ᠢᠯᠡ ᠵᠠᠰᠠᠯ ᠠᠴᠠ ᠳᠠᠯᠳᠠ ᠴᠢᠮᠡᠭ ᠰᠠᠶᠢᠬᠠᠨ
ᠨᠡᠶᠢᠲᠡᠯᠡᠭᠰᠡᠨ ᠴᠠᠭ᠄
2021/11/29
    ᠵᠠᠰᠠᠯ ᠴᠢᠮᠡᠭ ᠭᠡᠭᠴᠢ ᠡᠷᠡᠭᠲᠡᠢ ᠡᠮᠡᠭᠲᠡᠢ ᠂ ᠵᠠᠯᠠᠭᠤ ᠬᠥᠭᠰᠢᠨ ᠬᠡᠨ ᠪᠦᠬᠦᠨ  ᠳᠤ ᠴᠦᠮ ᠲᠣᠬᠢᠷᠠᠮᠵᠢ   ᠲᠠᠢ ᠪᠠᠶᠢᠳᠠᠭ ᠃ ᠵᠠᠰᠠᠯ ᠴᠢᠮᠡᠭ  ᠲᠤ ᠢᠯᠡ ᠪᠠ ᠳᠠᠯᠳᠠ ᠴᠦᠮ ᠪᠠᠶᠢᠳᠠᠭ᠃ ᠢᠯᠡ ᠭᠡᠪᠡᠯ ᠨᠢᠭᠤᠷ  ᠴᠢᠷᠠᠢ᠂ ᠬᠤᠪᠴᠠᠰᠤ ᠵᠠᠰᠠᠯ ᠪᠠᠶᠢᠵᠤ  ᠂ ᠳᠠᠯᠳᠠ ᠭᠡᠪᠡᠯ ᠬᠥᠮᠥᠨ  ᠤ ᠵᠠᠩ  ᠴᠢᠨᠠᠷ ᠪᠤᠢ ᠃ ᠬᠥᠮᠥᠨ ᠪᠦᠬᠦᠨ ᠢᠯᠡ ᠵᠠᠰᠠᠯ  ᠢ ᠴᠢᠬᠤᠯᠠᠴᠢᠯᠠᠬᠤ  ᠶᠢᠨ ᠳᠠᠭᠠᠤ ᠳᠠᠯᠳᠠ ᠴᠢᠮᠡᠭ ᠢ ᠨᠡᠩ ᠢᠯᠡᠭᠦᠦ ᠬᠥᠨᠳᠦᠦᠨᠬᠡᠬᠦ ᠬᠡᠷᠡᠭᠲᠡᠢ᠃ ᠢᠯᠡ ᠵᠠᠰᠠᠯ  ᠠᠴᠠ ᠳᠠᠯᠳᠠ ᠴᠢᠮᠡᠭ ᠰᠠᠶᠢᠬᠠᠨ ᠪᠠᠶᠢᠳᠠᠭ  ᠃ ᠢᠯᠡ ᠵᠠᠰᠠᠯ ᠳᠠᠯᠳᠠ ᠴᠢᠮᠡᠭ ᠴᠦᠮ ᠴᠢᠬᠤᠯᠠ ᠪᠠᠶᠢᠳᠠᠭ  ᠃ ᠢᠯᠡ ᠵᠠᠰᠠᠯ ᠤᠨ ᠰᠠᠴᠠᠭᠤ  ᠪᠠᠷ ᠬᠥᠮᠥᠨ ᠤ ᠬᠠᠮᠤᠭ  ᠤᠨ ᠡᠷᠬᠢᠮ ᠳᠡᠭᠡᠳᠦ ᠢᠨᠦ ᠡᠶᠡᠯᠳᠡᠭ ᠵᠥᠬᠡᠯᠡᠨ ᠪᠣᠯᠪᠠᠰᠤᠨ ᠶᠣᠰᠤᠷᠬᠠᠭ ᠠᠭᠠᠰᠢ ᠵᠠᠩ ᠮᠦᠨ  ᠃ ᠬᠠᠯᠠᠭᠤᠨ ᠵᠥᠬᠡᠯᠡᠨ ᠬᠠᠷᠠᠴᠠ  ᠲᠠᠢ  ᠂ ᠬᠥᠩᠬᠡᠮᠰᠦᠭ ᠬᠥᠬᠡᠷᠦᠭᠡ ᠶᠠᠷᠢᠶ᠎ᠠ  ᠲᠠᠢ  ᠂ ᠭᠠᠴᠢᠬᠳᠠᠬᠰᠠᠨ ᠬᠥᠮᠥᠨ  ᠳᠤ ᠲᠤᠰᠠᠷᠬᠠᠭ ᠪᠠᠶᠢᠵᠤ  ᠂ ᠥᠷᠦᠭᠡᠯ  ᠢ ᠬᠦᠨᠳᠦᠦᠨᠬᠡᠨ᠂  ᠭᠠᠳᠠᠭᠤᠷᠴᠢᠯᠠᠵᠣ ᠦᠵᠡᠳᠡᠭ ᠦᠭᠡᠢ ᠵᠠᠩ ᠴᠢᠨᠠᠷ ᠪᠣᠯ ᠶᠠᠭᠤ  ᠲᠠᠢ ᠴᠤ ᠵᠦᠢᠷᠯᠡᠰᠢ ᠦᠭᠡᠢ ᠥᠨᠡᠳᠦ ᠴᠢᠮᠡᠭ ᠮᠦᠨ  ᠃ ᠦᠨᠡᠨ  ᠢ ᠬᠡᠯᠡᠬᠦ  ᠳᠤ  ᠂ ᠵᠠᠩ ᠴᠢᠨᠠᠷ  ᠤᠨ ᠰᠠᠶᠢᠬᠠᠨ  ᠢᠶᠠᠷ ᠬᠥᠮᠥᠨ  ᠤ ᠳᠤᠷ᠎ᠠ ᠰᠡᠦᠨᠬᠢᠯ   ᠢ ᠲᠠᠲᠠᠵᠤ ᠴᠢᠳᠠᠬᠤ   ᠠᠴᠠ ᠪᠢᠰᠢ ᠦᠨᠡᠳᠦ ᠡᠳ᠋ᠯᠡᠯ ᠠᠯᠲᠠ ᠮᠥᠩᠭᠦ   ᠪᠠᠷ ᠬᠥᠮᠥᠨ  ᠢ ᠲᠠᠲᠠᠨ᠎ᠠ ᠭᠡᠭᠴᠢ ᠬᠤᠯᠠ   ᠶᠢᠨ ᠬᠠᠷᠠᠯᠲᠠ ᠦᠭᠡᠢ ᠬᠤᠷᠤᠮ ᠵᠠᠭᠤᠷ᠎ᠠ  ᠶᠢᠨ ᠶᠠᠪᠤᠳᠠᠯ ᠪᠠᠶᠢᠵᠤ᠂ ᠵᠥᠨᠥᠭ ᠪᠣᠳᠤᠯ   ᠤᠨ ᠨᠢᠭᠡ ᠲᠡᠳᠦᠢ ᠶᠤᠮ  ᠃ ᠬᠥᠮᠥᠨ  ᠤ ᠥᠨ᠎ᠡ ᠴᠡᠨ᠎ᠡ  ᠨᠢ ᠵᠠᠩ ᠪᠣᠯᠣᠨ ᠴᠢᠨᠠᠷ  ᠲᠤ ᠪᠠᠨ ᠪᠠᠶᠢᠳᠠᠭ  ᠃ ᠲᠥᠪ ᠭᠤᠤᠯᠴᠢ ᠴᠢᠭᠡᠴᠢ ᠰᠢᠯᠤᠭᠤᠨ ᠵᠠᠩ  ᠲᠠᠢ ᠂ ᠡᠶᠡᠪᠡᠷᠭᠦᠦ ᠵᠥᠬᠡᠯᠡᠨ ᠡᠶᠡᠯᠳᠡᠭ ᠰᠠᠶᠢᠬᠠᠨ ᠠᠭᠠᠰᠢ  ᠲᠠᠢ  ᠂ ᠢᠴᠢᠬᠦ   ᠶᠢ ᠮᠡᠳᠡᠵᠦ ᠵᠣᠪᠠᠭ᠋ᠤ  ᠶᠢ ᠤᠢᠢᠯᠠᠭᠠᠳᠠᠭ ᠴᠡᠪᠡᠷ ᠠᠷᠢᠭᠤᠨ ᠪᠣᠳᠤᠯ   ᠲᠠᠢ  ᠂ ᠬᠤᠪᠢᠨᠴᠢᠷ ᠰᠢᠨᠤᠯ   ᠤᠨ ᠰᠡᠦᠨᠬᠢᠯ ᠦᠭᠡᠢ  ᠂ ᠥᠭᠬᠢᠶᠡᠮᠦᠷ ᠠᠭᠤᠵᠢᠭᠤ ᠰᠡᠦᠨᠬᠢᠯ  ᠲᠠᠢ᠂ ᠢᠲᠡᠭᠡᠯ ᠲᠦᠭᠦᠷᠡᠩ ᠬᠦᠰᠡᠯ ᠰᠠᠶᠢᠲᠠᠢ  ᠂ ᠥᠷᠦᠭᠡᠯ ᠪᠣᠰᠣᠤᠨ  ᠢ ᠥᠷᠦᠪᠳᠡᠵᠦ ᠬᠠᠶᠢᠷᠠᠯᠠᠬᠤ  ᠶᠢᠨ ᠳᠠᠭᠠᠤ ᠲᠤᠰᠠᠯᠠᠵᠤ ᠪᠠᠶᠢᠬᠤ ᠵᠡᠷᠭᠡ ᠪᠣᠯ ᠪᠡᠶ᠎ᠡ ᠰᠡᠦᠨᠬᠢᠯ ᠤᠨ ᠳᠡᠭᠡᠳᠦ ᠵᠡᠷᠭᠡ  ᠶᠢᠨ ᠴᠢᠮᠡᠭ ᠮᠦᠨ  ᠃ ᠡᠭᠦᠨ  ᠢᠶᠠᠷ ᠯᠠ ᠪᠡᠶ᠎ᠡ ᠰᠡᠦᠨᠬᠢᠯ  ᠢᠶᠠᠨ ᠴᠢᠮᠡᠵᠦ ᠶᠠᠪᠣᠬᠰᠠᠨ ᠴᠠᠭ  ᠲᠤ ᠴᠡᠩᠭᠡᠯ ᠵᠢᠷᠭᠠᠯ ᠵᠡᠷᠬᠡᠴᠡᠨ ᠰᠠᠭᠠᠲᠠᠵᠤ  ᠂ ᠨᠡᠶᠢᠭᠡᠮ ᠨᠡᠶᠢᠲᠡ ᠶᠢᠨ ᠥᠷᠭᠡᠨ ᠲᠠᠭᠠᠰᠢᠶᠠᠯ ᠬᠠᠯᠠᠭᠤᠨ ᠬᠦᠷᠢᠶᠡᠯᠡᠯ  ᠢ ᠣᠯᠬᠤ  ᠨᠢ ᠳᠠᠮᠵᠢᠭ ᠦᠭᠡᠢ  ᠃
 
ᠢᠷᠡᠯᠲᠡ᠄ ᠲᠦᠩᠯᠢᠶᠥᠥ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号