ᠨᠠᠷᠠᠳᠤ ᠬᠦᠮᠦᠰ ᠤᠨ ᠨᠤᠮ ᠤᠡᠭᠰᠢᠬᠤ ᠶᠢᠨ ᠴᠢᠬᠤᠯᠠ ᠴᠢᠨᠠᠷ ᠤᠨ ᠲᠤᠬᠠᠢ ᠦᠭᠦᠯᠡᠭᠰᠡᠨ ᠮᠡᠷᠭᠡᠨ ᠰᠡᠴᠡᠨ | ᠦᠭᠡᠰ ᠤᠯᠠᠨ ᠪᠠᠶᠢᠳᠠᠭ᠃ ᠵᠢᠱᠢᠶᠡᠯᠡᠪᠡᠯ᠂ ︽ᠨᠤᠮ ᠲᠤᠳᠤᠷ᠎ᠠ ᠵᠠᠮ ᠪᠤᠢ︾᠂ ︽ᠮᠤᠩᠬᠠᠭ ᠤᠨ ᠴᠦᠯ ᠢ ᠮᠤᠷᠢ ᠪᠠᠷ | ᠪᠢᠰᠢ ᠨᠤᠮ ᠢᠶᠠᠷ ᠲᠤᠭᠤᠯᠳᠠᠭ︾᠂ ︽ᠨᠤᠮ ᠤᠡᠭᠰᠢᠬᠤ ᠪᠠᠷ ᠲᠠᠷᠢᠬᠢ ᠰᠡᠷᠬᠦᠵᠤ᠂ ᠨᠠᠷᠠ ᠭᠠᠷᠬᠤ ᠪᠠᠷ ᠪᠠᠶᠢᠭᠠᠯᠢ | ᠰᠡᠷᠬᠦᠨ᠎ᠠ︾ ᠁ ᠭᠡᠳᠡᠭ᠃ | ᠨᠤᠮ ᠤᠡᠭᠰᠢᠪᠠᠯ ᠤᠢ ᠪᠢᠯᠢᠭ ᠲᠠᠯᠠᠵᠤ᠂ ᠰᠡᠳᠬᠢᠨ ᠪᠤᠳᠤᠯᠬᠢᠯᠬᠠᠤ ᠴᠢᠳᠠᠪᠤᠷᠢ ᠨᠢ ᠳᠡᠭᠡᠭᠰᠢᠯᠡᠬᠦ ᠨᠢ ᠳᠠᠮᠵᠢᠭ | ᠦᠭᠡᠢ᠃ ᠨᠤᠮ ᠠᠴᠠ ᠡᠬᠢ ᠲᠠᠢ ᠡᠷᠳᠡᠮ ᠮᠡᠳᠡᠯᠭᠡ ᠭᠡᠳᠡᠭ ᠪᠤᠯ ᠮᠤᠩᠳᠠᠰᠢ ᠦᠭᠡᠢ᠂ ᠰᠤᠷᠤᠭᠠᠳ ᠪᠠᠷᠠᠰᠢ ᠦᠭᠡᠢ | ᠪᠠᠶᠢᠳᠠᠭ᠃ ᠲᠡᠭᠡᠬᠦ ᠪᠠᠷ ︽ᠨᠤᠮ ᠲᠠᠢ ᠬᠦᠮᠦᠨ︾ ᠪᠤᠯᠬᠤ ᠶᠢᠨ ᠤᠷᠢᠳᠡᠯ ᠨᠦᠬᠦᠴᠡᠯ ᠨᠢ ᠨᠤᠮ ᠤᠡᠭᠰᠢᠬᠤ ᠰᠠᠶᠢᠨ | ᠰᠠᠶᠢᠬᠠᠨ ᠳᠠᠳᠬᠠᠯ ᠢ ᠪᠦᠷᠢᠯᠳᠦᠬᠦᠯᠬᠦ ᠶᠠᠪᠤᠳᠠᠯ ᠪᠤᠯᠤᠨ᠎ᠠ᠃ ᠡᠨᠡ ᠰᠠᠶᠢᠨ ᠳᠠᠳᠬᠠᠯ ᠢ ᠪᠤᠢ ᠪᠤᠯᠭᠠᠭᠰᠠᠨ ᠪᠠᠶᠢᠳᠠᠯ ᠳᠤ | ᠬᠦᠮᠦᠨ ᠠᠶᠠᠨᠳᠠᠭᠠᠨ ᠨᠤᠮ ᠤᠡᠭᠰᠢᠬᠤ ᠤᠷᠮ᠎ᠠ ᠲᠠᠢ ᠪᠤᠯᠵᠤ᠂ ᠶᠠᠮᠠᠷ ᠴᠤ ᠦᠶ᠎ᠠ ᠳᠤ ᠨᠤᠮ ᠣᠩᠰᠢᠭᠰᠠᠨ ᠤ ᠦᠷ᠎ᠠ | ᠦᠭᠬᠦᠭᠡᠵᠢ ᠶᠢ ᠡᠳ᠋ᠯᠡᠵᠤ ᠶᠠᠪᠤᠬᠤ ᠪᠤᠯᠤᠨ᠎ᠠ᠃ ᠲᠡᠭᠡᠪᠡᠯ ᠨᠤᠮ ᠤᠡᠭᠰᠢᠬᠤ ᠳᠠᠳᠬᠠᠯ ᠢ ᠶᠠᠭᠠᠬᠢᠵᠤ ᠪᠦᠷᠢᠯᠳᠦᠬᠦᠯᠬᠦ | ᠪᠤᠢ︖ ᠮᠢᠨᠤ ᠦᠵᠡᠬᠦ ᠪᠠᠷ ᠡᠭᠦᠨ ᠢ ᠪᠤᠢ ᠪᠤᠯᠭᠠᠬᠤ ᠳᠤ ᠭᠡᠤᠭᠡᠳ ᠦᠶ᠎ᠠ ᠠᠴᠠ ᠨᠢ ᠲᠠᠰᠬᠠᠨ | ᠳᠠᠳᠬᠠᠯᠵᠢᠭᠤᠯᠬᠤ ᠨᠢ ᠵᠦᠢᠳᠠᠢ᠃ ᠭᠡᠤᠭᠡᠳ ᠲᠤ ᠨᠤᠮ ᠤᠡᠭᠰᠢᠬᠤ ᠳᠠᠳᠬᠠᠯ ᠢ ᠰᠠᠭᠤᠯᠭᠠᠬᠤ ᠳᠤ ᠲᠤᠮᠤᠴᠤᠤᠯ | ᠬᠦᠴᠤ ᠤᠷᠤᠭᠤᠯᠬᠤ ᠱᠠᠭᠠᠷᠳᠠᠯᠭ᠎ᠠ ᠲᠠᠢ᠃ ᠲᠤᠮᠤᠴᠤᠤᠯ ᠦᠪᠡᠷᠰᠡᠳ ᠤᠨ ᠤᠢᠢᠯᠡᠳᠤᠯ ᠢᠶᠠᠷ ᠢᠶᠠᠨ ᠲᠠᠭᠤᠷᠢᠶᠠᠯ | ᠪᠤᠯᠪᠠᠯ ᠭᠡᠤᠭᠡᠳ ᠠᠶᠠᠨᠳᠠᠭᠠᠨ ᠨᠦᠯᠦᠭᠡᠯᠡᠭᠳᠡᠬᠦ ᠪᠤᠯᠤᠨ᠎ᠠ᠃ ᠳᠠᠷᠤᠢ ᠳᠠᠭᠠᠭᠤᠯᠵᠤ ᠨᠤᠮ ᠤᠡᠭᠰᠢᠬᠤ᠂ ᠨᠤᠮ ᠲᠠᠢ | ᠭᠠᠵᠠᠷ ᠢᠶᠠᠷ ᠢᠯᠡᠬᠦᠤ ᠳᠠᠭᠠᠭᠤᠯᠵᠤ ᠦᠵᠡᠬᠦᠯᠬᠦ᠂ ᠨᠠᠰᠤ ᠨᠠᠰᠤᠨ ᠳᠤ ᠨᠢ ᠲᠤᠬᠢᠷᠠᠭᠰᠠᠨ ᠨᠤᠮ ᠢ ᠠᠪᠴᠤ ᠦᠭᠬᠦ᠂ | ᠨᠤᠮ ᠤᠨ ᠠᠭᠤᠯᠭ᠎ᠠ ᠲᠠᠢ ᠤᠢᠢᠯᠡ ᠠᠵᠢᠯᠯᠠᠭ᠎ᠠ ᠳᠤ ᠪᠠᠶᠠᠴᠢᠯᠠᠨ ᠤᠷᠤᠯᠴᠠᠭᠤᠯᠬᠤ᠂ ᠨᠠᠷᠠᠳᠤ ᠬᠦᠮᠦᠰ ᠤᠨ ᠨᠤᠮ | ᠣᠩᠰᠢᠭᠰᠠᠨ ᠦᠡᠭᠭᠡᠷᠡᠯᠳᠡ ᠪᠤᠶᠤ ᠵᠤᠬᠢᠶᠠᠯ ᠪᠦ᠋ᠳᠦᠭᠡᠯ ᠤᠨ ᠬᠢᠨᠢ ᠲᠤᠬᠠᠢ ᠲᠠᠶᠢᠯᠪᠤᠷᠢᠯᠡᠵᠤ ᠶᠠᠷᠢᠬᠤ ᠵᠡᠷᠬᠡ ᠪᠠᠷ | ᠭᠡᠤᠭᠡᠳ ᠢᠶᠠᠨ ᠨᠤᠮ ᠤᠨ ᠶᠢᠷᠳᠢᠨᠴᠤ ᠤᠷᠤᠭᠤ ᠳᠠᠭᠠᠭᠤᠯᠵᠤ ᠤᠷᠤᠪᠠᠯ ᠭᠡᠤᠭᠡᠳ ᠤᠨ ᠨᠤᠮ ᠤᠡᠭᠰᠢᠬᠤ ᠤᠷᠮ᠎ᠠ | ᠰᠡᠳᠬᠢᠯᠭᠡ ᠨᠢ ᠰᠡᠷᠬᠦᠵᠤ᠂ ᠨᠤᠮ ᠤᠡᠭᠰᠢᠬᠤ ᠳᠠᠳᠬᠠᠯ ᠠᠶᠠᠨᠳᠠᠭᠠᠨ ᠪᠦᠷᠢᠯᠳᠦᠵᠤ᠂ ᠬᠤᠵᠢᠮ ᠬᠠᠮᠢᠭ᠎ᠠ ᠶᠠᠪᠤᠭᠰᠠᠨ | ᠴᠤ ᠨᠤᠮ ᠪᠤᠯ ᠬᠠᠮᠤᠭ ᠤᠨ ᠰᠠᠶᠢᠨ ᠬᠠᠨᠢ᠂ ᠨᠤᠮ ᠪᠢᠴᠢᠭ ᠰᠤᠷᠬᠤ ᠪᠤᠯ ᠬᠠᠮᠤᠭ ᠤᠨ ᠡᠷᠬᠢᠮ ᠵᠦᠢᠯ ᠭᠡᠳᠡᠭ ᠢ | ᠵᠢᠷᠦᠭᠡ ᠰᠡᠳᠬᠢᠯ ᠠᠴᠠ ᠪᠠᠨ ᠮᠡᠳᠡᠷᠡᠬᠦ ᠪᠤᠯᠤᠨ᠎ᠠ᠃ | ᠪᠢᠯᠢᠬᠦᠨ ᠨᠤᠮᠴᠢ ᠪ᠊ ᠷᠢᠨᠴᠢᠨ ᠤ ︽ᠮᠤᠩᠳᠠᠰᠢ ᠦᠭᠡᠢ ᠡᠷᠳᠡᠮ ᠢ ᠰᠤᠷᠬᠤ ᠳᠤ ᠨᠠᠰᠤ ᠲᠠᠩᠴᠤ ᠤᠬᠤᠷ᠂ | ᠮᠤᠩᠬᠠᠭ ᠤᠨ ᠲᠡᠷᠭᠡᠳᠡ ᠪᠠᠶᠢᠬᠤ ᠳᠤ ᠨᠠᠰᠤ ᠲᠠᠩᠴᠤ ᠤᠷᠳᠤ︾ ᠭᠡᠰᠡᠨ ᠦᠭᠡᠨ ᠤ ᠤᠴᠢᠷ ᠢ ᠤᠬᠠᠪᠠᠰᠤ᠂ ᠬᠦᠮᠦᠨ | ᠰᠤᠷᠴᠤ ᠰᠤᠳᠤᠯᠬᠤ ᠶᠢᠨ ᠠᠮᠳᠠᠨ ᠳᠤ ᠤᠷᠤᠪᠠᠯ ᠰᠤᠷᠤᠭᠠᠳ ᠪᠠᠷᠠᠬᠤ ᠦᠭᠡᠢ ᠰᠢᠮᠳᠠᠬᠤ ᠪᠠ ᠲᠠᠷᠢᠬᠢ | ᠲᠤᠯᠤᠭᠠᠢ ᠳᠤ ᠪᠠᠨ ᠮᠡᠳᠡᠯᠭᠡ ᠦᠭᠡᠢ ᠬᠤᠭᠤᠰᠤᠨ ᠤ ᠠᠶᠤᠮᠰᠢᠭ᠂ ᠲᠠᠨᠡᠭ ᠪᠦᠳᠦᠬᠦᠯᠢᠭ ᠢ ᠳᠡᠭᠡᠳᠦ ᠬᠡᠮᠵᠢᠶ᠎ᠡ ᠪᠠᠷ | ᠬᠠᠷᠢᠴᠠᠭᠤᠯᠵᠤ ᠬᠡᠯᠡᠭᠰᠡᠨ ᠭᠡᠵᠤ ᠤᠢᠢᠯᠠᠭᠠᠵᠤ ᠪᠠᠶᠢᠨ᠎ᠠ᠃ ᠲᠡᠭᠡᠬᠦ ᠪᠠᠷ ᠭᠡᠤᠭᠡᠳ ᠲᠤ ᠱᠠᠭᠠᠷᠳᠠᠭᠳᠠᠳᠠᠭ ᠭᠡᠷ | ᠪᠦᠯᠢ ᠶᠢᠨ ᠬᠦᠮᠦᠵᠢᠯ ᠤᠨ ᠲᠤᠳᠤᠷ᠎ᠠ ᠭᠡᠤᠭᠡᠳ ᠤᠨ ᠨᠤᠮ ᠤᠡᠭᠰᠢᠬᠤ ᠳᠠᠳᠬᠠᠯ ᠤᠨ ᠬᠦᠮᠦᠵᠢᠯ ᠴᠢᠬᠤᠯᠠ ᠪᠠᠶᠢᠷᠢ ᠶᠢ | ᠡᠵᠡᠯᠡᠬᠦ ᠨᠢ ᠳᠠᠮᠵᠢᠭ ᠦᠭᠡᠢ᠃ ᠡᠶᠢᠮᠤ ᠠᠴᠠ ᠤᠬᠠᠭᠠᠨ ᠲᠠᠢ ᠬᠦᠮᠦᠨ ᠬᠦᠮᠤᠵᠢᠬᠦᠯᠦᠶᠠ ᠭᠡᠪᠡᠯ ᠨᠤᠮ ᠲᠠᠢ ᠬᠦᠮᠦᠨ | ᠬᠦᠮᠦᠵᠢᠬᠦᠯᠦᠭᠡᠷᠡᠢ᠃ ᠤᠴᠢᠷ ᠨᠢ ᠠᠷᠠᠳ ᠤᠨ ᠦᠭᠡᠨ ᠳᠤ ︽ᠤᠬᠠᠭᠠᠨ ᠦᠭᠡᠢ ᠬᠦᠮᠦᠨ ᠳᠤ ᠬᠦᠷᠦᠩᠭᠡ ᠪᠤᠤ | ᠨᠦᠭᠡ᠂ ᠦᠷᠠᠭᠡᠳ ᠪᠠᠷᠠᠴᠢᠬᠠᠨ᠎ᠠ︔ ᠤᠬᠠᠭᠠᠨ ᠲᠠᠢ ᠬᠦᠮᠦᠨ ᠳᠤ ᠬᠦᠷᠦᠩᠭᠡ ᠪᠤᠤ ᠬᠤᠷᠠᠮᠳᠤᠭᠤᠯᠤᠯ᠂ ᠦᠪᠡᠷ ᠢᠶᠠᠨ | ᠤᠯᠴᠢᠬᠠᠨ᠎ᠠ︾ ᠭᠡᠳᠡᠭ ᠰᠢᠤ ᠳ᠋ᠠ᠃ |