ᠥᠨᠥ ᠵᠢᠯ ᠵᠡᠬᠦᠨ ᠥᠵᠥᠮᠥᠴᠢᠨ ᠬᠤᠰᠢᠭᠤᠨ ᠳᠤ ᠨᠠᠷᠠ ᠬᠤᠷ᠎ᠠ ᠲᠡᠭᠰᠢ᠂ ᠪᠡᠯᠴᠢᠭᠡᠷ ᠤᠨ ᠤᠷᠭᠤᠴᠠ ᠰᠠᠶᠢᠨ | ᠪᠤᠯᠬᠤᠷ ᠬᠠᠲᠤᠯᠠᠩ ᠤᠨ ᠭᠠᠷᠤᠯᠲᠠ ᠴᠥ ᠶᠡᠭᠡ ᠪᠠᠶᠢᠵᠥ᠂ ᠮᠠᠯᠴᠢᠳ ᠮᠠᠨᠢ ᠤᠲᠤ ᠶᠠᠭ ᠬᠠᠲᠤᠯᠠᠩ ᠤᠨ | ᠠᠵᠢᠯ ᠳᠤ ᠪᠠᠨ ᠶᠠᠭᠠᠷᠠᠯᠲᠤᠨ᠎ᠠ᠃ | ᠤᠢᠢᠯᠠᠭᠠᠭᠰᠠᠠ ᠢᠶᠠᠷ᠂ ᠲᠤᠰ ᠬᠤᠰᠢᠭᠤᠨ ᠤ ᠪᠠᠶᠢᠭᠠᠯᠢᠯᠢᠭ ᠪᠡᠯᠴᠢᠭᠡᠷ ᠤᠨ ᠲᠠᠯᠠᠪᠠᠢ 5918.57 ᠲᠥᠮᠡᠨ | ᠮᠥ ᠪᠠᠶᠢᠵᠥ᠂ ᠡᠬᠦᠨ ᠳᠤ ᠠᠰᠢᠭᠯᠠᠵᠥ ᠪᠤᠯᠬᠤᠢᠢᠴᠠ ᠪᠡᠯᠴᠢᠭᠡᠷ ᠤᠨ ᠲᠠᠯᠠᠪᠠᠢ 5690.86 ᠲᠥᠮᠡᠨ ᠮᠥ᠂ | ᠪᠠᠶᠢᠭᠠᠯᠢᠯᠢᠭ ᠬᠠᠲᠤᠯᠠᠩ ᠤᠨ ᠲᠠᠯᠠᠪᠠᠢ 940 ᠲᠥᠮᠡᠨ ᠮᠥ ᠪᠤᠢ᠃ ᠡᠪᠡᠰᠥ ᠬᠠᠲᠤᠵᠥ ᠨᠥᠭᠡᠴᠡᠯᠡᠬᠦ ᠠᠵᠢᠯ | ᠡᠬᠢᠯᠡᠭᠰᠡᠨ ᠠᠴᠠ ᠨᠠᠭᠠᠰᠢ᠂ ᠲᠤᠰ ᠬᠤᠰᠢᠭᠤ ᠠᠮᠢ ᠠᠬᠤᠢ ᠶᠢᠨ ᠬᠠᠮᠠᠭᠠᠯᠠᠯᠳᠠ ᠶᠢ ᠲᠡᠷᠢᠬᠦᠨ ᠪᠠᠶᠢᠷᠢᠨ ᠳᠤ | ᠲᠠᠯᠪᠢᠬᠤ ᠶᠢ ᠪᠠᠷᠢᠮᠲᠠᠯᠠᠨ᠂ ᠪᠤᠬᠢᠷᠲᠤᠯ ᠥᠭᠡᠢ ᠬᠥᠭᠵᠢᠯᠲᠠ ᠶᠢᠨ ᠤᠢᠢᠯᠠᠭᠠᠭᠲᠠᠬᠤᠨ ᠢ ᠥᠢᠯᠡᠲᠥᠯᠭᠡᠵᠢᠬᠦᠯᠵᠥ᠂ ︽ | ᠵᠡᠬᠦᠨ ᠥᠵᠥᠮᠥᠴᠢᠨ ᠬᠤᠰᠢᠭᠤᠨ ᠤ ᠡᠪᠡᠰᠥ ᠬᠠᠲᠤᠵᠥ ᠨᠥᠭᠡᠴᠡᠯᠡᠬᠦ ᠬᠠᠮᠢᠶᠠᠷᠤᠯᠲᠠ ᠶᠢᠨ ᠠᠷᠭ᠎ᠠ︾ ᠶᠢ ᠴᠢᠩᠭ᠎ᠠ | ᠬᠡᠷᠡᠭᠵᠢᠬᠦᠯᠵᠥ᠂ ᠪᠥᠬᠦ ᠬᠤᠰᠢᠭᠤᠨ ᠤ ᠬᠠᠲᠤᠯᠠᠩ ᠤᠨ ᠠᠵᠢᠯᠲᠠᠨ ᠤ ᠬᠠᠮᠢᠶᠠᠷᠤᠯᠲᠠ ᠶᠢᠨ ᠠᠷᠭ᠎ᠠ ᠪᠠ | ᠠᠵᠢᠯᠯᠠᠭᠠᠨ ᠤ ᠲᠥᠷᠢᠮ ᠶᠤᠰᠤᠭᠠᠷ ᠬᠠᠲᠤᠯᠠᠩ ᠬᠠᠲᠤᠬᠤ ᠠᠵᠢᠯ ᠳᠤ ᠴᠢᠩᠭ᠎ᠠ ᠬᠢᠨᠠᠯᠲᠠ ᠲᠠᠯᠪᠢᠵᠥ ᠪᠤᠢ᠃ | ᠭᠤᠤᠯᠳᠠᠭᠤ ᠬᠠᠲᠤᠯᠠᠩ ᠤᠨ ᠲᠠᠯᠠᠪᠠᠢ ᠶᠢ ᠲᠤᠭᠤᠷᠢᠨ ᠪᠠᠶᠢᠴᠠᠭᠠᠬᠤ ᠡᠷᠴᠢᠮ ᠢᠶᠠᠨ ᠴᠢᠩᠭᠠᠷᠠᠭᠤᠯᠵᠥ᠂ | ᠭᠤᠤᠯᠲᠠᠯᠭ᠎ᠠ ᠲᠠᠢ ᠤᠷᠤᠨ ᠲᠤᠭᠤᠷᠢᠭ ᠲᠤ ᠪᠠᠶᠢᠡᠭᠭᠤ ᠶᠢᠨ ᠴᠢᠨᠠᠷᠲᠠᠢ ᠪᠠᠶᠢᠴᠠᠭᠠᠯᠲᠠ ᠬᠢᠵᠥ᠂ ᠲᠥᠷᠢᠮ ᠠᠴᠠ | ᠵᠥᠷᠢᠴᠡᠵᠥ ᠬᠠᠲᠤᠬᠤ ᠳᠤ ᠬᠢᠨᠠᠯᠲᠠ ᠲᠠᠯᠪᠢᠬᠤ ᠪᠠ ᠭᠠᠯ ᠰᠡᠷᠭᠡᠶᠢᠯᠡᠬᠦ ᠠᠵᠢᠯ ᠢ ᠴᠢᠩᠭᠠᠳᠬᠠᠬᠤ ᠶᠢᠨ ᠬᠠᠮᠲᠤ | ᠪᠠᠶᠢᠭᠠᠯᠢᠯᠢᠭ ᠬᠠᠲᠤᠯᠠᠩ ᠤᠨ ᠲᠠᠯᠠᠪᠠᠢ ᠶᠢ ᠬᠠᠮᠠᠭᠠᠯᠠᠵᠤ ᠠᠰᠢᠭᠯᠠᠬᠤ ᠬᠠᠮᠢᠶ᠎ᠠ ᠪᠥᠬᠦᠢ ᠲᠥᠷᠢᠮ ᠲᠤᠭᠲᠠᠭᠠᠯ ᠪᠤᠯᠤᠨ | ᠲᠥᠷᠥ ᠶᠢᠨ ᠪᠤᠲᠤᠯᠭ᠎ᠠ ᠶᠢ ᠥᠷᠭᠡᠨ ᠢᠶᠠᠷ ᠤᠬᠠᠭᠤᠯᠵᠥ᠂ ᠡᠪᠡᠰᠥ ᠬᠠᠲᠤᠬᠤ ᠠᠵᠢᠯ ᠤᠨ ᠬᠠᠤᠯᠢ ᠲᠤᠭᠲᠠᠭᠠᠯ | ᠶᠤᠰᠤᠭᠠᠷ ᠡᠷᠴᠢᠮᠲᠠᠢ ᠶᠠᠪᠤᠭᠲᠠᠬᠤ ᠶᠢ ᠪᠠᠲᠤᠯᠠᠵᠥ ᠪᠠᠶᠢᠨ᠎ᠠ᠃ | | | |