ᠶᠤᠸᠠᠨ ᠤ ᠳᠡᠭᠡᠳᠦ ᠨᠡᠶᠢᠰᠯᠡᠯ ᠱᠠᠩᠳᠤ
ᠨᠡᠶᠢᠲᠡᠯᠡᠭᠰᠡᠨ ᠴᠠᠭ᠄
2021/8/4
    ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ  ᠵᠠᠰᠠᠭ ᠤᠨ  ᠣᠷᠳᠣᠨ ᠠᠴᠠ ᠵᠣᠬᠢᠶᠠᠨ ᠪᠠᠶᠢᠭᠤᠯᠤᠭᠰᠠᠨ ᠣᠯᠠᠨ ᠤᠯᠤᠰ ᠤᠨ ᠰᠤᠷᠪᠤᠯᠵᠢᠯᠠᠭᠴᠢᠳ ᠤᠨ ᠬᠠᠮᠲᠤᠷᠠᠭᠰᠠᠨ ᠰᠤᠷᠪᠤᠯᠵᠢᠯᠠᠭ᠎ᠠ ᠶᠢᠨ ᠪᠠᠭ ᠤᠨ ᠬᠢᠨ ᠶᠤᠸᠠᠨ ᠤ ᠳᠡᠭᠡᠳᠦ   ᠨᠡᠶᠢᠰᠯᠡᠯ  ᠱᠠᠩᠳᠤ  ᠪᠠᠯᠭᠠᠰᠤᠨ ᠳᠤ   ᠬᠦᠷᠦᠯ᠎ᠡ᠃ ᠡᠨᠡ  ᠪᠣᠯ  ᠶᠤᠸᠠᠨ  ᠭᠦᠷᠦᠨ ᠤ  ᠦᠶ᠎ᠡ ᠶᠢᠨ ᠬᠤᠲᠠ ᠶᠢᠨ ᠥᠪ   ᠳᠤᠷᠠᠰᠬᠠᠯ ᠳᠤᠳᠤᠷ᠎ᠠ ᠬᠠᠮᠤᠭ ᠤᠨ ᠡᠷᠲᠡᠨ ᠤ᠂ ᠬᠠᠮᠤᠭ ᠤᠨ ᠤᠷᠲᠤ ᠤᠳᠠᠭᠠᠨ ᠲᠡᠦᠬᠡ ᠲᠠᠢ᠂ ᠬᠠᠮᠤᠭ ᠤᠨ ᠪᠦᠷᠢᠨ   ᠬᠠᠳᠠᠭᠠᠯᠠᠭᠳᠠᠭᠰᠠᠨ ᠪᠠᠭᠤᠷᠢ  ᠶᠤᠮ᠃ ᠵᠢᠯ  ᠪᠦᠷᠢ ᠶᠢᠨ ᠪᠢᠯᠢᠭ ᠤᠨ ᠲᠣᠭᠠᠯᠠᠯ ᠤᠨ  ᠳᠦᠷᠪᠡ ᠠᠴᠠ ᠵᠢᠷᠭᠤᠳᠤᠭᠠᠷ ᠰᠠᠷ᠎ᠠ ᠳᠤ  ᠶᠡᠭᠡ  ᠬᠠᠭᠠᠨ ᠵᠤᠰᠠᠳᠠᠭ ᠪᠠᠶᠢᠭᠰᠠᠨ  ᠤᠯᠤᠰ  ᠲᠥᠷᠥ  ᠂ ᠡᠳ᠋ ᠤᠨ  ᠵᠠᠰᠠᠭ ᠤᠨ  ᠲᠥᠪ  ᠪᠢᠯᠡ᠃  ᠠᠳᠡ  ᠮᠠᠰᠢ  ᠣᠯᠠᠨ ᠣᠷᠣᠨ ᠤ  ᠡᠯᠴᠢ  ᠲᠥᠯᠥᠭᠡᠯᠡᠭᠴᠢᠳ   ᠢ  ᠲᠥᠷᠥ ᠶᠢᠨ  ᠶᠣᠰᠣ ᠪᠠᠷ    ᠬᠦᠯᠢᠶᠡᠨ ᠠᠪᠴᠤ  ᠪᠠᠶᠢᠭᠰᠠᠨ  ᠲᠤᠬᠠᠢ  ᠲᠡᠦᠬᠡ ᠶᠢᠨ ᠰᠤᠷᠪᠤᠯᠵᠢ ᠳᠤ ᠣᠯᠠᠨᠲᠠ ᠭᠠᠷᠳᠠᠭ᠃ ᠬᠤᠪᠢᠯᠠᠢ  ᠰᠡᠴᠡᠨ ᠠᠴᠠ ᠭᠠᠳᠠᠨ᠎ᠠ  ᠂  ᠮᠣᠩᠭᠤᠯ  ᠲᠥᠷᠥ ᠶᠢᠨ  ᠲᠠᠪᠤᠨ  ᠶᠡᠭᠡ  ᠬᠠᠭᠠᠨ  ᠰᠡᠨᠳᠡᠢ  ᠳᠤ ᠡᠷᠭᠦᠮᠵᠢᠯᠡᠭᠳᠡᠭᠰᠡᠨ ᠶᠡᠭᠡ  ᠮᠣᠩᠭᠤᠯ ᠤᠨ  ᠲᠡᠦᠬᠡᠨ ᠳᠤ ᠣᠨᠴᠠᠭᠠᠢ ᠤᠯᠠ ᠮᠥᠷ ᠢ  ᠦᠯᠡᠳᠡᠭᠡᠭᠰᠡᠨ   ᠭᠠᠵᠠᠷ  ᠃  ᠱᠠᠩᠳᠤ ᠭᠡᠳᠡᠭ ᠨᠡᠷ᠎ᠡ ᠪᠠᠷ ᠢᠶᠠᠨ ᠳᠡᠯᠡᠬᠡᠢ ᠳᠤ  ᠠᠯᠳᠠᠷᠰᠢᠵᠤ  ᠂ ᠣᠷᠴᠢᠨ  ᠦᠶ᠎ᠡ ᠶᠢᠨ  ᠤᠷᠠᠨ   ᠵᠣᠬᠢᠶᠠᠯ᠂ ᠤᠷᠠᠯᠢᠭ ᠤᠨ  ᠰᠠᠯᠪᠤᠷᠢ ᠳᠤ ᠲᠣᠳᠣ ᠳᠤᠷᠠᠰᠬᠠᠯ ᠦᠯᠡᠳᠡᠭᠡᠵᠡᠢ᠃     ᠡᠨᠡ  ᠭᠠᠵᠠᠷ  1964  ᠣᠨ ᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠲᠡᠦᠬᠡ ᠰᠣᠶᠣᠯ ᠤᠨ  ᠳᠤᠷᠠᠰᠬᠠᠯᠲᠤ   ᠵᠦᠢᠯᠡᠰ ᠢ  ᠬᠠᠮᠠᠭᠠᠯᠠᠬᠤ  ᠵᠢᠭᠰᠠᠭᠠᠯᠲᠠ᠂ 1988  ᠣᠨ ᠳᠤ   ᠳᠤᠮᠳᠠᠳᠤ ᠤᠯᠤᠰ ᠤᠨ ᠣᠨᠴᠠᠭᠠᠢ ᠥᠪ ᠲᠤ  ᠪᠦᠷᠢᠳᠬᠡᠭᠳᠡᠭᠰᠡᠨ᠃ 2012  ᠣᠨ ᠳᠤ ᠶᠤᠨᠧᠰᠺᠤ ᠶᠢᠨ ᠰᠣᠶᠣᠯ ᠤᠨ  ᠥᠪ ᠤᠨ ᠵᠢᠭᠰᠠᠭᠠᠯᠲᠠ ᠳᠤ ᠣᠷᠣᠭᠰᠠᠨ  ᠃ 2015 ᠣᠨ ᠳᠤ  ᠤᠯᠤᠰ ᠤᠨ 4А  ᠵᠡᠷᠭᠡᠯᠡᠯ ᠤᠨ  ᠪᠦᠰᠡ  ᠪᠣᠯᠵᠤ  ᠂ 2019 ᠣᠨ ᠳᠤ  ᠤᠯᠤᠰ ᠤᠨ ᠠᠶᠠᠯᠠᠯ ᠵᠢᠭᠤᠯᠴᠢᠯᠠᠯ ᠤᠨ  ᠦᠢᠯᠡᠴᠢᠯᠡᠭᠡᠨ ᠤ ᠪᠠᠷᠢᠮᠵᠢᠶ᠎ᠠ ᠶᠢ ᠬᠠᠩᠭᠠᠭᠰᠠᠨ ᠲᠤᠷᠰᠢᠯᠲᠠ ᠶᠢᠨ ᠪᠦᠰᠡ ᠪᠣᠯᠣᠭᠰᠠᠨ᠃ ᠲᠤᠰ ᠭᠠᠵᠠᠷ ᠠᠴᠠ ᠤᠷᠤᠭᠰᠢ 5  ᠺᠢᠯᠤᠮᠧᠲᠷ ᠲᠤ ᠪᠠᠶᠢᠬᠤ ᠤᠯᠠᠭᠠᠨᠳᠠᠢ ᠣᠪᠣᠭᠠᠨ ᠤ  ᠵᠡᠭᠦᠨ ᠬᠤᠷᠮᠣᠢ ᠳᠤ   ᠪᠠᠶᠢᠷᠢᠯᠠᠬᠤ  ᠰᠣᠶᠣᠯ ᠤᠨ ᠥᠪ ᠤᠨ ᠮᠦᠽᠧᠢ ᠳᠤ   ᠰᠤᠷᠪᠤᠯᠵᠢᠯᠠᠭᠴᠢᠳ ᠮᠥᠨ ᠰᠠᠭᠠᠲᠠᠭᠰᠠᠨ  ᠶᠤᠮ᠃ 2011 ᠣᠨ  ᠠᠴᠠ ᠳᠤᠮᠳᠠᠳᠤ ᠤᠯᠤᠰ ᠤᠨ ᠪᠠᠷᠢᠯᠭᠠᠴᠢᠳ  ᠤᠨ ᠰᠤᠳᠤᠯᠭᠠᠨ ᠤ ᠬᠦᠷᠢᠶᠡᠯᠡᠩ ᠤᠨ ᠵᠢᠷᠤᠭ ᠲᠥᠰᠥᠯ ᠢᠶᠠᠷ ᠪᠠᠷᠢᠭᠳᠠᠵᠤ᠂ 2016 ᠣᠨ ᠳᠤ ᠠᠯᠪᠠᠨ ᠶᠣᠰᠣᠨ ᠤ ᠨᠡᠭᠡᠭᠡᠯᠲᠡ ᠪᠠᠨ ᠬᠢᠭᠰᠡᠨ ᠡᠨᠡ ᠬᠦ ᠮᠦᠽᠧᠢ ᠶᠢᠨ ᠨᠡᠶᠢᠲᠡ ᠲᠠᠯᠠᠪᠠᠢ ᠨᠢ  6991 ᠺᠤᠸᠠᠲ ᠮᠧᠲᠷ᠃ ᠠᠳᠡ ᠡᠷᠲᠡᠨ ᠤ ᠲᠡᠦᠬᠡ ᠶᠢᠨ ᠳᠤᠷᠠᠰᠬᠠᠯ  ᠪᠣᠯᠬᠤ ᠱᠠᠩᠳᠤ ᠨᠡᠶᠢᠰᠯᠡᠯ ᠤᠨ ᠲᠤᠬᠠᠢ ᠰᠢᠰᠲ᠋ᠧᠮ ᠲᠠᠢ ᠲᠠᠨᠢᠯᠴᠠᠭᠤᠯᠭ᠎ᠠ ᠮᠡᠳᠡᠭᠡᠯᠡᠯ ᠢ ᠣᠯᠭᠤᠬᠤ ᠪᠦᠬᠦᠢ ᠯᠡ ᠵᠦᠢᠯ ᠢ ᠣᠷᠴᠢᠨ ᠦᠶ᠎ᠡ ᠶᠢᠨ ᠬᠡᠯᠪᠡᠷᠢ ᠪᠠᠷ   ᠪᠠᠶᠢᠷᠢᠰᠢᠭᠤᠯᠤᠭᠰᠠᠨ ᠨᠢ ᠲᠤᠬᠠᠢ ᠶᠢᠨ ᠭᠠᠵᠠᠷ ᠢ ᠵᠣᠷᠢᠵᠤ ᠢᠷᠡᠳᠡᠭ ᠵᠢᠭᠤᠯᠴᠢᠳ ᠤᠨ ᠲᠠᠯᠠᠷᠬᠠᠯ ᠢ ᠶᠡᠬᠡᠬᠡᠨ ᠬᠦᠯᠢᠶᠡᠳᠡᠭ ᠠᠵᠢ  ᠃
 
ᠢᠷᠡᠯᠲᠡ᠄ ᠲᠦᠪ ᠲᠧᠯᠸᠢᠰ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号