ᠪᠤᠷᠭᠠᠰᠤᠨ ᠬᠦᠷᠤᠮᠠᠯ ᠤᠨ ᠥᠪ ᠮᠠᠯᠵᠢᠯ ᠤᠨ ᠤᠬᠠᠭᠠᠨ ᠤ ᠪᠠᠰᠠ ᠨᠢᠭᠡᠨ ᠭᠠᠶᠢᠬᠠᠮᠰᠢᠭ
ᠨᠡᠶᠢᠲᠡᠯᠡᠭᠰᠡᠨ ᠴᠠᠭ᠄
2020/12/1
    ᠪᠤᠷᠭᠠᠰᠤᠨ ᠬᠦᠷᠤᠮᠠᠯ ᠤᠨ ᠵᠦᠢᠯ ᠨᠢ ᠮᠤᠩᠭᠤᠯᠴᠤᠳ ᠤᠨ ᠡᠷᠲᠡ ᠲᠡᠭᠡᠲᠤ ᠦᠶ᠎ᠡ ᠠᠴᠠ  ᠪᠠᠨ ᠨᠠᠬᠦᠲᠠᠯ ᠮᠠᠯ ᠠᠵᠤ ᠠᠬᠤᠢ ᠳᠤ ᠪᠠᠨ ᠨᠡᠶᠢᠲᠡᠮ ᠡᠳ᠋ᠯᠡᠵᠤ ᠭᠡᠷᠡᠭᠯᠡᠵᠤ ᠢᠷᠡᠭᠰᠡᠨ ᠴᠢᠬᠤᠯᠡ ᠡᠳ᠋ᠯᠡᠯ ᠭᠡᠷᠡᠭᠰᠡᠯ ᠤᠨ ᠨᠢᠭᠡ ᠪᠠᠶᠢᠵᠤ᠂ ᠨᠡᠬᠦᠵᠤ ᠰᠠᠭᠤᠬᠤ ᠳᠤ ᠲᠦᠬᠦᠮ᠂ ᠮᠠᠯ ᠳᠤ ᠬᠤᠤᠷ ᠨᠦᠯᠤᠬᠡ ᠦᠭᠡᠢ᠂ ᠲᠠᠭᠠᠭᠠᠴᠠᠲᠠᠢ᠂ ᠲᠤᠯᠠᠭᠠᠬᠠᠨ᠂ ᠪᠠᠶᠢᠭᠠᠯᠢ ᠠᠴᠠ ᠠᠪᠴᠤ ᠦᠪᠡᠷ ᠢᠶᠠᠨ ᠬᠢᠲᠡᠭ ᠤᠴᠢᠷ ᠠᠴᠠ ᠮᠦᠡᠭᠬᠦ ᠲᠦᠬᠦᠷᠢᠭ ᠵᠠᠷᠤᠬᠤ ᠴᠢᠬᠤᠯᠡ ᠦᠭᠡᠢ ᠵᠡᠷᠭᠡ ᠮᠠᠰᠢ ᠤᠯᠠᠨ ᠰᠠᠶᠢᠨ ᠲᠠᠯ᠎ᠠ ᠲᠠᠢ ᠪᠠᠶᠢᠲᠠᠭ᠃     ᠮᠤᠩᠭᠤᠯᠴᠤᠳ ᠮᠠᠯ  ᠤᠨ ᠬᠠᠰᠢᠶ᠎ᠠ ᠰᠠᠷᠠᠪᠴᠢ᠂ ᠠᠷᠭᠠᠯ ᠤᠨ ᠬᠠᠰᠢᠶ᠎ᠠ᠂ ᠲᠤᠭᠤᠯ ᠤᠨ ᠬᠠᠰᠢᠶ᠎ᠠ᠂ ᠮᠤᠩᠭᠤᠯ ᠭᠡᠷ ᠤᠨ ᠬᠠᠶᠠᠭᠠᠪᠴᠢ᠂ ᠠᠷᠤᠭ᠂ ᠪᠤᠩᠬᠤᠷ᠂ ᠮᠠᠯ ᠳᠤ ᠪᠠᠷᠢᠲᠠᠭ ᠰᠢᠯᠪᠢᠬᠦᠷ ᠲᠤ ᠬᠦᠷᠲᠡᠯ᠎ᠡ ᠴᠦᠮ ᠪᠤᠷᠭᠠᠰᠤ ᠪᠠᠷ ᠬᠢᠵᠤ ᠠᠮᠢᠲᠤᠷᠠᠯ ᠠᠬᠤᠢ ᠳᠤ ᠪᠠᠨ ᠭᠡᠷᠡᠭᠯᠡᠵᠤ᠂ ᠲᠤᠬᠠᠢ ᠶᠢᠨ ᠴᠠᠭ ᠦᠶ᠎ᠡ ᠶᠢᠨ ᠵᠤᠳ ᠰᠢᠭᠤᠷᠭᠠᠨ᠂ ᠴᠠᠰᠤ ᠪᠤᠷᠤᠭᠠᠨ᠂ ᠰᠠᠯᠬᠢ ᠵᠢᠪᠠᠷ ᠢ ᠲᠤᠭᠤᠯᠤᠭᠰᠠᠭᠠᠷ ᠢᠷᠡᠭᠰᠡᠨ ᠪᠢᠯᠡ᠃ ᠤᠯᠠᠨ ᠵᠠᠭᠤᠨ ᠵᠢᠯ ᠤᠨ ᠲᠤᠷᠰᠢ ᠨᠡᠬᠦᠲᠡᠯ ᠮᠠᠯ ᠠᠵᠤ ᠠᠬᠤᠢ ᠳᠤ ᠨᠢ ᠨᠦᠮᠤᠷᠢ ᠨᠦᠯᠤᠭᠡ ᠦᠭᠬᠦᠭᠰᠡᠭᠡᠷ ᠢᠷᠡᠭᠰᠡᠨ ᠡᠨᠡᠬᠦ ᠪᠠᠶᠢᠭᠠᠯᠢ ᠶᠢᠨ ᠮᠤᠲᠤ — ᠪᠤᠷᠭᠠᠰᠤ ᠶᠢ ᠮᠤᠩᠭᠤᠯᠴᠤᠳ ᠡᠷᠬᠢᠮᠯᠡᠭᠰᠡᠭᠡᠷ ᠢᠷᠡᠭᠰᠡᠨ ᠪᠦᠬᠡᠳ ᠬᠠᠲᠤᠵᠤ ᠬᠤᠷᠢᠶᠠᠬᠤ᠂ ᠬᠦᠷᠤᠵᠤ ᠰᠦᠯᠵᠢᠬᠦ᠂ ᠡᠳ᠋ᠯᠡᠵᠤ ᠭᠡᠷᠡᠭᠯᠡᠬᠦ ᠬᠦᠷᠲᠡᠯ᠎ᠡ ᠴᠦᠮ ᠨᠠᠷᠢᠨ ᠰᠤᠶᠤᠯ ᠤᠨ ᠲᠤᠭᠲᠠᠯᠴᠠᠭ᠎ᠠ ᠶᠢ ᠪᠤᠢ ᠪᠤᠯᠭᠠᠵᠤ᠂ ᠪᠤᠷᠭᠠᠰᠤᠨ ᠬᠦᠷᠤᠮᠠᠯ ᠤᠨ ᠦᠪ ᠢ ᠦᠯᠡᠲᠡᠭᠡᠵᠤ ᠦᠭᠴᠡᠢ᠃     ᠲᠡᠭᠡᠷ᠎ᠡ ᠵᠠᠭᠤᠨ ᠤ ᠨᠠᠶᠠ ᠶᠠᠷᠡᠬᠡᠳ ᠤᠨ ᠤ ᠦᠶ᠎ᠡ ᠪᠤᠯᠬᠤ ᠳᠤ ᠨᠡᠬᠦᠲᠡᠯ ᠮᠠᠯᠵᠢᠯ ᠠᠴᠠ ᠰᠠᠭᠤᠷᠢᠰᠢᠯ ᠵᠦᠭ ᠰᠢᠯᠵᠢᠨ᠂ ᠰᠢᠪᠡᠷ᠂ ᠴᠢᠯᠠᠭᠤ ᠪᠠᠷ ᠭᠡᠷ ᠪᠠᠶᠢᠰᠢᠩ᠂ ᠫᠸᠡᠭ ᠬᠤᠷᠤᠭ᠎ᠠ ᠪᠠᠷᠢᠬᠤ ᠪᠤᠯᠵᠤ᠂ ᠨᠡᠩ ᠢᠯᠡᠩᠭᠤᠶ᠎ᠠ ᠲᠤᠭᠤᠰᠬ᠎ᠠ᠂ ᠲᠠᠮᠤᠷ ᠵᠡᠷᠭᠡ ᠶᠢ ᠨᠠᠶᠢᠲᠠᠮ ᠭᠡᠷᠡᠭᠯᠡᠬᠦ ᠪᠤᠯᠤᠭᠰᠠᠨ ᠠᠴᠠ ᠪᠤᠷᠭᠠᠰᠤᠨ ᠬᠦᠷᠤᠮᠠᠯ ᠤᠨ ᠵᠦᠢᠯ ᠢ ᠡᠳ᠋ᠯᠡᠵᠤ ᠭᠡᠷᠡᠭᠯᠡᠬᠦ ᠠᠶᠢᠯ ᠮᠠᠰᠢ ᠴᠦᠬᠡᠨ ᠪᠤᠯᠵᠤ᠂ ᠪᠤᠷᠭᠠᠰᠤᠨ ᠬᠦᠷᠤᠮᠠᠯ ᠢ ᠬᠦᠷᠤᠵᠤ ᠬᠢᠵᠤ ᠴᠢᠲᠠᠬᠤ ᠬᠦᠮᠤᠰ ᠴᠦ ᠲᠤᠩ ᠬᠤᠪᠤᠷ ᠪᠤᠯᠪᠠ᠃     30 ᠵᠢᠯ ᠪᠤᠷᠭᠠᠰᠤᠨ ᠬᠦᠷᠤᠮᠠᠯ ᠬᠢᠵᠤ᠂ ᠠᠮᠢᠲᠤᠷᠠᠯ ᠠᠬᠤᠢ ᠳᠤ ᠪᠠᠨ ᠡᠳ᠋ᠯᠡᠵᠤ ᠭᠡᠷᠡᠭᠯᠡᠵᠤ ᠢᠷᠡᠭᠰᠡᠨ ᠪᠤᠶᠠᠨᠮᠠᠠᠲᠤᠬᠤ ᠪᠤᠯ ᠠᠪᠠᠭ᠎ᠠ ᠬᠤᠰᠢᠭᠤᠨ ᠤ ᠴᠠᠭᠠᠨᠨᠠᠭᠤᠷ ᠰᠤᠮᠤᠨ ᠤ ᠤᠯᠠᠭᠠᠨᠲᠤᠶᠠᠭ᠎ᠠ ᠭᠠᠴᠠᠭᠠᠨ ᠤ ᠵᠢᠷ ᠤᠨ ᠨᠢᠬᠡᠨ ᠮᠠᠯᠴᠢᠨ᠃ ᠳᠡᠬᠦᠨ ᠤ ᠳᠤᠬᠠᠢ ᠰᠤᠷᠪᠤᠯᠵᠢᠯᠠᠭ᠎ᠠ ᠬᠦᠮᠤᠨ ᠳᠤ ᠤᠯᠠᠨ ᠵᠦᠢᠯ ᠢ ᠰᠡᠳᠬᠢᠬᠦᠯᠤᠨ᠎ᠡ᠃ ᠪᠤᠶᠠᠨᠮᠠᠠᠲᠤᠬᠤ ᠪᠠᠭ᠎ᠠ ᠰᠤᠷᠭᠠᠭᠤᠯᠢ ᠪᠠᠨ ᠲᠡᠬᠦᠰᠦᠮᠡᠭᠴᠡ ᠬᠦᠲᠡᠭᠡ ᠳᠤ ᠪᠠᠨ ᠬᠠᠷᠢᠵᠤ ᠠᠪᠤ ᠡᠵᠢ ᠪᠠᠨ ᠬᠠᠮᠵᠢᠵᠤ ᠮᠠᠯ ᠮᠠᠯᠵᠢᠨ᠂ ᠨᠠᠭᠠᠨ᠎ᠠ ᠴᠠᠭᠠᠨ᠎ᠠ ᠨᠢ ᠲᠤᠰᠠ ᠲᠡᠮ ᠪᠤᠯᠵᠤ᠂ ᠮᠠᠯᠴᠢᠨ ᠪᠤᠯᠬᠤ ᠭᠠᠷᠤᠭ᠎ᠠ ᠪᠠᠨ ᠡᠬᠢᠯᠡᠭᠰᠡᠨ ᠪᠢᠯᠡ᠃ ᠲᠡᠷᠡ ᠦᠶ᠎ᠡ ᠳᠤ ᠠᠷᠪᠠᠨ ᠬᠤᠶᠠᠷ ᠨᠠᠰᠤᠲᠠᠢ ᠪᠠᠶᠢᠭᠰᠠᠨ ᠪᠤᠶᠠᠨᠮᠠᠠᠲᠤᠬᠤ ᠠᠪᠤ ᠪᠤᠯᠤᠨ ᠨᠠᠭᠠᠴᠤ ᠪᠠᠨ ᠲᠠᠭᠠᠵᠤ ᠪᠤᠷᠭᠠᠰᠤ ᠬᠠᠲᠤᠬᠤ᠂ ᠲᠡᠭᠡᠭᠡᠵᠤ ᠵᠦᠬᠡᠬᠡᠬᠦ᠂ ᠪᠤᠷᠭᠠᠰᠤ ᠮᠦᠴᠢᠬᠦ᠂ ᠪᠤᠷᠭᠠᠰᠤ ᠪᠤᠭᠤᠬᠤ᠂ ᠬᠦᠷᠤᠬᠦ ᠵᠡᠷᠭᠡ ᠠᠵᠢᠯ ᠢ ᠬᠢᠵᠤ᠂ ᠤᠲᠤ ᠪᠤᠯᠬᠤ ᠳᠤ ᠭᠤᠴᠢᠨ ᠵᠢᠯ ᠤᠨ ᠨᠢᠭᠤᠷ ᠢ ᠦᠵᠡᠵᠡᠢ᠃     ᠪᠤᠶᠠᠨᠮᠠᠠᠲᠤᠬᠤ ᠶᠢᠨ ᠠᠪᠤ ᠨᠤᠷᠪᠤᠲᠤᠷᠵᠢ ᠭᠤᠸᠠᠢ ᠪᠤᠯ ᠨᠤᠲᠤᠭ ᠤᠷᠤᠨ ᠳᠤ ᠪᠠᠨ ᠠᠯᠲᠠᠷᠲᠠᠢ ᠪᠤᠷᠭᠠᠰᠤᠨ ᠬᠦᠷᠤᠮᠠᠯ ᠬᠢᠲᠡᠭ ᠬᠦᠮᠤᠨ ᠪᠠᠶᠢᠭᠰᠠᠨ ᠪᠢᠯᠡ᠃ ᠬᠠᠪᠤᠷ᠂ ᠨᠠᠮᠤᠷ ᠪᠤᠯᠬᠤ ᠳᠤ ᠪᠤᠷᠭᠠᠰᠤᠨ ᠤ ᠠᠵᠢᠯ ᠡᠬᠢᠯᠡᠵᠤ᠂ ᠪᠤᠶᠠᠨᠮᠠᠠᠲᠤᠬᠤ ᠠᠪᠤ ᠳᠤ ᠪᠠᠨ ᠨᠠᠭᠠᠨ᠎ᠠ ᠴᠠᠭᠠᠨ᠎ᠠ ᠨᠢ ᠲᠤᠰᠠ ᠲᠠᠮ ᠪᠤᠯᠤᠭᠰᠠᠭᠠᠷ ᠪᠠᠶᠢᠵᠤ᠂ ᠪᠤᠷᠭᠠᠰᠤᠨ ᠬᠦᠷᠤᠮᠠᠯ ᠤᠨ ᠠᠵᠢᠯ ᠢ ᠰᠠᠶᠢᠨ ᠰᠤᠷᠤᠭᠰᠠᠨ ᠪᠦᠬᠡᠳ ᠡᠨᠡᠬᠦ ᠰᠤᠶᠤᠯ ᠢ ᠦᠪᠯᠡᠨ ᠠᠪᠴᠤ᠂ ᠡᠨᠡᠬᠦ ᠰᠤᠶᠤᠯ ᠳᠤ ᠬᠠᠶᠢᠷᠠᠲᠠᠢ ᠲᠤᠷᠠᠲᠠᠢ ᠪᠤᠯᠵᠡᠢ᠃ ᠤᠲᠤ ᠬᠠᠪᠤᠷ ᠨᠠᠮᠤᠷ ᠪᠤᠯᠬᠤ ᠳᠤ ᠪᠤᠶᠠᠨᠮᠠᠠᠲᠤᠬᠤ ᠮᠦᠨ ᠠᠪᠤ ᠲᠠᠢ ᠪᠠᠨ ᠠᠲᠠᠯᠢᠬᠠᠨ ᠪᠤᠷᠭᠠᠰᠤᠨ ᠤ ᠠᠵᠢᠯ ᠳᠤ ᠪᠠᠨ ᠭᠠᠷᠴᠤ ᠨᠢᠬᠡ ᠵᠢᠯ ᠲᠠᠪᠤ ᠵᠢᠷᠭᠤᠭᠠᠨ ᠮᠠᠯ ᠤᠨ ᠬᠠᠰᠢᠶ᠎ᠠ᠂ ᠬᠡᠲᠤᠨ ᠪᠤᠩᠬᠤᠷ ᠵᠡᠷᠭᠡ ᠶᠢ ᠬᠦᠷᠤᠵᠤ ᠠᠶᠢᠯ ᠠᠶᠢᠮᠠᠭ ᠤᠨ ᠬᠢᠨ ᠳᠤ ᠪᠠᠨ ᠦᠭᠬᠦ ᠪᠤᠶᠤ ᠦᠪᠡᠷ ᠢᠶᠠᠨ ᠭᠡᠷᠡᠭᠯᠡᠲᠡᠭ ᠪᠢᠯᠡ᠃ ᠨᠡᠩ ᠪᠠᠶᠠᠷᠯᠠᠭᠤᠰᠢᠲᠠᠢ ᠨᠢ ᠦᠢᠷ᠎ᠠ ᠶᠢᠨ ᠬᠡᠲᠤᠨ ᠵᠢᠯ ᠠᠴᠠ ᠪᠤᠷᠭᠠᠰᠤᠨ ᠬᠦᠷᠤᠮᠠᠯ ᠡᠳ᠋ᠯᠡᠵᠤ ᠭᠡᠷᠡᠭᠯᠡᠲᠡᠭ ᠠᠶᠢᠯ ᠤᠯᠠᠰᠢᠷᠠᠵᠤ᠂ ᠪᠤᠶᠠᠨᠮᠠᠠᠲᠤᠬᠤ ᠭᠤᠸᠠᠢ ᠶᠢᠨ ᠠᠵᠢᠯ ᠴᠦ ᠠᠷᠪᠢᠳᠴᠡᠢ᠃ ᠢᠡᠭᠬᠢᠬᠡᠳ ᠨᠤᠲᠤᠭ ᠤᠨ ᠬᠢᠨ ᠲᠡᠬᠦᠤᠨᠡᠷ ᠪᠤᠶᠠᠨᠮᠠᠠᠲᠤᠬᠤ ᠶᠢ ︽ᠪᠤᠷᠭᠠᠰᠤ ᠬᠦᠷᠤᠲᠡᠭ ᠠᠬ᠎ᠠ︾ ᠬᠡᠮᠡᠨ ᠬᠦᠡᠲᠤᠳᠭᠡᠨ ᠲᠠᠭᠤᠲᠠᠬᠤ ᠪᠤᠯᠪᠠ᠃     ᠪᠤᠷᠭᠠᠰᠤ ᠲᠠᠢ ᠨᠤᠲᠤᠭ ᠲᠤ ᠲᠦᠷᠤᠵᠤ ᠦᠰᠦᠭᠰᠡᠨ ᠪᠤᠶᠠᠨᠮᠠᠠᠲᠤᠬᠤ ᠡᠨᠡᠬᠦ ᠦᠪ ᠰᠤᠶᠤᠯ ᠢ ᠦᠪᠯᠡᠵᠤ ᠤᠯᠠᠮᠵᠢᠯᠠᠬᠤ ᠳᠤ ᠰᠠᠶᠢᠨ ᠨᠦᠬᠦᠴᠡᠯ ᠲᠠᠢ ᠪᠤᠯᠪᠠᠴᠤ ᠦᠢᠷ᠎ᠠ ᠶᠢᠨ ᠵᠢᠯ ᠠᠴᠠ ᠠᠮᠢ ᠠᠬᠤᠢ ᠶᠢ ᠬᠠᠮᠠᠭᠠᠯᠠᠬᠤ ᠶᠢᠨ ᠲᠦᠯᠤᠭᠡ ᠪᠤᠷᠭᠠᠰᠤ ᠬᠠᠲᠤᠬᠤ ᠶᠢ ᠬᠤᠷᠢᠭᠯᠠᠭᠰᠠᠨ ᠪᠢᠯᠡ᠃ ᠪᠤᠶᠠᠨᠮᠠᠠᠲᠤᠬᠤ ᠬᠤᠰᠢᠭᠤᠨ ᠤ ᠪᠠᠨ ᠤᠢ ᠰᠢᠭᠤᠢ ᠶᠢᠨ ᠲᠤᠪᠴᠢᠶᠠᠨ ᠳᠤ ᠭᠤᠶᠤᠴᠢᠯᠠᠵᠤ᠂ ᠭᠡᠷ᠎ᠡ ᠲᠤᠭᠲᠠᠨ ᠵᠤᠬᠢᠬᠤ ᠬᠡᠮᠵᠢᠶ᠎ᠡ ᠪᠠᠷ ᠪᠤᠷᠭᠠᠰᠤ ᠬᠠᠲᠤᠵᠤ᠂ ᠪᠤᠷᠭᠠᠰᠤ ᠬᠦᠷᠤᠵᠤ ᠰᠦᠯᠵᠢᠬᠦ ᠠᠵᠢᠯ ᠢᠶᠠᠨ ᠦᠷᠬᠦᠯᠵᠢᠯᠡᠬᠦᠯᠦᠭᠰᠡᠭᠡᠷ ᠁     ᠪᠤᠶᠠᠨᠮᠠᠠᠲᠤᠬᠤ ᠰᠤᠷᠪᠤᠯᠵᠢᠯᠠᠭ᠎ᠠ ᠬᠦᠯᠢᠶᠡᠨ ᠶᠠᠷᠢᠬᠤ ᠳᠤ ᠪᠠᠨ᠄ ︽ᠪᠤᠷᠭᠠᠰᠤ ᠪᠤᠯ ᠮᠤᠩᠭᠤᠯ ᠨᠤᠲᠤᠭ ᠤᠨ ᠡᠷᠲᠡᠨᠢ ᠶᠤᠮ᠃ ᠪᠤᠷᠭᠠᠰᠤ ᠪᠠᠷ ᠠᠮᠢᠲᠤᠷᠠᠯ ᠠᠬᠤᠢ ᠳᠤ ᠪᠠᠨ ᠭᠡᠷᠡᠭᠯᠡᠬᠦ ᠤᠯᠠᠨ ᠡᠳ᠋ᠯᠡᠯ ᠭᠡᠷᠡᠭᠰᠡᠯ ᠬᠢᠬᠦ ᠪᠠᠷ ᠪᠠᠷᠠᠬᠤ ᠦᠭᠡᠢ ᠬᠠᠲᠠᠵᠤ ᠬᠤᠪᠠᠭ᠋ᠠᠶᠢᠷᠠᠭᠰᠠᠨ ᠢ ᠨᠢ ᠲᠦᠯᠡᠰᠢ ᠪᠤᠯᠭᠠᠬᠤ ᠳᠤ ᠨᠡᠬᠦᠷᠠᠰᠤ ᠠᠴᠠ ᠲᠤᠲᠠᠬᠤ ᠦᠭᠡᠢ ᠢᠯᠴᠢ ᠲᠠᠢ ᠪᠠᠶᠢᠲᠠᠭ᠃ ᠡᠪᠦᠭᠡ ᠲᠡᠭᠡᠲᠤᠰ ᠮᠢᠨᠢ ᠪᠠᠶᠢᠭᠠᠯᠢ ᠶᠢᠨ ᠵᠢᠮ᠎ᠠ ᠶᠤᠰᠤ ᠶᠢ ᠶᠡᠭᠡ ᠨᠠᠷᠢᠨ ᠮᠦᠷᠲᠡᠵᠤ ᠢᠷᠡᠭᠰᠡᠨ ᠬᠦᠮᠤᠰ ᠪᠢᠯᠡ᠃ ᠡᠬᠦᠨ ᠢ ᠪᠠᠨ ᠦᠷ᠎ᠠ ᠬᠤᠶᠢᠴᠢᠰ ᠲᠤ ᠪᠠᠨ ᠵᠠᠬᠢᠵᠤ ᠵᠢᠭᠠᠵᠤ ᠦᠭᠲᠡᠭ᠃ ᠪᠤᠷᠭᠠᠰᠤ ᠶᠢ ᠴᠠᠭ ᠬᠤᠭᠤᠴᠠᠭ᠎ᠠ ᠶᠢ ᠨᠢ ᠲᠤᠬᠢᠷᠠᠭᠤᠯᠵᠤ ᠪᠠᠶᠢᠭᠠᠳ ᠬᠠᠲᠤᠬᠤ ᠭᠡᠷᠡᠭᠲᠡᠢ᠃ ᠭᠡᠷᠪᠡ ᠬᠠᠲᠤᠬᠤ ᠦᠭᠡᠢ ᠤᠯᠠᠨ ᠵᠢᠯ ᠪᠤᠯᠪᠠᠯ ᠲᠤᠲᠤᠷ᠎ᠠ ᠠᠴᠠ ᠪᠠᠨ ᠬᠠᠲᠠᠵᠤ ᠦᠡᠲᠤᠰᠤ ᠪᠠᠷ ᠢᠶᠠᠨ ᠦᠬᠦᠬᠦ ᠠᠶᠤᠯ ᠲᠠᠢ᠂ ᠬᠠᠲᠠᠵᠤ ᠬᠤᠪᠠᠭ᠋ᠠᠶᠢᠷᠠᠭᠰᠠᠨ ᠢ ᠨᠢ ᠰᠠᠶᠢᠬᠠᠨ ᠴᠡᠪᠡᠷᠯᠡᠵᠤ᠂ ᠲᠡᠭᠰᠢᠬᠡᠨ ᠬᠠᠲᠤᠴᠢᠬᠠᠪᠠᠯ ᠵᠠᠭᠤᠨ ᠤ ᠵᠠᠭᠤ ᠪᠠᠷ ᠲᠠᠬᠢᠵᠤ ᠤᠷᠭᠤᠲᠠᠭ ᠵᠢᠮ᠎ᠠ ᠲᠠᠢ︾ ᠬᠡᠵᠤ ᠤᠴᠢᠷᠲᠠᠶᠢᠬᠠᠨ ᠶᠠᠷᠢᠨ᠎ᠠ᠃     ᠲᠦᠷᠪᠡ ᠠᠴᠠ ᠲᠠᠪᠤᠨ ᠵᠢᠯ ᠤᠷᠭᠤᠭᠰᠠᠨ ᠪᠤᠷᠭᠠᠰᠤ ᠰᠠᠶ᠋ᠢ ᠭᠡᠷᠡᠭᠴᠡᠭᠡᠨ ᠳᠤ ᠤᠷᠤᠲᠠᠭ᠃ ᠲᠦᠷᠪᠡ ᠠᠴᠠ ᠲᠠᠪᠤᠨ ᠰᠠᠷ᠎ᠠ ᠶᠢᠨ ᠬᠤᠭᠤᠷᠤᠡᠲᠤ ᠪᠤᠷᠭᠠᠰᠤ ᠪᠠᠨ ᠬᠠᠲᠤᠵᠤ᠂ ᠲᠠᠪᠤᠨ ᠰᠠᠷ᠎ᠠ ᠪᠤᠯᠤᠭᠰᠠᠭᠠᠷ ᠪᠤᠷᠭᠠᠰᠤ ᠨᠡᠬᠢᠶᠠᠯᠠᠲᠠᠭ ᠤᠴᠢᠷ ᠠᠴᠠ ᠪᠤᠷᠭᠠᠰᠤ ᠬᠠᠲᠤᠲᠠᠭ ᠦᠭᠡᠢ᠃ ᠡᠬᠦᠨ ᠠᠴᠠ ᠭᠠᠲᠠᠨ᠎ᠠ ᠶᠢᠰᠤ ᠡᠬᠢᠯᠡᠮᠡᠭᠴᠠ ᠪᠤᠷᠭᠠᠰᠤ ᠪᠠᠨ ᠬᠠᠲᠤᠵᠤ ᠬᠤᠷᠢᠶᠠᠭᠠᠳ ᠬᠠᠪᠤᠷ ᠬᠤᠷᠤᠭ᠎ᠠ ᠬᠠᠰᠢᠶ᠎ᠠ ᠬᠢᠪᠡᠯ ᠮᠠᠰᠢ ᠪᠠᠬᠢᠯᠢᠭ᠌ ᠪᠤᠯᠲᠠᠭ ᠬᠡᠵᠤ ᠨᠠᠰᠤᠲᠠᠶᠢᠴᠤᠳ ᠦᠷᠬᠦᠯᠵᠢ ᠶᠠᠷᠢᠲᠠᠭ᠃ ᠪᠤᠷᠭᠠᠰᠤ ᠪᠠᠨ ᠬᠠᠲᠤᠵᠤ ᠬᠤᠷᠢᠶᠠᠭᠠᠳ ᠭᠠᠷᠠᠭ ᠬᠢᠷᠢ ᠶᠢᠨ ᠬᠤᠭᠤᠴᠠᠭ᠎ᠠ ᠪᠤᠯᠤᠭᠰᠠᠨ ᠤ ᠲᠠᠷᠠᠭ᠎ᠠ ᠪᠤᠷᠭᠠᠰᠤ ᠪᠠᠨ ᠦᠯᠤᠰᠬᠡᠵᠤ ᠪᠠᠶᠢᠭᠠᠳ ᠬᠦᠷᠤᠵᠤ ᠰᠦᠯᠵᠢᠪᠠᠯ ᠬᠤᠭᠤᠷᠠᠬᠤ ᠦᠭᠡᠢ ᠰᠠᠶᠢᠨ ᠪᠠᠶᠢᠲᠠᠭ᠃ ᠬᠠᠷᠢᠨ ᠬᠠᠲᠤᠮᠠᠭᠴᠠ ᠬᠦᠷᠤᠪᠠᠯ ᠴᠠᠳᠬᠤᠯᠠᠩ ᠪᠤᠷᠭᠠᠰᠤ ᠠᠮᠠᠷᠠᠬᠠᠨ ᠬᠤᠭᠤᠷᠠᠴᠢᠬᠠᠲᠠᠭ ᠶᠤᠮ᠃     ︽ᠭᠤᠷᠪᠠᠨ ᠵᠠᠭᠤᠨ ᠬᠤᠨᠢ ᠶᠢ ᠪᠠᠭᠲᠠᠭᠠᠬᠤ 8  ᠮᠧᠲᠷ ᠤᠷᠲᠤ᠂ 3  ᠮᠧᠲᠷ ᠦᠷᠭᠡᠨ ᠪᠤᠷᠭᠠᠰᠤᠨ ᠬᠠᠰᠢᠶ᠎ᠠ ᠶᠢ ᠪᠢ ᠭᠠᠷᠠᠭ ᠤᠨ ᠲᠤᠲᠤᠷ᠎ᠠ ᠬᠦᠷᠤᠵᠤ ᠰᠦᠯᠵᠢᠵᠤ ᠪᠠᠷᠠᠴᠢᠬᠠᠲᠠᠭ᠃  8 ᠮᠧᠲᠷ ᠤᠷᠲᠤ᠂ 3  ᠮᠧᠲᠷ ᠦᠷᠭᠡᠨ ᠪᠤᠷᠭᠠᠰᠤᠨ ᠬᠠᠰᠢᠶ᠎ᠠ ᠶᠢ ᠬᠦᠷᠤᠬᠦ ᠳᠤ 4000 ᠭᠠᠷᠤᠢ ᠰᠢᠷᠭᠡᠭ ᠪᠤᠷᠭᠠᠰᠤ ᠤᠷᠤᠨ᠎ᠠ᠃ 4000 ᠰᠢᠷᠭᠡᠭ ᠪᠤᠷᠭᠠᠰᠤ ᠶᠢ ᠨᠢᠬᠡ ᠠᠴᠠ ᠬᠤᠶᠠᠷ ᠮᠦ ᠭᠠᠵᠠᠷ ᠠᠴᠠ ᠬᠠᠲᠤᠴᠢᠬᠠᠲᠠᠭ᠃ ᠰᠦᠶ᠎ᠡ  ᠪᠠᠨ ᠰᠠᠶᠢᠬᠠᠨ ᠲᠡᠭᠰᠢᠬᠡᠨ ᠬᠠᠳᠬᠤᠵᠤ᠂ ᠰᠦᠯᠵᠢᠶ᠎ᠡ ᠶᠢ ᠨᠢ ᠰᠠᠶᠢᠬᠠᠨ ᠲᠡᠭᠰᠢᠬᠡᠨ ᠰᠦᠯᠵᠢᠵᠤ᠂ ᠰᠠᠶᠢᠬᠠᠨ ᠪᠦᠲᠤᠬᠦᠨ ᠪᠤᠷᠭᠠᠰᠤ ᠰᠠᠶᠢᠨ ᠴᠤᠬᠢᠵᠤ ᠬᠦᠷᠦᠭᠰᠡᠨ ᠬᠠᠰᠢᠶ᠎ᠠ ᠲᠠᠪᠤ ᠲᠤᠯᠤᠭᠠᠨ ᠵᠢᠯ ᠨᠡᠩ ᠴᠢᠨᠠᠭᠰᠢᠯᠠᠨ ᠠᠷᠪᠠᠨ ᠵᠢᠯ ᠴᠦ ᠡᠪᠲᠡᠷᠡᠬᠦ ᠦᠭᠡᠢ ᠪᠠᠶᠢᠲᠠᠭ᠂ ᠬᠠᠷᠢᠨ ᠶᠠᠭᠠᠬᠢᠵᠤ ᠬᠦᠷᠤᠵᠤ ᠰᠦᠯᠵᠢᠬᠦ ᠲᠡᠭᠡᠷ᠎ᠡ ᠴᠢᠨᠠᠷ ᠴᠢᠠᠰᠠᠭ᠎ᠠ ᠨᠢ ᠪᠠᠶᠢᠲᠠᠭ ᠶᠤᠮ︾ ᠬᠡᠵᠣ ᠪᠤᠶᠠᠨᠮᠠᠠᠲᠤᠬᠤ ᠶᠠᠷᠢᠨ᠎ᠠ᠃     30 ᠵᠢᠯ ᠪᠤᠷᠭᠠᠰᠤᠨ ᠬᠦᠷᠤᠮᠠᠯ ᠬᠢᠵᠤ᠂ ᠠᠮᠢᠲᠤᠷᠠᠯ ᠠᠬᠤᠢ ᠳᠤ ᠪᠠᠨ ᠡᠳ᠋ᠯᠡᠵᠤ ᠭᠡᠷᠡᠭᠯᠡᠵᠤ ᠢᠷᠡᠭᠰᠡᠨ ᠮᠠᠯᠴᠢᠨ ᠪᠤᠶᠠᠨᠮᠠᠠᠲᠤᠬᠤ ᠪᠤᠷᠭᠠᠰᠤᠨ ᠬᠦᠷᠤᠮᠠᠯ ᠤᠨ ᠰᠤᠶᠤᠯ ᠢᠶᠠᠨ ᠶᠠᠭᠠᠬᠢᠵᠤ ᠬᠤᠶᠢᠴᠢ ᠦᠶ᠎ᠡ ᠳᠤ ᠪᠠᠨ ᠤᠯᠠᠮᠵᠢᠯᠠᠵᠤ ᠵᠠᠯᠭᠠᠮᠵᠢᠯᠠᠭᠤᠯᠬᠤ ᠶᠠᠪᠤᠲᠠᠯ ᠳᠤ ᠰᠠᠨᠠᠭ᠎ᠠ ᠪᠤᠯᠲᠠᠭ ᠪᠢᠯᠡ᠃ ᠭᠡᠷᠪᠡ ᠪᠤᠷᠭᠠᠰᠤ ᠪᠠᠶᠢᠭᠠᠳ ᠬᠦᠷᠤᠵᠤ ᠰᠦᠯᠵᠢᠵᠤ ᠴᠢᠲᠠᠬᠤ ᠬᠦᠮᠤᠨ ᠦᠭᠡᠢ ᠪᠤᠯᠴᠢᠬᠠᠪᠠᠯ ᠡᠨᠡ ᠰᠤᠶᠤᠯ ᠦᠬᠡᠢ ᠪᠤᠯᠬᠤ ᠨᠢ ᠲᠠᠮᠵᠢᠭ ᠦᠭᠡᠢ᠃ ᠬᠠᠶᠠ ᠨᠤᠲᠤᠭ ᠤᠨ ᠢᠶᠠᠨ ᠲᠡᠬᠦᠤᠨᠡᠷ ᠲᠤ ᠪᠤᠷᠭᠠᠰᠤᠨ ᠬᠦᠷᠤᠮᠠᠯ ᠢ ᠵᠢᠭᠠᠬᠤ ᠬᠡᠪᠡᠯ ᠦᠢᠷᠠᠳᠬᠤ ᠬᠦᠮᠤᠨ ᠦᠭᠡᠢ ᠪᠠᠶᠢᠲᠠᠭ ᠨᠢ ᠲᠡᠬᠦᠨ ᠤ ᠰᠡᠳᠬᠢᠯ ᠢ ᠶᠡᠭᠡ ᠬᠦᠡᠲᠡᠲᠡᠭ ᠠᠵᠢ᠃ ᠬᠠᠷᠢᠨ ᠬᠤᠶᠠᠷ ᠬᠦᠤ ᠳᠤ ᠪᠠᠨ ᠪᠤᠷᠭᠠᠰᠤᠨ ᠰᠤᠶᠤᠯ ᠢᠶᠠᠨ ᠵᠠᠪᠠᠯ ᠦᠪᠯᠡᠬᠦᠯᠵᠤ ᠦᠭᠬᠦᠨ᠎ᠡ ᠬᠡᠵᠤ ᠪᠤᠲᠤᠯ ᠴᠢᠩᠭ᠎ᠠ ᠶᠠᠪᠤᠲᠠᠭ ᠪᠤᠶᠠᠠᠮᠠᠠᠲᠤᠬᠤ ᠰᠤᠷᠭᠠᠭᠤᠯᠢ ᠶᠢᠨ ᠢᠶᠠᠨ ᠴᠢᠯᠤᠭᠡ ᠵᠠᠪ ᠢᠶᠠᠷ ᠭᠡᠷ ᠲᠤ ᠪᠠᠨ ᠬᠠᠷᠢᠭᠰᠠᠨ ᠴᠢᠯᠦᠭᠡᠨ ᠳᠤ ᠨᠢ ᠪᠤᠷᠭᠠᠰᠤ ᠮᠦᠴᠢᠬᠦ᠂ ᠰᠦᠯᠵᠢᠬᠦ᠂ ᠴᠤᠬᠢᠬᠤ ᠵᠡᠷᠭᠡ ᠶᠢ ᠵᠢᠭᠠᠵᠤ ᠬᠡᠯᠡᠵᠤ ᠦᠭᠬᠦᠭᠰᠡᠭᠡᠷ ᠪᠠᠶᠢᠭ᠎ᠠ ᠪᠢᠯᠡ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号