ᠠᠮᠢ ᠠᠬᠤᠢ ᠶᠢᠨ ᠶᠢᠨ ᠬᠠᠮᠠᠭᠠᠯᠠᠯᠲᠠ ᠲᠠᠢ ᠪᠠᠭ᠎ᠠ ᠵᠢᠭᠠᠰᠤᠳᠠᠢ ᠳᠤ ᠣᠴᠢᠯ᠎ᠠ
ᠨᠡᠶᠢᠲᠡᠯᠡᠭᠰᠡᠨ ᠴᠠᠭ᠄
2021/8/3
    ᠰᠤᠷᠪᠤᠯᠵᠢᠯᠠᠭᠴᠢᠳ ᠰᠢᠯᠤᠭᠤᠨ ᠬᠦᠭᠡ ᠬᠤᠰᠢᠭᠤᠨ ᠤ  ᠪᠠᠭ᠎ᠠ ᠵᠢᠭᠠᠰᠤᠳᠠᠢ ᠠᠮᠢ ᠠᠬᠤᠢ ᠶᠢᠨ ᠬᠠᠮᠠᠭᠠᠯᠠᠯᠲᠠ ᠶᠢᠨ ᠪᠦᠰᠡ ᠳᠤ  ᠬᠦᠷᠦᠯ᠎ᠡ᠃ ᠥᠪᠥᠷ ᠮᠣᠩᠭᠤᠯ ᠤᠨ ᠬᠤᠯᠠᠨ ᠰᠢᠷᠭ᠎ᠠ ᠶᠢᠨ ᠡᠯᠡᠰᠦᠨ ᠳᠤ ᠬᠢ ᠡᠨᠡ ᠬᠡᠰᠡᠭᠬᠡᠨ‌ᠨᠣᠭᠤᠭᠠᠨ ᠪᠦᠰᠡ ᠣᠯᠠᠨ ᠤ ᠬᠥᠯ ᠤᠨ  ᠭᠠᠵᠠᠷ  ᠪᠤᠯᠤᠭᠠᠳ ᠤᠳᠠᠵᠤ  ᠪᠠᠶᠢᠭ᠎ᠠ  ᠪᠢᠯᠡ᠃ ᠭᠤᠪᠢ ᠶᠢᠨ  ᠨᠢᠳᠦ  ᠭᠡᠵᠦ   ᠬᠡᠯᠡᠬᠦᠶᠢᠴᠡ ᠡᠨᠡ ᠬᠡᠰᠡᠭ  ᠭᠠᠵᠠᠷ ᠤᠨ ᠡᠯᠡᠰᠦᠨ ᠤ ᠨᠡᠭᠦᠳᠡᠯ ᠢ ᠵᠣᠭᠰᠣᠭᠠᠬᠤ᠂ ᠤᠰᠤ ᠶᠢ ᠬᠠᠮᠠᠭᠠᠯᠠᠬᠤ ᠴᠢᠭᠯᠡᠯ ᠢᠶᠠᠷ ᠤᠶᠢᠭ᠎ᠠ ᠦᠭᠡᠢ ᠠᠵᠢᠯᠯᠠᠭᠰᠠᠭᠠᠷ ᠢᠷᠡᠭᠰᠡᠨ ᠣᠷᠣᠨ ᠨᠤᠲᠤᠭ ᠤᠨ ᠬᠢᠨ  ᠰᠡᠭᠦᠯ ᠤᠨ ᠦᠶ᠎ᠡ ᠳᠤ ᠠᠮᠢ ᠠᠬᠤᠢ ᠶᠢᠨ ᠲᠣᠮᠣᠬᠠᠨ   ᠪᠦᠲᠦᠭᠡᠨ ᠪᠠᠶᠢᠭᠤᠯᠤᠯᠲᠠ ᠪᠣᠯᠭᠠᠬᠤ ᠪᠠᠷ ᠬᠠᠨᠴᠤᠢ ᠰᠢᠮᠠᠯᠠᠵᠠᠢ᠃ ᠶᠠᠪᠤᠭᠠᠨ ᠳᠤ ᠪᠠᠨ ᠡᠨᠡ ᠨᠢ  ᠰᠢᠯᠤᠭᠤᠨ ᠬᠦᠭᠡ  ᠬᠤᠰᠢᠭᠤᠨ ᠤ   ᠠᠮᠢ ᠠᠬᠤᠢ  ᠶᠢᠨ  ᠪᠦᠲᠦᠭᠡᠨ ᠪᠠᠶᠢᠭᠤᠯᠤᠯᠲᠠ ᠶᠢᠨ ᠣᠨᠴᠠᠯᠠᠬᠤ ᠠᠵᠢᠯ ᠤᠨ ᠨᠢᠭᠡ ᠪᠣᠯᠵᠤ᠂ ᠭᠠᠳᠠᠨ᠎ᠠ ᠳᠤᠳᠤᠨ᠎ᠠ ᠶᠢᠨ   ᠬᠢᠨ ᠲᠤᠷᠰᠢᠯᠭ᠎ᠠ ᠶᠢ ᠨᠢ ᠰᠤᠳᠤᠯᠬᠤ ᠪᠣᠯᠵᠠᠢ᠃ ᠨᠠᠮ ᠤᠨ ᠠᠷᠪᠠᠨ ᠨᠠᠢᠮᠠᠳᠤᠭᠠᠷ  ᠶᠡᠭᠡ ᠬᠤᠷᠠᠯ  ᠠᠴᠠ ᠬᠤᠶᠢᠰᠢ  ᠮᠠᠯ   ᠪᠡᠯᠴᠢᠭᠡᠷᠯᠡᠬᠦᠯᠬᠦ ᠶᠢ ᠬᠤᠷᠢᠭᠯᠠᠬᠤ᠂ ᠠᠮᠢ ᠠᠬᠤᠢ ᠶᠢᠨ ᠲᠡᠩᠴᠡᠪᠦᠷᠢ ᠶᠢ ᠪᠠᠳᠣᠯᠠᠬᠤ ᠪᠣᠳᠣᠯᠭ᠎ᠠ ᠶᠢ ᠡᠷᠴᠢᠮᠲᠡᠢ ᠬᠡᠷᠡᠭᠵᠢᠭᠦᠯᠵᠦ ᠡᠬᠢᠯᠡᠭᠰᠡᠨ   ᠠᠴᠠ ᠤᠷᠭᠤᠮᠠᠯ   ᠤᠨ ᠬᠡᠪ ᠤᠨ ᠤᠷᠭᠤᠬᠤ  ᠨᠥᠬᠦᠴᠡᠯ ᠢ  ᠪᠦᠷᠢᠳᠦᠭᠦᠯᠵᠦ  ᠂  ᠪᠠᠶᠢᠭᠠᠯᠢ ᠶᠢᠨ   ᠨᠥᠭᠡᠴᠡ ᠶᠢ ᠨᠢ ᠰᠡᠷᠭᠦᠭᠡᠭᠰᠡᠨ ᠪᠠᠶᠢᠨ᠎ᠠ᠃  20 ᠵᠢᠯ ᠤᠨ ᠬᠤᠭᠤᠴᠠᠭᠠᠨ ᠳᠤ  ᠰᠢᠯᠤᠭᠤᠨ ᠬᠦᠭᠡ ᠬᠤᠰᠢᠭᠤ  ᠪᠠᠶᠢᠭᠠᠯᠢ ᠶᠢᠨ   ᠨᠥᠬᠦᠨ  ᠰᠡᠷᠬᠦᠭᠡᠯᠳᠡ   ᠳᠤ  ᠨᠡᠶᠢᠲᠡ  ᠳᠤ ᠪᠠᠨ 6.1 ᠳ᠋ᠦᠩᠰᠢᠭᠤᠷ  ᠳᠦᠬᠦᠷᠢᠭ ᠵᠠᠷᠤᠴᠠᠭᠤᠯᠵᠤ  ᠂ 300 ᠲᠦᠮᠡ ᠣᠷᠴᠢᠮ ᠮᠤ᠋ ᠲᠠᠯᠠᠪᠠᠢ ᠳᠤ  ᠠᠮᠢ ᠠᠬᠤᠢ ᠶᠢᠨ  ᠪᠦᠲᠦᠭᠡᠨ  ᠪᠠᠶᠢᠭᠤᠯᠤᠯᠲᠠ   ᠬᠢᠵᠡᠢ᠃
 
ᠢᠷᠡᠯᠲᠡ᠄ ᠲᠦᠪ ᠲᠧᠯᠸᠢᠰ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号