ᠭᠤᠷᠪᠠᠨ ᠮᠠᠯᠴᠢᠨ ᠤ ᠰᠠᠶᠢᠰᠢᠶᠠᠯᠲᠠᠢ ᠠᠵᠢᠯᠯᠠᠭ᠎ᠠ
ᠨᠡᠶᠢᠲᠡᠯᠡᠭᠰᠡᠨ ᠴᠠᠭ᠄
2021/8/2
    ᠣᠶᠢᠷ᠎ᠠ ᠳᠤ  ᠰᠢᠯᠢ ᠶᠢᠨ ᠭᠤᠤᠯ ᠠᠶᠢᠮᠠᠭ ᠤᠨ ᠵᠡᠬᠦᠨ ᠦᠵᠦᠮᠦᠴᠢᠨ ᠬᠤᠰᠢᠭᠤᠨ ᠳᠤ ︿︿ᠠᠨᠠᠡᠳᠠ﹀﹀ ᠬᠤᠨᠳᠠᠭᠠᠳᠤ ᠰᠤᠷᠭᠠᠭᠤᠯᠢ ᠶᠢᠨ ᠬᠦᠷᠢᠶᠡᠨ ᠤ ᠰᠢᠨᠵᠢᠯᠡᠭᠡ ᠮᠡᠷᠭᠡᠵᠢᠯ ᠤᠨ ᠡᠭᠦᠳᠦᠯᠲᠡ ᠰᠢᠨᠡᠴᠢᠯᠡᠯᠲᠡ ᠶᠢᠨ ᠤᠷᠤᠯᠳᠤᠭᠠᠨ ᠶᠠᠪᠤᠭᠳᠠᠵᠤ᠂ ᠬᠡᠤᠭᠡᠳ ᠪᠠᠭᠠᠴᠤᠤᠨ ᠪᠤᠯᠤᠨ ᠪᠠᠭᠰᠢ᠂ ᠭᠡᠷ ᠤᠨ ᠠᠬᠠᠮᠠᠤᠨ᠂ ᠣᠯᠠᠨ ᠨᠡᠶᠢᠲᠡ ᠶᠢᠨ ᠬᠠᠯᠠᠭᠤᠨ ᠬᠦᠷᠢᠶᠡᠯᠡᠯ ᠢ ᠣᠯᠣᠯ᠎ᠠ᠃     ᠵᠡᠬᠦᠨ ᠦᠵᠦᠮᠦᠴᠢᠨ ᠬᠤᠰᠢᠭᠤᠨ ᠳᠤ ᠬᠤᠶᠠᠳᠡᠬᠢ ᠤᠳᠠᠭ᠎ᠠ ᠪᠠᠨ ᠶᠠᠪᠤᠭᠳᠠᠵᠤ ᠪᠠᠶᠢᠭ᠎ᠠ ᠲᠤᠰ ᠤᠷᠤᠯᠳᠤᠭᠠᠨ ᠢ ᠵᠡᠬᠦᠨ ᠦᠵᠦᠮᠦᠴᠢᠨ ᠬᠤᠰᠢᠭᠤᠨ ᠤ ᠰᠤᠷᠭᠠᠨ ᠬᠥᠮᠦᠵᠢᠯ ᠤᠨ ᠲᠤᠪᠴᠢᠶ᠎ᠡ᠂ ᠵᠡᠬᠦᠨ ᠦᠵᠦᠮᠦᠴᠢᠨ ᠬᠤᠰᠢᠭᠤᠨ ᠤ ᠰᠢᠨ᠎ᠡ ᠴᠠᠭ ᠦᠶ᠎ᠡ ᠶᠢᠨ ᠪᠤᠯᠪᠠᠰᠤᠨ ᠦᠢᠯᠡᠳᠦᠯᠬᠡ ᠶᠢᠨ ᠦᠢᠯᠡᠴᠢᠯᠡᠭᠡᠨ ᠤ ᠲᠦᠪ ᠠᠴᠠ ᠭᠤᠤᠯᠯᠠᠨ ᠡᠷᠬᠢᠯᠡᠵᠦ᠂ ᠬᠤᠰᠢᠭᠤᠨ ᠤ ᠰᠤᠷᠭᠠᠨ ᠬᠥᠮᠦᠵᠢᠯ ᠵᠢᠭᠠᠨ ᠰᠤᠷᠭᠠᠯᠳᠠ ᠶᠢ ᠵᠢᠯᠥᠭᠤᠤᠡᠬᠤ ᠦᠢᠯᠡᠴᠢᠯᠡᠬᠡᠨ ᠤ ᠲᠥᠪ᠂ ᠦᠵᠦᠮᠦᠴᠢᠨ ᠮᠥᠽᠸᠢ᠂ ᠨᠤᠮ ᠤᠨ ᠰᠠᠩ ᠲᠠᠭᠠᠭᠠᠴᠢᠯᠠᠨ ᠬᠢᠵᠡᠢ᠃ ᠵᠡᠬᠦᠨ ᠦᠵᠦᠮᠦᠴᠢᠨ ᠬᠤᠰᠢᠭᠤᠨ ᠤ ᠬᠠᠳᠠᠪᠴᠢ ᠪᠠᠯᠭᠠᠰᠤᠨ ᠤ ᠬᠠᠭ᠋ᠠᠭᠤᠯᠠ ᠭᠠᠴᠠᠭᠠᠨ ᠤ ᠲᠤ᠋᠂ ᠠᠳᠢᠶ᠎ᠠ᠂ ᠵᠢᠷᠤᠮᠳᠦ᠂ ᠪᠦᠷᠢᠨ᠎ᠠ ᠵᠡᠷᠬᠡ ᠭᠤᠷᠪᠠᠨ ᠮᠠᠯᠴᠢᠨ ᠤ ᠢᠪᠡᠬᠡᠨ ᠲᠡᠳᠬᠦᠭᠰᠡᠨ ᠡᠨᠡ ᠤᠷᠤᠯᠳᠤᠭᠠᠨ ᠨᠢ ︽ᠪᠤᠯᠪᠠᠰᠤᠨ ᠥᠪᠦᠷ ᠮᠤᠩᠭᠤᠯ︾ ᠤᠨ ᠪᠠᠶᠢᠭᠤᠯᠤᠯᠳᠠ ᠳᠤ ᠡᠷᠴᠢ ᠨᠡᠮᠡᠬᠦ ᠰᠢᠷᠢᠰ ᠠᠵᠢᠯᠯᠠᠭ᠎ᠠ ᠪᠣᠯᠵᠠᠢ᠃     ᠡᠨᠡ ᠤᠷᠤᠯᠳᠣᠭᠠᠨ ᠨᠢ ᠵᠡᠬᠦᠨ ᠦᠵᠦᠮᠦᠴᠢᠨ ᠬᠤᠰᠢᠭᠤᠨ ᠤ ᠬᠡᠪᠴᠢᠶᠡᠨ  ᠳᠤ ᠶᠠᠪᠤᠭᠳᠠᠵᠤ᠂ ᠲᠤᠮᠳᠠᠳᠦ ᠪᠠᠭ᠎ᠠ ᠰᠤᠷᠭᠠᠭᠤᠯᠢ ᠶᠢᠨ ᠰᠤᠷᠤᠭᠴᠢᠤᠨ ᠤᠨ 84 ᠪᠦᠳᠦᠭᠡᠯ ᠤᠷᠤᠯᠴᠠᠵᠤ᠂ ᠬᠢᠨᠠᠭᠴᠢ ᠨᠠᠷ ᠤᠨ ᠲᠥᠪ ᠭᠤᠤᠯᠴᠢ ᠰᠢᠯᠭᠠᠷᠠᠭᠤᠯᠤᠯᠳᠠ ᠪᠠᠷ ᠲᠠᠮᠵᠢᠨ ᠨᠢᠭᠡᠳᠦᠭᠡᠷ ᠲᠠᠰ ᠲᠤ 1 ᠪᠦᠲᠦᠭᠡᠯ᠂ ᠬᠤᠶᠠᠳᠤᠭᠠᠷ ᠲᠠᠰ ᠲᠤ 2 ᠪᠦᠲᠦᠭᠡᠯ᠂ ᠭᠤᠷᠪᠠᠳᠤᠭᠠᠷ ᠲᠠᠰ ᠲᠤ 3 ᠪᠦᠳᠦᠭᠡᠯ ᠰᠢᠯᠭᠠᠷᠠᠵᠤ᠂ 6 ᠪᠦᠲᠦᠭᠡᠯ ᠢ ᠰᠢᠯᠢᠳᠡᠭ ᠪᠦᠳᠦᠭᠡᠯ ᠢᠶᠠᠷ ᠱᠠᠩᠨᠠᠵᠤ᠂ 2 ᠪᠠᠶᠢᠭᠤᠯᠭ᠎ᠠ ᠶᠢ ᠰᠢᠯᠢᠳᠡᠭ ᠵᠤᠬᠢᠶᠡᠨ ᠪᠠᠶᠢᠭᠤᠯᠤᠭᠴᠢ ᠪᠠᠷ ᠰᠢᠯᠭᠠᠷᠠᠭᠤᠯᠤᠨ ᠱᠠᠩᠨᠠᠵᠠᠢ᠃     ᠤᠷᠤᠯᠳᠤᠭᠠᠨ ᠢ ᠢᠪᠡᠭᠡᠨ ᠲᠡᠤᠡᠭᠦᠭᠰᠡᠨ ᠮᠠᠯᠴᠢᠨ ᠵᠢᠷᠤᠮᠳᠦ᠄ ︿︿ᠲᠤᠮᠳᠠᠳᠦ ᠤᠯᠤᠰ ᠤᠨ ᠡᠪ ᠬᠠᠮᠳᠦ ᠨᠠᠮ ᠪᠠᠶᠢᠭᠤᠯᠤᠭᠳᠠᠭᠰᠠᠨ ᠵᠠᠭᠤᠨ ᠵᠢᠯ ᠤᠨ ᠤᠢ ᠶᠢ ᠪᠡᠯᠭᠡᠯᠡᠵᠤ᠂ ᠡᠬᠡᠯ ᠵᠢᠷ ᠤᠨ ᠮᠠᠯᠴᠢᠨ ᠨᠠᠮ ᠤᠨ ᠭᠡᠰᠢᠬᠦᠨ ᠪᠤᠯᠤᠭᠰᠠᠨ ᠤ ᠬᠤᠪᠢ ᠳᠤ᠂ ᠡᠬᠡ ᠤᠯᠤᠰ ᠤᠨ ᠢᠶᠠᠨ ᠢᠷᠡᠭᠡᠳᠦᠢ ᠪᠣᠯᠣᠭᠰᠠᠨ ᠬᠡᠤᠬᠡᠳ ᠪᠠᠭᠠᠴᠤᠤᠨ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠤᠷᠮ᠎ᠠ ᠰᠤᠨᠢᠷᠬᠠᠯ ᠢ ᠬᠥᠭᠵᠢᠭᠡᠵᠦ᠂ ᠡᠷᠳᠡᠮ ᠮᠠᠳᠠᠯᠬᠡ ᠲᠠᠢ᠂ ᠡᠭᠦᠳᠦᠯᠲᠡ ᠰᠢᠨᠡᠴᠢᠯᠡᠯᠲᠡ ᠬᠢᠬᠦ ᠳᠤ ᠳᠤᠷ᠎ᠠ ᠰᠣᠨᠢᠷᠬᠠᠯ ᠲᠠᠢ ᠡᠬᠡ ᠤᠯᠤᠰ  ᠲᠠᠭᠠᠨ ᠭᠡᠷᠡᠭᠴᠡᠭᠡ ᠲᠠᠢ ᠬᠥᠮᠥᠨ ᠪᠤᠯᠤᠭᠠᠰᠠᠢ ᠭᠡᠰᠡᠨ ᠬᠦᠰᠡᠯ ᠪᠤᠳᠦᠯ ᠢᠶᠠᠷ ᠢᠪᠡᠬᠡᠨ ᠲᠡᠳᠬᠦᠪᠡ﹀﹀ ᠭᠡᠵᠤ ᠤᠴᠢᠷᠯᠠᠨ ᠶᠠᠷᠢᠯ᠎ᠠ᠃
 
ᠢᠷᠡᠯᠲᠡ᠄ ᠲᠣᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号