ᠳᠦᠰᠦᠪ ᠳᠦᠯᠦᠪᠯᠡᠭᠡ ᠪᠠᠷ ᠳᠦᠰᠦᠭᠡᠯᠡᠭᠰᠡᠨ ᠠᠮᠢᠳᠤᠷᠠᠯ ᠪᠡᠶᠡᠯᠡᠨ᠎ᠡ
ᠨᠡᠶᠢᠲᠡᠯᠡᠭᠰᠡᠨ ᠴᠠᠭ᠄
2021/8/31
    ᠮᠠᠯᠵᠢᠬᠤ ᠦᠢᠯᠡᠳᠪᠤᠷᠢᠯᠡᠯ ᠡᠵᠡᠩᠨᠡᠵᠦ ᠪᠠᠶᠢᠭ᠎ᠠ ᠬᠦᠮᠦᠰ ᠲᠤ ᠮᠠᠰᠢ ᠴᠢᠬᠤᠯᠠ ᠨᠢᠭᠡᠨ ᠵᠦᠢᠯ ᠪᠠᠶᠢᠳᠠᠭ ᠨᠢ ᠳᠦᠰᠦᠪ ᠳᠦᠯᠦᠪᠯᠡᠭᠡ ᠪᠢᠯᠡ᠃ ᠵᠠᠷᠢᠮ ᠠᠶᠢᠯ ᠨᠢ ᠵᠢᠯ ᠵᠢᠯ ᠳᠦᠰᠦᠪ ᠳᠦᠯᠦᠪᠯᠡᠭᠡ ᠪᠠᠨ ᠳᠤᠭᠳᠠᠭᠠᠵᠦ᠂ ᠳᠡᠬᠦᠨ ᠢᠶᠠᠷ ᠢᠶᠠᠨ ᠤᠳᠤᠷᠢᠳᠤᠭᠤᠯᠤᠨ ᠶᠠᠪᠤᠵᠦ ᠶᠠᠭ ᠯᠡ ᠵᠠᠮᠴᠢ ᠲᠠᠢ ᠶᠤᠮ ᠰᠢᠭ᠋ ᠪᠠᠶᠢᠳᠠᠭ᠃ ᠳᠦᠰᠦᠪ ᠳᠦᠯᠤᠪᠯᠡᠭᠡ ᠨᠢ ᠳᠦᠰᠦᠭᠡᠯᠡᠯ ᠳᠡᠳᠦᠢ ᠬᠤᠭᠤᠰᠤᠨ ᠮᠡᠳᠦ ᠰᠠᠨᠠᠭᠳᠠᠬᠤ ᠦᠶ᠎ᠡ ᠪᠠᠶᠢᠳᠠᠬ ᠪᠤᠯᠪᠠᠴᠦ ᠬᠦᠮᠦᠨ ᠢ ᠬᠦᠳᠦᠯᠦᠨ ᠳᠠᠭᠠᠭᠤᠯᠬᠤ ᠳᠠᠯ᠎ᠠ ᠨᠢ ᠢᠯᠡᠬᠦᠦ ᠪᠠᠶᠢᠳᠠᠭ᠃ ᠵᠢᠯ ᠤᠨ ᠳᠦᠰᠦᠪ ᠳᠦᠯᠤᠪᠯᠡᠭᠡ ᠳᠤᠭᠳᠠᠭᠠᠬᠤ ᠳᠡᠳᠦᠢ ᠦᠭᠡᠢ᠂ ᠵᠠᠷᠢᠮ ᠠᠶᠢᠯ ᠨᠢ ᠤᠯᠠᠷᠢᠯ ᠤᠨ᠂ ᠰᠠᠷ᠎ᠠ ᠶᠢᠨ ᠳᠦᠰᠦᠪ ᠳᠦᠯᠤᠪᠯᠡᠭᠡ ᠪᠠᠨ ᠵᠤᠬᠢᠶᠠᠵᠦ ᠠᠮᠢᠳᠤᠷᠠᠯ ᠳᠤ ᠪᠠᠨ ᠤᠯᠠᠮ ᠨᠠᠷᠢᠯᠢᠭᠵᠢᠭᠤᠯᠤᠨ ᠭᠡᠷᠡᠭᠵᠢᠬᠦᠯᠵᠦ ᠪᠠᠶᠢᠳᠠᠭ ᠶᠤᠮ᠃     ᠶᠠᠷᠢᠶᠠᠨ ᠦᠭᠡᠢ ᠳᠦᠰᠦᠪᠯᠡᠭᠰᠡᠨ ᠪᠦᠬᠦᠨ ᠯᠠᠪᠳᠠᠢ ᠪᠡᠶᠡᠯᠡᠨ᠎ᠡ ᠭᠡᠵᠦ ᠬᠡᠯᠡᠬᠦ ᠶᠢᠨ ᠠᠷᠭ᠎ᠠ ᠦᠭᠡᠢ᠂ ᠳᠦᠯᠦᠪᠯᠡᠭᠡ ᠳᠦᠭᠡᠷᠢᠬᠦ ᠤᠴᠢᠷ ᠴᠦ ᠪᠠᠶᠢᠳᠠᠭ᠃ ᠭᠡᠬᠦ ᠳᠤ ᠪᠠᠨ ᠠᠯᠢᠪᠠ ᠶᠠᠭᠤᠮᠠᠨ ᠳᠤ ᠬᠡᠳᠦᠨ ᠳᠠᠯ᠎ᠠ ᠲᠠᠢ ᠶᠢᠨ ᠤᠴᠢᠷ ᠡᠨᠡ ᠪᠤᠯ ᠤᠢᠢᠯᠠᠭᠠᠵᠦ ᠪᠤᠯᠬᠤ ᠯᠡ ᠤᠴᠢᠷ ᠶᠤᠮ᠃ ᠳᠡᠭᠡᠭᠡᠳ ᠴᠤ ᠤᠯᠠᠨ ᠵᠢᠯ ᠤᠨ ᠳᠤᠷᠰᠢ ᠳᠦᠰᠦᠪ ᠳᠦᠯᠤᠪᠯᠡᠭᠡ ᠵᠤᠬᠢᠶᠠᠵᠦ ᠦᠪᠡᠷ ᠲᠠᠢ ᠪᠠᠨ ᠠᠵᠢᠯᠯᠠᠵᠦ ᠴᠢᠳᠠᠭᠰᠠᠨ ᠬᠦᠮᠦᠨ ᠤ ᠳᠦᠰᠦᠪ ᠳᠦᠯᠦᠪᠯᠡᠭᠡ ᠬᠤᠭᠤᠰᠤᠳᠠᠬᠤ ᠨᠢ ᠴᠦᠭᠡᠨ ᠪᠠᠶᠢᠳᠠᠭ᠃ ᠠᠮᠢᠳᠤᠷᠠᠯ ᠳᠤ ᠡᠪ ᠵᠦᠢ ᠪᠠᠨ ᠤᠯᠬᠤ᠂ ᠦᠪᠡᠷ ᠤᠨ ᠢᠶᠠᠨ ᠪᠠᠶᠢᠷᠢ ᠪᠠᠶᠢᠴᠠ ᠪᠠᠨ ᠮᠡᠳᠡᠬᠦ᠂ ᠬᠦᠷᠴᠦ ᠴᠢᠳᠠᠬᠤ ᠶᠠᠭᠤᠮᠠᠨ ᠳᠤ ᠯᠡ ᠤᠬᠠᠭᠠᠨ ᠢᠶᠠᠨ ᠠᠵᠢᠯᠯᠠᠭᠤᠯᠵᠦ ᠴᠢᠳᠠᠬᠤ ᠭᠡᠳ ᠶᠡᠭᠡ ᠤᠯᠠᠨ ᠢ ᠵᠤᠬᠢᠴᠠᠭᠤᠯᠵᠦ ᠴᠢᠳᠠᠭᠰᠠᠨ ᠢᠶᠠᠷ ᠢᠶᠠᠨ ᠳᠦᠰᠦᠪ ᠳᠦᠯᠦᠪᠯᠡᠭᠡ ᠶᠢᠨ ᠢᠶᠠᠨ ᠳᠠᠭᠠᠤ ᠳᠦᠰᠦᠭᠡᠯᠡᠭᠰᠡᠨ ᠪᠦᠬᠦᠨ ᠳᠤ ᠪᠠᠨ ᠬᠦᠷᠴᠢᠭᠡᠭᠰᠡᠨ ᠪᠠᠶᠢᠳᠠᠭ ᠶᠣᠮ᠃ ᠳᠦᠰᠦᠪ ᠳᠦᠯᠤᠪᠯᠡᠭᠡ ᠪᠠᠨ ᠳᠤᠭᠳᠠᠭᠠᠭᠠᠳ ᠢᠷᠡᠪᠡᠯ ᠬᠦᠮᠦᠨ ᠬᠦᠰᠡᠯ ᠮᠦᠷᠦᠭᠡᠳᠦᠯ ᠲᠠᠢ ᠪᠤᠯᠤᠯ᠎ᠠ ᠭᠡᠰᠡᠨ ᠦᠭᠡ᠃ ᠬᠦᠮᠦᠨ ᠶᠡᠷᠦ ᠨᠢ ᠬᠦᠰᠡᠯ ᠮᠦᠷᠦᠭᠡᠳᠦᠯ ᠳᠤ ᠪᠠᠨ ᠬᠦᠳᠦᠯᠦᠭᠳᠡᠵᠦ ᠶᠠᠪᠤᠳᠠᠭ ᠪᠢᠯᠡ᠃ ᠶᠠᠮᠠᠷ ᠨᠢᠭᠡᠨ ᠵᠦᠢᠯ ᠳᠤ ᠬᠦᠷᠬᠦ ᠶᠤᠮᠰᠠᠨ ᠭᠡᠳᠡᠭ ᠪᠤᠳᠤᠯ ᠨᠢ ᠬᠦᠮᠦᠨ ᠢ ᠤᠳᠤᠷᠢᠳᠤᠨ ᠳᠠᠭᠠᠭᠤᠯᠵᠦ ᠰᠠᠨᠠᠭᠰᠠᠨ ᠵᠤᠷᠢᠭᠰᠠᠨ ᠳᠤ ᠨᠢ ᠬᠦᠷᠭᠡᠳᠡᠭ᠃ ᠦᠷᠬᠦᠯᠵᠢ ᠰᠠᠶᠢᠨ ᠰᠠᠶᠢᠬᠠᠨ ᠤ ᠵᠦᠭ ᠳᠡᠮᠡᠤᠯᠦᠭᠴᠢ ᠬᠦᠮᠦᠨ ᠳᠤ ᠵᠠᠮ ᠬᠡᠷᠡᠭᠳᠡᠢ᠃ ᠵᠠᠮ ᠢᠶᠠᠨ ᠦᠪᠡᠷ ᠢᠶᠠᠨ ᠵᠠᠰᠠᠬᠤ ᠤᠴᠢᠷᠳᠠᠢ᠃ ᠰᠢᠯᠤᠭᠤᠬᠠᠨ ᠵᠠᠮ ᠢᠶᠠᠷ ᠰᠠᠭᠠᠳ ᠦᠭᠡᠢ ᠠᠶᠠᠯᠠᠵᠦ ᠪᠤᠯᠳᠠᠭ ᠨᠢ ᠬᠡᠨ ᠢᠶᠠᠷ ᠴᠤ ᠵᠢᠭᠠᠯᠭᠠᠬᠤ ᠬᠡᠷᠡᠭ ᠦᠭᠡᠢ ᠶᠤᠰᠦ᠃ ᠵᠠᠮ ᠳᠠᠷᠳᠠᠩ ᠪᠤᠯᠬᠤ ᠳᠤᠳᠤᠮ ᠬᠤᠷᠳᠤᠨ ᠠᠶᠠᠯᠠᠨ᠎ᠠ᠂ ᠬᠤᠯᠠ ᠠᠶᠠᠯᠠᠨ᠎ᠠ᠃ ᠵᠠᠮ ᠤᠨ ᠦᠵᠦᠬᠦᠷ ᠲᠤ ᠰᠠᠨᠠᠭᠰᠠᠨ ᠪᠤᠳᠤᠭᠰᠠᠨ ᠢᠶᠠᠨ ᠤᠯᠤᠭᠠᠳ ᠠᠬᠢᠭᠠᠳ ᠨᠡᠩ ᠰᠠᠶᠢᠨ ᠰᠠᠶᠢᠬᠠᠨ ᠤ ᠳᠦᠯᠦᠭᠡᠬᠢ ᠳᠦᠰᠦᠪ ᠳᠦᠯᠦᠪᠯᠡᠭᠡ ᠪᠠᠨ ᠪᠢᠴᠢᠭᠯᠡᠵᠦ ᠤᠷᠤᠭᠰᠢᠯᠠᠨ᠎ᠠ᠃ ᠠᠮᠢᠳᠤᠷᠠᠯ ᠪᠤᠯ ᠠᠬᠢᠨ ᠳᠠᠪᠰᠢᠬᠤ ᠠᠶᠠᠨ ᠭᠡᠳᠡᠭ ᠢ ᠬᠦᠮᠦᠨ ᠦᠪᠡᠷ ᠢᠶᠠᠨ ᠯᠡ ᠪᠤᠳᠤᠵᠦ ᠰᠡᠳᠬᠢᠵᠦ ᠬᠡᠯᠡᠵᠦ ᠶᠠᠷᠢᠵᠦ ᠠᠶᠠᠯᠠᠳᠠᠭ᠃ ᠳᠡᠷᠡ ᠳᠤᠮᠳᠠ ᠰᠠᠶᠢᠬᠠᠨ ᠳᠦᠰᠦᠪ ᠬᠦᠮᠦᠨ ᠢ ᠪᠠᠶᠢᠡᠭᠭᠤ ᠬᠤᠷᠴᠠᠯᠠᠵᠦ ᠳᠠᠶᠢᠴᠢᠯᠠᠳᠠᠭ ᠨᠢ ᠦᠨᠡᠨ ᠪᠢᠯᠡ᠃ ᠶᠠᠷᠢᠶᠠᠨ ᠦᠭᠡᠢ ᠳᠦᠰᠦᠪ ᠳᠦᠯᠦᠪᠯᠡᠭᠡ ᠳᠤᠭᠳᠠᠭᠠᠬᠤ ᠨᠢ ᠵᠠᠷᠢᠮ ᠬᠦᠮᠦᠨ ᠳᠤ ᠶᠠᠷᠰᠢᠭ ᠳᠦᠪᠡᠭ ᠲᠠᠢ ᠰᠠᠨᠠᠭᠳᠠᠬᠤ ᠤᠴᠢᠷ ᠪᠤᠢ᠃ ᠵᠦᠭᠡᠷ ᠯᠡ ᠵᠦᠡᠭ ᠢᠶᠠᠷ ᠢᠶᠠᠨ ᠶᠠᠭᠤ ᠳᠠᠭᠠᠷᠠᠪᠠᠯ ᠶᠠᠭᠤ ᠶᠢ ᠬᠦᠯᠢᠶᠡᠭᠡᠳ ᠠᠪᠴᠢᠬᠠᠭᠰᠠᠨ ᠬᠦᠮᠦᠨ ᠴᠤ ᠪᠠᠶᠢᠳᠠᠭ᠃ ᠭᠡᠬᠦ ᠳᠤ ᠪᠠᠨ ᠳᠦᠰᠦᠪ ᠳᠦᠯᠦᠪᠯᠡᠭᠡ ᠶᠢ ᠪᠡᠶᠡᠯᠡᠭᠳᠡᠬᠦ ᠪᠠᠷ ᠰᠠᠶᠢᠬᠠᠨ ᠵᠤᠬᠢᠶᠠᠵᠦ ᠴᠢᠳᠠᠬᠤ ᠶᠤᠮ ᠪᠤᠯ ᠠᠮᠢᠳᠤᠷᠠᠯ ᠤᠯᠠᠮ ᠰᠤᠯᠤᠩᠭ᠎ᠠ ᠰᠢᠭ᠋ ᠢᠯᠭᠠᠷᠠᠨ ᠤᠷᠮ᠎ᠠ ᠪᠠᠬ᠎ᠠ ᠶᠢ ᠳᠠᠳᠠᠬᠤ ᠨᠢ ᠳᠠᠮᠵᠢᠭ ᠦᠭᠡᠢ᠃     ᠳᠦᠰᠦᠪ ᠳᠦᠯᠦᠪᠯᠡᠭᠡ ᠭᠡᠬᠦ ᠪᠠᠷ ᠵᠢᠯ ᠤᠨ ᠡᠴᠦᠰ ᠪᠤᠯᠳᠠᠯ᠎ᠠ ᠪᠢ ᠮᠢᠩᠭᠠᠨ ᠳᠦᠮᠡᠳᠦ ᠪᠤᠯᠤᠨ᠎ᠠ ᠬᠡᠳᠡᠭ ᠴᠤ ᠶᠤᠮ ᠤᠤ᠂ ᠡᠰᠡᠬᠦᠯ᠎ᠡ ᠠᠷᠪᠠ ᠬᠤᠷᠢᠨ ᠨᠠᠰᠤ ᠵᠠᠯᠠᠭᠤᠵᠢᠨ᠎ᠠ ᠭᠡᠬᠦ ᠮᠡᠳᠦ ᠶᠢᠨ ᠬᠡᠶᠢᠷᠭᠡᠯ ᠤᠭᠳᠤ ᠪᠢᠰᠢ᠃ ᠬᠠᠷᠢᠨ ᠳᠦᠰᠦᠪ ᠳᠦᠯᠦᠪᠯᠡᠭᠡ ᠬᠦᠭᠵᠢᠯ ᠤᠨ ᠵᠦᠢ ᠶᠤᠰᠤᠨ ᠳᠤ ᠨᠡᠶᠢᠴᠡᠨ᠎ᠡ ᠭᠡᠳᠡᠭ ᠨᠢᠭᠡᠨ ᠳᠦᠷᠢᠮ ᠲᠠᠢ᠃ ᠤᠭᠳᠤ ᠪᠡᠶᠡᠯᠡᠭᠳᠡᠬᠦ ᠦᠭᠡᠢ ᠵᠦᠢᠯ ᠪᠤᠶᠤ ᠤᠬᠤᠷᠬᠠᠨ ᠬᠤᠭᠤᠴᠠᠭᠠᠨ ᠳᠤ ᠪᠡᠶᠡᠯᠡᠭᠳᠡᠬᠦ ᠪᠤᠯᠤᠮᠵᠢ ᠦᠭᠡᠢ ᠵᠦᠢᠯ ᠢ ᠮᠦᠷᠦᠭᠡᠳᠦᠭᠡᠳ ᠰᠠᠭᠤᠪᠠᠯ ᠬᠡᠢ ᠬᠤᠭᠤᠰᠤᠨ ᠦᠷ᠎ᠡ ᠳ᠋ᠦᠡᠭ ᠳᠤ ᠬᠦᠷᠬᠦ ᠠᠴᠠ ᠦᠭᠡᠷ᠎ᠡ ᠶᠠᠭᠠᠬᠢᠬᠤ ᠪᠤᠢ︖ ᠪᠡᠶᠡᠯᠡᠭᠳᠡᠯ ᠤᠨ ᠪᠦᠷᠢᠨ ᠪᠠᠳᠤᠯᠠᠭ᠎ᠠ ᠦᠭᠡᠢ ᠴᠤ ᠭᠡᠰᠡᠨ ᠴᠢᠷᠮᠠᠶᠢᠪᠠᠯ ᠬᠦᠷᠴᠦ ᠪᠤᠯᠬᠤ ᠵᠦᠪ ᠳᠦᠰᠦᠪ ᠳᠤᠭᠳᠠᠭᠠᠬᠤ ᠨᠢ ᠳᠠ ᠪᠢᠳᠡᠨ ᠤ ᠳᠦᠰᠦᠭᠡᠯᠡᠯ ᠵᠦᠢ ᠶᠤᠰᠤᠭᠠᠷ ᠪᠤᠯᠬᠤ ᠶᠢᠨ ᠬᠦᠳᠦᠴᠢ ᠪᠤᠯᠬᠤ ᠶᠤᠮ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号