠎ᠠ ᠰᠠᠭ᠎ᠠ ᠦᠨ᠎ᠠ ᠲᠠᠢ ᠨᠢ ᠶᠠᠭᠠᠬᠢᠮᠠᠢ︕ ᠭᠠᠭᠴᠠ ᠦᠪᠡᠷ  ᠤᠨ  ᠬᠢ  ᠪᠠᠨ ᠪᠢᠰᠢ᠂ ᠦᠷᠦᠭᠡᠯ  ᠳᠤ ᠦᠭᠬᠦ ᠶᠠᠭᠤᠮᠠᠰ ᠤᠨ ᠢᠶᠠᠨ ᠴᠢᠨᠠᠷ ᠢ ᠴᠤ ᠪᠠᠳᠤᠯᠠᠭᠰᠠᠨ ᠪᠠᠶᠢᠬᠤ ᠨᠢ ᠲᠠᠭᠠᠷᠠᠨ᠎ᠠ︾ ᠭᠡᠳᠡᠭ ᠦᠵᠡᠯᠳᠡ ᠲᠠᠨᠢᠯᠳᠠ ᠲᠠᠢ ᠶᠠᠷᠢᠵᠠᠭᠠᠨ᠎ᠠ ᠪᠢᠯᠡ᠃ ᠤᠤᠯ ᠳᠤ ᠪᠠᠨ ᠭᠡᠤᠭᠡᠳ ᠲᠡᠬᠦᠤ ᠨᠠᠷ ᠲᠤ ᠰᠢᠬᠢᠷ ᠪᠤᠭᠤᠷᠰᠤᠭ ᠤᠨ ᠯᠡ ᠪᠡᠯᠡᠭ ᠭᠤᠤᠯᠳᠠᠭᠤ ᠦᠭᠬᠦᠭᠳᠡᠳᠡᠭ ᠪᠤᠯ ᠤᠳᠤ ᠬᠠᠷᠢᠨ ᠨᠠᠰᠤ ᠨᠠᠰᠤᠨ ᠤ ᠬᠦᠮᠦᠵᠢᠯ ᠳᠤ ᠨᠢ ᠲᠤᠬᠢᠷᠠᠭᠰᠠᠨ ᠨᠤᠮ ᠲᠠᠪᠳᠡᠷ᠂ ᠰᠤᠷᠭᠠᠮᠵᠢᠳᠤ ᠦᠯᠢᠭᠡᠷ ᠪᠠ ᠦᠨᠳᠦᠰᠦᠳᠠᠨ ᠤ ᠤᠨᠴᠠᠯᠢᠭᠳᠤ ᠬᠤᠪᠴᠠᠰᠤ ᠬᠤᠨᠠᠷ ᠠᠪᠤᠨ᠎ᠠ᠂ ᠠᠬᠠᠮᠠᠳ ᠨᠠᠰᠤᠳᠠᠳ ᠲᠤ ᠪᠠᠨ ᠴᠠᠭᠠᠨ ᠢᠳᠡᠭᠡᠨ ᠭᠤᠤᠯᠳᠠᠢ ᠠᠪᠴᠤ ᠬᠦᠷᠳᠡᠭ᠃ ᠲᠡᠭᠡᠬᠦᠯᠡᠷ ᠡᠳᠡᠭᠡᠷ ᠶᠠᠭᠤᠮᠠᠰ ᠢᠶᠠᠨ ᠪᠢᠳᠡᠬᠦᠨ ᠠᠴᠠ ᠡᠮᠦᠨ᠎ᠠ ᠬᠤᠳᠠ  ᠳᠤ ᠨᠢᠭᠡ ᠢᠷᠡᠭᠰᠡᠨ  ᠢᠶᠠᠨ ᠲᠤᠬᠢᠶᠠᠯᠳᠤᠭᠤᠯᠵᠤ᠂ ᠪᠦᠬᠦᠨ ᠢ ᠪᠡᠯᠡᠳᠭᠡᠵᠤ ᠠᠪᠤᠭᠠᠳ ᠬᠠᠷᠢᠳᠠᠭ ᠰᠠᠨ᠃     ᠰᠢᠨ᠎ᠠ ᠶᠢᠨ ᠪᠡᠯᠡᠳᠭᠡᠯ ᠤᠨ ᠡᠷᠬᠢᠴᠡᠬᠦᠯᠦᠯ ᠠᠴᠠ ᠨᠢᠭᠡ ᠵᠢᠱᠢᠶ᠎ᠠ ᠶᠠᠷᠢᠪᠠᠯ᠂ ᠰᠢᠨ᠎ᠠ ᠮᠢᠩᠭᠠᠨ ᠤ ᠡᠬᠢᠨ ᠤ ᠵᠢᠯ ᠤᠳ ᠪᠤᠯᠳᠠᠯ᠎ᠠ ᠮᠠᠨ  ᠤ  ᠬᠢᠨ ᠴᠠᠭᠠᠨ ᠰᠠᠷ᠎ᠠ  ᠳᠤ  ᠪᠠᠨ ᠲᠧᠯᠸᠢᠰ ᠠᠴᠠ ᠯᠡ ᠰᠢᠨ᠎ᠠ ᠵᠢᠯ ᠤᠨ ᠤᠨᠴᠠᠭᠠᠢ ᠫᠷᠦᠭᠷᠡᠮ ᠤᠯᠵᠤ ᠦᠵᠡᠳᠡᠭ ᠪᠤᠯᠬᠤᠷ ᠭᠠᠯ ᠤᠨ ᠬᠤᠷᠢᠨ ᠭᠤᠷᠪᠠᠨ ᠠᠴᠠ ᠬᠤᠶᠢᠰᠢ ᠴᠠᠬᠢᠯᠭᠠᠨ ᠢᠶᠠᠨ ᠠᠷᠪᠢᠯᠠᠵᠤ᠂ ᠶᠠᠭ ᠪᠢᠳᠡᠬᠦᠨ᠂ ᠰᠢᠨ᠎ᠠ  ᠶᠢᠨ ᠨᠢᠭᠡᠨ ᠢᠶᠠᠷ ᠴᠠᠬᠢᠯᠭᠠᠨ ᠲᠤᠳᠠᠬᠤ ᠠᠴᠠ ᠪᠤᠯᠭᠤᠮᠵᠢᠯᠠᠳᠠᠭ᠃ ᠤᠴᠢᠷ ᠨᠢ ᠲᠡᠷᠡ ᠦᠶ᠎ᠠ ᠶᠢᠨ ᠮᠠᠯᠴᠢᠨ ᠠᠶᠢᠯ ᠤᠳ ᠪᠠᠷᠤᠭ ᠯᠡ ᠪᠦᠷ ᠰᠠᠯᠬᠢᠨ ᠬᠦᠴᠤᠨ ᠤ ᠴᠠᠬᠢᠯᠭᠠᠨ ᠭᠠᠷᠭᠠᠬᠤ ᠰᠠᠩᠰᠠ ᠭᠡᠷᠡᠭᠯᠡᠵᠤ᠂ ᠰᠠᠯᠬᠢ ᠦᠭᠡᠢ ᠪᠤᠯᠪᠠᠯ ᠴᠠᠬᠢᠯᠭᠠᠨ ᠤ ᠬᠤᠮᠰᠠᠳᠠᠯ ᠳᠤ ᠤᠷᠤᠳᠠᠭ ᠪᠠᠶᠢᠭᠰᠠᠨ᠃ ᠶᠠᠪᠤᠵᠤ ᠶᠠᠪᠤᠵᠤ ᠴᠠᠭᠠᠨ ᠰᠠᠷ᠎ᠠ ᠤᠶᠢᠷᠠᠳᠤᠭᠠᠳ ᠯᠡ ᠢᠷᠡᠬᠦᠯᠡᠷ ᠬᠢᠰᠠᠵᠤ ᠪᠠᠶᠢᠭ᠎ᠠ ᠶᠤᠮ ᠰᠢᠭ᠋ ᠰᠠᠯᠬᠢ ᠨᠢ ᠨᠠᠮᠳᠠᠵᠤ᠂ ᠰᠠᠩᠰᠠ ᠨᠢ ᠡᠷᠬᠢᠬᠦ ᠪᠠᠨ ᠪᠠᠶᠢᠴᠢᠬᠠᠵᠤ᠂ ᠨᠢᠭᠡ ᠭᠡᠷ  ᠤᠨ ᠬᠦᠮᠦᠰ ᠤᠴᠠᠭᠠᠷᠳᠠᠵᠤ ᠪᠠᠴᠢᠮᠳᠠᠨ᠂ ᠴᠠᠬᠢᠯᠭᠠᠨ ᠨᠢ ᠬᠡᠷᠪᠡ ᠬᠦᠷᠴᠢᠬᠡᠪᠠᠯ ᠲᠠᠷᠡ ᠴᠠᠭ  ᠲᠤ ᠲᠡᠭᠦᠨ ᠠᠴᠠ ᠢᠯᠡᠬᠦᠤ ᠰᠠᠶᠢᠨ ᠤᠯᠵᠠᠭᠤᠷᠬᠠᠯ ᠦᠭᠡᠢ ᠪᠠᠶᠢᠭᠰᠠᠨ ᠢ ᠤᠳᠤ ᠪᠤᠳᠤᠬᠤ  ᠪᠠᠷ ᠢᠨᠢᠶᠠᠳᠤᠮ   ᠲᠠᠢ ᠪᠦᠭᠡᠳ ᠲᠤᠷᠠᠰᠤᠮᠵᠢ  ᠲᠠᠢ ᠰᠠᠨᠠᠭᠳᠠᠬᠤ ᠶᠤᠮ ᠳ᠋ᠠ᠃ ᠬᠠᠷᠢᠨ ᠤᠶᠢᠷ᠎ᠠ ᠶᠢᠨ ᠠᠷᠪᠠᠭᠠᠳ ᠵᠢᠯ ᠠᠴᠠ ᠨᠠᠮ ᠤᠨ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠲᠦᠷᠦ ᠶᠢᠨ ᠪᠤᠳᠤᠯᠭ᠎ᠠ ᠶᠢᠨ ᠳᠠᠭᠠᠤ ᠮᠠᠯᠵᠢᠬᠤ ᠤᠷᠤᠨ ᠳᠤ ᠪᠠᠭᠤᠯᠭᠠᠭᠰᠠᠨ ᠡᠯ᠎ᠠ ᠲᠠᠯ᠎ᠠ ᠶᠢᠨ ᠲᠦᠷᠦᠯ ᠵᠦᠢᠯ ᠵᠢᠯ ᠪᠤᠯᠭᠠᠨ ᠰᠠᠶᠢᠵᠢᠷᠠᠭᠰᠠᠨ  ᠢᠶᠠᠷ ᠮᠠᠯᠵᠢᠬᠤ ᠤᠷᠤᠨ  ᠢ ᠪᠠᠶᠢᠩᠭᠤ ᠶᠢᠨ ᠴᠠᠬᠢᠯᠭᠠᠨ᠂ ᠨᠠᠷᠠ ᠰᠠᠯᠬᠢᠨ ᠤ ᠬᠤᠤᠰ ᠭᠡᠷᠡᠭᠴᠡᠭᠡᠳᠤ ᠴᠠᠬᠢᠯᠭᠠᠨ ᠭᠠᠷᠭᠠᠬᠤ ᠲᠦᠭᠦᠭᠡᠷᠤᠮᠵᠢ᠂ ᠤᠳᠠᠰᠤ ᠦᠭᠡᠢ ᠰᠦᠯᠵᠢᠶ᠎ᠠ᠂ ᠵᠠᠰᠠᠮᠠᠯ ᠵᠠᠮ ᠁ ᠭᠡᠳ ᠨᠡᠶᠢᠳᠡᠮ ᠪᠦᠷᠬᠦᠭᠰᠡᠨ  ᠢᠶᠠᠷ ᠴᠠᠭᠠᠨ ᠰᠠᠷ᠎ᠠ ᠶᠢᠨ ᠡᠯ᠎ᠠ ᠵᠦᠢᠯ ᠤᠨ ᠫᠷᠦᠭᠷᠡᠮ ᠢ ᠦᠵᠡᠬᠦ ᠭᠡᠮᠡᠨ︽ᠴᠠᠬᠢᠯᠭᠠᠨ ᠤ ᠪᠡᠯᠡᠳᠭᠡᠯ︾ ᠳᠤ ᠵᠤᠪᠠᠭ᠋ᠤ ᠶᠠᠪᠤᠳᠠᠯ ᠦᠭᠡᠢ ᠪᠤᠯᠵᠠᠢ᠃     ᠰᠢᠨ᠎ᠠ ᠶᠢᠨ ᠪᠡᠯᠡᠳᠭᠡᠯ ᠭᠡᠳᠡᠭ ᠦᠨᠡᠨᠬᠦ ᠰᠢᠨ᠎ᠠ ᠵᠢᠯ ᠢᠶᠠᠨ ᠰᠠᠶᠢᠨ ᠰᠠᠶᠢᠬᠠᠨ ᠤᠭᠳᠤᠬᠤ ᠪᠡᠯᠭᠡ ᠲᠠᠢ ᠰᠠᠶᠢᠨ ᠠᠵᠢᠯ ᠪᠤᠶᠤ᠃ ᠲᠠᠷᠠᠴᠢᠯᠡᠨ ᠵᠢᠷ ᠤᠨ ᠪᠦᠭᠡᠳ ᠤᠯᠠᠮᠵᠢᠯᠠᠯ ᠪᠤᠯᠤᠨ ᠲᠤᠭᠳᠠᠨᠢᠭᠰᠠᠨ ᠰᠢᠨ᠎ᠠ ᠶᠢᠨ ᠪᠡᠯᠡᠳᠭᠡᠯ ᠠᠵᠢᠯ ᠪᠢᠳᠡᠨ ᠳᠤ ᠠᠷᠠᠳ  ᠤᠨ ᠠᠮᠢᠳᠤᠷᠠᠯ ᠤᠨ ᠴᠢᠨᠡᠭᠡᠯᠢᠭᠵᠢᠯ᠂ ᠮᠠᠯᠴᠢᠨ ᠠᠷᠠᠳ  ᠤᠨ ᠤᠶᠤᠨ ᠰᠠᠨᠠᠭᠠᠨ ᠤ ᠬᠦᠭᠵᠢᠯ ᠲᠠᠪᠰᠢᠯ᠂ ᠡᠷᠡᠬᠦᠯ ᠮᠠᠨᠳᠤ ᠶᠢᠨ ᠠᠩᠬᠠᠷᠤᠮᠵᠢ᠂ ᠡᠩᠭᠡ ᠲᠤᠩᠬ᠎ᠠ ᠠᠮᠢᠳᠤᠷᠠᠯ᠂ ᠴᠢᠨᠠᠷ ᠰᠠᠶᠢᠳᠠᠢ ᠬᠦᠭᠵᠢᠯᠳᠡ  ᠶᠢᠨ ᠬᠦᠰᠡᠯ ᠬᠦᠭᠡᠭᠡᠴᠡᠯᠳᠤᠯ  ᠢ ᠡᠷᠬᠡ ᠦᠭᠡᠢ ᠮᠡᠳᠡᠷᠡᠬᠦᠯᠦᠨ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号