ᠬᠡᠪ ᠲᠠᠭᠤᠷᠢᠶᠠᠯ ᠪᠣᠯ ᠬᠠᠮᠤᠬ ᠤᠨ ᠰᠠᠶᠢᠨ ᠬᠦᠮᠦᠵᠢᠯ ᠮᠦᠨ
ᠨᠡᠶᠢᠲᠡᠯᠡᠭᠰᠡᠨ ᠴᠠᠭ᠄
2021/9/30
    ᠦᠨᠦᠲᠦᠷ ᠬᠦᠮᠦᠰ ᠬᠡᠦᠬᠡᠳ ᠤᠨ ᠬᠦᠮᠦᠵᠢᠯ ᠤᠨ ᠲᠣᠬᠠᠢ ᠣᠯᠠᠮ ᠠᠴᠠ ᠣᠯᠠᠮ ᠠᠩᠬᠠᠷᠣᠨ ᠰᠠᠨᠠᠭᠠᠰᠢᠷᠠᠬᠤ ᠪᠣᠯᠪᠠ᠃ ᠡᠨᠡ ᠴᠦ ᠶᠠᠭᠠᠬᠢᠬᠤ ᠪᠣᠢ᠂ ᠪᠠᠭ᠎ᠠ ᠠᠴᠠ ᠬᠡᠯᠡᠪᠡᠯ ᠨᠢᠭᠡ ᠭᠡᠷ ᠪᠦᠯᠢ᠂ ᠶᠡᠭᠡ ᠠᠴᠠ ᠦᠬᠦᠯᠡᠪᠡᠯ ᠣᠯᠣᠰ ᠦᠨᠳᠦᠰᠦᠲᠡᠨ ᠤ ᠠᠯᠣᠰ ᠢᠷᠡᠭᠡᠲᠦᠢ ᠲᠠᠢ ᠬᠤᠯᠪᠣᠬᠲᠠᠬᠤ ᠲᠣᠮᠦ ᠶᠠᠪᠣᠲᠠᠯ ᠪᠣᠯᠬᠤ ᠲᠣᠯᠠ ᠬᠦᠮᠦᠨ ᠪᠣᠯᠭᠠᠨ ᠰᠠᠨᠠᠭᠠᠰᠢᠷᠠᠵᠣ ᠰᠡᠳᠬᠢᠯ ᠠᠯᠭᠠᠰᠠᠬᠤ ᠨᠢ ᠵᠦᠢ᠃ ᠡᠶᠢᠨ ᠬᠦ ᠦᠷ᠎ᠡ ᠬᠡᠦᠬᠡᠳ ᠢᠶᠠᠨ ᠦᠭᠡᠷ᠎ᠡ ᠪᠣᠰᠣᠳ ᠲᠠᠢ ᠮᠦᠷᠦ ᠵᠡᠷᠭᠡᠴᠡᠨ ᠲᠣᠯᠣᠭᠠᠢ ᠭᠡᠲᠡᠭᠡᠷ ᠶᠠᠪᠣᠭᠤᠯᠬᠤ ᠶᠢᠨ ᠲᠣᠰᠠᠲᠠ ᠣᠯᠠᠩᠬᠢ ᠭᠡᠷ ᠤᠨ ᠠᠬᠠᠮᠠᠳ ᠢᠲᠡᠵᠦ ᠡᠮᠦᠰᠬᠦ ᠪᠠᠨ ᠠᠷᠪᠢᠯᠠᠨ ᠪᠠᠶᠢᠵᠦ ᠣᠯᠠᠨ ᠵᠦᠢᠯ ᠰᠣᠷᠭᠠᠵᠦ᠂ ︽ᠢᠩᠬᠢ ᠴᠢᠩᠬᠢ︾ ᠭᠡᠳ ᠡᠳᠦᠷᠵᠢᠨ ᠦᠭᠡᠯᠡᠵᠦ ᠶᠠᠩᠰᠢᠨ ᠴᠢᠬᠢᠨ ᠳᠤᠨᠢ ᠬᠤᠩᠬᠤ ᠵᠡᠬᠦᠯᠭᠡᠵᠦ ᠨᠣᠮᠯᠠᠲᠠᠬ ᠣᠴᠢᠷᠲᠠᠢ᠃     ᠶᠡᠷᠦ ᠨᠢ ᠬᠡᠦᠬᠡᠳ ᠤᠨ ᠦᠰᠦᠨ ᠪᠤᠶᠢᠵᠢᠯᠲᠠ ᠳᠤ ᠭᠡᠷ ᠪᠦᠯᠢ ᠶᠢᠨ ᠬᠦᠮᠦᠵᠢᠯ᠂ ᠰᠣᠷᠭᠠᠭᠤᠯᠢ ᠶᠢᠨ ᠬᠦᠮᠦᠵᠢᠯ ᠂ ᠨᠡᠶᠢᠭᠡᠮ ᠤᠨ ᠬᠦᠮᠦᠵᠢᠯ ᠵᠡᠷᠭᠡ ᠣᠯᠠᠨ ᠲᠠᠯ᠎ᠠ ᠬᠤᠯᠪᠣᠬᠲᠠᠲᠠᠬ᠃ ᠡᠬᠦᠨ ᠳᠤ ᠭᠡᠷ ᠪᠦᠯᠢ ᠶᠢᠨ ᠬᠦᠮᠦᠵᠢᠯ᠂ ᠣᠨᠴᠠᠭᠠᠢᠢᠯᠠᠨ ᠠᠪᠤ ᠡᠵᠢ ᠶᠢᠨ ᠦᠭᠡ ᠶᠠᠷᠢᠶ᠎ᠠ᠂ ᠦᠢᠯᠡ ᠠᠵᠢᠯᠯᠠᠭ᠎ᠠ᠂ ᠵᠠᠩ ᠲᠠᠳᠬᠠᠯ᠂ ᠲᠣᠷ᠎ᠠ ᠰᠣᠨᠢᠷᠬᠠᠯ ᠵᠡᠷᠭᠡ ᠨᠢ ᠬᠡᠦᠬᠡᠳ ᠤᠨ ᠦᠰᠦᠨ ᠪᠤᠶᠢᠵᠢᠯᠲᠠ ᠳᠤ ᠰᠢᠢᠳᠪᠦᠷᠢᠯᠡᠬᠦ ᠴᠢᠨᠠᠷᠲᠠᠢ ᠦᠢᠯᠡᠲᠦᠯ ᠦᠵᠡᠬᠦᠯᠲᠡᠭ ᠪᠢᠯᠡ᠃ ᠰᠡᠳᠬᠢᠴᠡ ᠵᠦᠢ ᠶᠢᠨ ᠰᠣᠲᠣᠯᠭᠠᠨ ᠳᠤ ᠬᠠᠷᠠᠭᠤᠯᠣᠬᠰᠠᠨ ᠢᠶᠠᠷ᠂ ᠬᠡᠦᠬᠡᠳ ᠪᠠᠭᠠᠴᠣᠳ ᠤᠨ ᠮᠡᠲᠡᠯᠭᠡ ᠪᠣᠯᠣᠨ ᠲᠣᠷᠰᠢᠯᠭ᠎ᠠ ᠶᠢᠨ ᠬᠤᠷᠠᠮᠲᠣᠭᠤᠯᠣᠯ ᠬᠤᠮᠰᠠ ᠵᠡᠷᠭᠡ ᠠᠴᠠ ᠰᠢᠯᠲᠠᠭᠠᠯᠠᠨ ᠲᠡᠲᠡ ᠭᠤᠣᠯᠲᠠᠭᠤ ᠲᠠᠭᠤᠷᠢᠶᠠᠬᠤ ᠬᠡᠯᠪᠡᠷᠢ ᠪᠠᠷ ᠲᠠᠮᠵᠢᠭᠤᠯᠣᠨ ᠬᠡᠷᠡᠭ ᠪᠣᠲᠠᠰ ᠢ ᠲᠠᠨᠢᠵᠦ ᠣᠢᠢᠯᠠᠭᠠᠲᠠᠬ ᠠᠵᠢ᠃ ᠢᠩᠬᠢᠬᠦ ᠳᠡᠭᠡᠨ ᠡᠳᠦᠷ ᠲᠣᠵᠢ ᠬᠠᠮᠲᠣ ᠪᠠᠶᠢᠯᠴᠠᠬᠤ ᠡᠴᠢᠭᠡ ᠡᠭᠡᠴᠦᠦᠯ ᠪᠣᠯ ᠬᠡᠦᠬᠡᠳ ᠤᠨ ᠬᠠᠮᠤᠬ ᠠᠩᠬᠠᠨ ᠤ ᠪᠠᠭᠰᠢ ᠪᠣᠯᠬᠤ ᠨᠢ ᠲᠠᠮᠵᠢᠬ ᠦᠭᠡᠢ᠃ ᠬᠡᠦᠬᠡᠳ ᠦᠭᠡ ᠶᠠᠷᠢᠬᠤ ᠠᠴᠠ ᠡᠬᠢᠯᠡᠨ ᠦᠢᠯᠡ ᠬᠦᠲᠡᠯᠦᠯ᠂ ᠣᠪᠣᠷ ᠰᠡᠳᠬᠢᠯᠭᠡ᠂ ᠵᠠᠩ ᠴᠢᠨᠠᠷ ᠬᠦᠷᠲᠡᠯ᠎ᠡ ᠲᠡᠷᠡ ᠲᠠᠢ ᠲᠡᠷᠡ ᠦᠭᠡᠢ ᠠᠪᠤ ᠡᠵᠢ ᠪᠠᠨ ᠠᠩᠬᠠᠷᠴᠦ ᠲᠠᠭᠤᠷᠢᠶᠠᠲᠠᠬ ᠪᠢᠯᠡ᠃ ᠠᠪᠤ ᠡᠵᠢ ᠨᠢ ᠦᠨᠡᠨᠴᠢ ᠰᠢᠯᠣᠭᠤᠨ᠂ ᠪᠣᠯᠪᠠᠰᠣᠨ ᠶᠣᠰᠣᠷᠬᠠᠬ ᠪᠣᠯ ᠦᠷ᠎ᠡ ᠬᠡᠦᠬᠡᠳ ᠨᠢ ᠴᠦ ᠲᠠᠭᠤᠷᠢᠶᠠᠵᠦ ᠴᠠᠶᠢᠯᠭᠠᠨ ᠴᠠᠭᠠᠪᠣᠷ᠂ ᠪᠣᠯᠪᠠᠰᠣᠨ ᠮᠣᠷᠠᠯ ᠲᠠᠢ ᠬᠦᠮᠦᠵᠢᠬᠦ ᠪᠦᠭᠡᠳ ᠡᠰᠡᠷᠬᠦ ᠪᠠᠷ ᠠᠭᠤᠷᠯᠠᠵᠦ ᠵᠠᠩᠨᠠᠨ᠂ ᠬᠡᠷᠡᠬᠦᠯ ᠱᠣᠣᠬᠢᠶᠠᠨ ᠲᠠᠰᠣᠷᠠᠬᠤ ᠦᠭᠡᠢ ᠭᠡᠷ ᠪᠦᠯᠢ ᠶᠢᠨ ᠣᠷᠴᠢᠨ ᠳᠤ ᠦᠰᠦᠭᠰᠡᠨ ᠬᠡᠦᠬᠡᠳ ᠴᠦ ᠮᠠᠷᠵᠠᠩ ᠵᠠᠩ ᠲᠠᠢ᠂ ᠵᠣᠵᠢᠬ ᠵᠦᠷᠢᠬᠦᠳ ᠬᠦᠮᠦᠵᠢᠬᠦ ᠨᠢ ᠮᠡᠲᠡᠭᠡᠵᠢ᠃ ᠮᠣᠩᠭᠤᠯ ᠠᠷᠠᠳ ᠤᠨ ᠦᠭᠡᠨ ᠳᠤ ︽ᠬᠡᠭᠡᠷ ᠠᠯᠠᠬ ᠠᠴᠠ ᠰᠢᠬᠢᠷ᠎ᠠ ᠠᠯᠠᠬ᠂ ᠬᠡᠯᠲᠡᠩ ᠬᠡᠬᠦᠦ ᠠᠴᠠ ᠱᠣᠪᠲᠣᠩ ᠣᠨᠠᠭ᠎ᠠ︾᠂ ︽ᠣᠮᠪᠠᠭᠠᠴᠢ ᠶᠢᠨ ᠬᠦᠦ ᠱᠣᠮᠪᠠᠭᠠᠴᠢ︾ ᠭᠡᠵᠦ ᠶᠠᠬ ᠡᠨᠡ ᠣᠳᠬ᠎ᠠ ᠶᠢ ᠵᠢᠭᠠᠬᠰᠠᠨ ᠬᠡᠯᠲᠡᠢ᠃     ᠬᠡᠦᠬᠡᠳ ᠢ ᠨᠢ ᠬᠠᠷᠠᠵᠦ ᠡᠵᠢ ᠠᠪᠤ ᠶᠢ ᠨᠢ ᠲᠣᠯᠢᠲᠠᠲᠠᠬ᠃ ᠶᠣᠰᠣ ᠰᠣᠷᠲᠠᠬᠤᠨ ᠪᠣᠯ ᠨᠢᠭᠡ ᠵᠦᠢᠯ ᠤᠨ ᠦᠷᠲᠡᠭ ᠤᠨ ᠬᠡᠮᠵᠢᠬᠦᠷ ᠪᠣᠯᠬᠤ ᠪᠠᠷ ᠪᠠᠷᠠᠬᠤ ᠦᠬᠡᠢ ᠦᠢᠯᠡ ᠠᠵᠢᠯᠯᠠᠭ᠎ᠠ ᠶᠢᠨ ᠲᠦᠷᠢᠮᠵᠢᠯ ᠪᠠᠶᠢᠵᠦ᠂ ᠭᠡᠷ ᠪᠦᠯᠢ ᠶᠢᠨ ᠣᠷᠴᠢᠨ ᠲᠣᠭᠤᠷᠢᠨ ᠪᠣᠯᠣᠨ ᠠᠪᠤ ᠡᠵᠢ ᠶᠢᠨ ᠦᠭᠡ ᠶᠠᠷᠢᠶ᠎ᠠ ᠦᠢᠯᠡ ᠠᠵᠢᠯᠯᠠᠭ᠎ᠠ ᠨᠢ ᠬᠡᠦᠬᠡᠳ ᠢ ᠰᠢᠭᠤᠳ ᠨᠦᠯᠦᠭᠡᠯᠡᠵᠦ ᠲᠣᠰᠬᠠᠬᠲᠠᠲᠠᠬ᠃ ᠲᠡᠭᠡᠬᠦ ᠳᠡᠭᠡᠨ ᠦᠷ᠎ᠡ ᠬᠡᠦᠬᠡᠳ ᠢᠶᠠᠨ ᠬᠦᠮᠦᠵᠢᠬᠦᠯᠬᠦ ᠶᠢᠨ ᠲᠣᠰᠠᠲᠠ ᠡᠵᠢ ᠠᠪᠤ ᠪᠣᠯᠣᠬᠰᠠᠳ ᠣᠷᠢᠳ ᠢᠶᠠᠷ ᠦᠪᠡᠷ ᠢ ᠪᠠᠨ ᠴᠢᠮᠪᠠᠢ ᠰᠠᠶᠢᠨ ᠬᠦᠮᠦᠵᠢᠬᠦᠯᠬᠦ ᠬᠡᠷᠡᠭᠲᠡᠢ᠃ ᠡᠩ ᠤᠨ ᠴᠠᠬ ᠲᠤ ᠲᠦᠷᠢᠮ ᠲᠣᠬᠲᠠᠭᠠᠯ ᠲᠣᠬᠲᠠᠭᠠᠵᠦ᠂ ᠵᠢᠷᠣᠮᠯᠠᠵᠦ ᠰᠠᠬᠢᠬᠤ ᠶᠢ ᠣᠯᠠᠮᠵᠢᠯᠠᠬᠤ ᠪᠠᠷ ᠪᠠᠷᠠᠬᠤ ᠦᠭᠡᠢ ᠦᠪᠡᠷ ᠢᠶᠠᠨ ᠴᠦ ᠲᠡᠷᠡ ᠶᠣᠰᠣᠭᠠᠷ ᠬᠢᠵᠦ ᠬᠦᠢᠴᠡᠳᠭᠡᠬᠦ ᠨᠢ ᠴᠢᠬᠤᠯᠠ᠃ ᠬᠡᠦᠬᠡᠳ ᠢ ᠠᠯᠪᠠᠲᠠᠵᠦ ᠨᠣᠮ ᠣᠩᠰᠢᠬᠤ ᠲᠠᠳᠬᠠᠯ ᠲᠠᠢ ᠪᠣᠯᠭᠠᠨ ᠬᠦᠮᠦᠵᠢᠬᠦᠯᠬᠦ ᠭᠡᠳ ᠦᠪᠡᠰᠦᠪᠡᠨ ᠬᠠᠷᠢᠨ ᠡᠳᠦᠷᠵᠢᠨ ᠭᠠᠷ ᠣᠲᠠᠰᠣ ᠱᠠᠭᠠᠢᠢᠵᠦ᠂ ᠲᠧᠯᠧᠢᠰ ᠰᠦᠯᠵᠢᠶ᠎ᠠ ᠠᠴᠠ ᠰᠠᠯᠵᠦ ᠴᠢᠲᠠᠬᠤ ᠦᠭᠡᠢ ᠪᠣᠯ ᠱᠠᠯ ᠲᠡᠮᠡᠢ ᠬᠡᠷᠡᠭ ᠪᠣᠯᠣᠨ᠎ᠠ᠃ ᠢᠩᠬᠢᠵᠦ ᠦᠭᠡᠯᠡᠵᠦ ᠨᠣᠮᠯᠠᠬᠤ ᠪᠠ ᠦᠢᠯᠡ ᠠᠵᠢᠯᠯᠠᠭ᠎ᠠ ᠶᠢ ᠨᠢᠭᠡᠲᠦᠬᠦᠯᠵᠦ᠂ ᠦᠪᠡᠰᠦᠪᠡᠨ ᠲᠦᠷᠦᠬᠦᠯᠡᠨ ᠬᠡᠪ ᠲᠠᠭᠤᠷᠢᠶᠠᠯ ᠦᠵᠡᠬᠦᠯᠵᠦ᠂ ᠬᠡᠦᠬᠡᠳ ᠢ ᠬᠦᠮᠦᠵᠢᠬᠦᠯᠪᠡᠯ ᠰᠠᠶ᠋ᠢ ᠨᠡᠩ ᠶᠡᠭᠡ ᠢᠲᠡᠭᠡᠬᠦᠯᠬᠦ ᠬᠦᠴᠦᠨ ᠪᠠ ᠨᠦᠯᠦᠭᠡᠯᠡᠬᠦ ᠬᠦᠴᠦᠨ ᠲᠠᠢ ᠪᠣᠯᠬᠤ ᠶᠣᠮ᠃     ᠬᠡᠦᠬᠡᠳ ᠬᠦᠮᠦᠵᠢᠬᠦᠯᠦᠨ᠎ᠠ ᠭᠡᠳ ᠬᠦᠵᠦᠬᠦᠦ ᠰᠣᠩᠭᠠᠵᠦ ᠵᠢᠳᠭᠦᠭᠰᠡᠨ ᠭᠡᠷ ᠤᠨ ᠠᠬᠠᠮᠠᠳ ᠣᠷᠢᠳ ᠢᠶᠠᠷ ᠦᠪᠡᠷ ᠢ ᠪᠠᠨ ᠬᠦᠮᠦᠵᠢᠬᠦᠯᠵᠦ᠂ ᠬᠡᠦᠬᠡᠳ ᠲᠡᠭᠡᠨ ᠬᠡᠪ ᠲᠠᠭᠤᠷᠢᠶᠠᠯ ᠦᠵᠡᠬᠦᠯᠬᠦ ᠶᠢ ᠬᠢᠴᠢᠶᠡᠵᠦ ᠰᠡᠳᠬᠢᠬᠦᠰᠢᠲᠡᠢ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号