ᠤᠯᠠᠨ ᠣᠯᠠᠨ ᠨᠠᠶᠢᠷ ᠨᠠᠭᠠᠳᠤᠮ ᠳᠤ ᠠᠯᠳᠠᠷ ᠨᠡᠷ᠎ᠡ ᠪᠠᠨ ᠮᠠᠨᠳᠤᠭᠤᠯᠵᠤ᠂ ᠦᠵᠡᠭᠴᠢ ᠣᠯᠠᠨ ᠤ ᠮᠠᠭᠲᠠᠭᠠᠯ | ᠰᠠᠶᠢᠰᠢᠶᠠᠯ ᠢ ᠣᠯᠵᠤ ᠶᠠᠪᠤᠭ᠎ᠠ ᠤᠳᠤᠰᠣᠲᠤ ᠪᠣᠯ ᠰᠥᠨᠢᠳ ᠵᠡᠭᠦᠨ ᠬᠤᠰᠢᠭᠤᠨ ᠤ ᠬᠤᠩᠭᠤᠷ ᠰᠤᠮᠤᠨ ᠤ | ᠱᠢᠷᠦᠴᠡᠩᠳᠦ ᠭᠠᠴᠠᠭᠠᠨ ᠤ ᠮᠠᠯᠴᠢᠨ ᠤ ᠬᠡᠦᠬᠡᠳ ᠶᠤᠮ᠃ | ᠲᠡᠷᠡ ᠪᠠᠷ 1993 ᠤᠨ ᠳᠤ ᠳᠤᠮᠳᠠᠳᠤ ᠰᠤᠷᠭᠠᠭᠤᠯᠢ ᠶᠢᠨ ᠰᠤᠷᠤᠭᠴᠢ ᠪᠠᠶᠢᠬᠤ ᠦᠶ᠎ᠡ ᠠᠴᠠ ᠡᠬᠢᠯᠡᠨ | ᠪᠠᠷᠢᠯᠳᠤᠵᠤ᠂ ᠤᠯᠠᠨ ᠣᠯᠠᠨ ᠨᠠᠶᠢᠷ ᠨᠠᠭᠠᠳᠤᠮ ᠳᠤ ᠱᠠᠩᠨᠠᠯ ᠬᠦᠷᠳᠡᠵᠦ᠂ ᠰᠥᠨᠢᠳ ᠨᠤᠲᠤᠭ ᠤᠨ ᠰᠣᠳᠣᠨ | ᠪᠥᠭᠡᠴᠢᠨ ᠭᠡᠳᠡᠭ ᠠᠯᠳᠠᠷ ᠢᠶᠠᠨ ᠮᠠᠨᠳᠤᠭᠤᠯᠪᠠ᠃ ᠡᠭᠦᠨ ᠳᠤ ᠲᠡᠭᠦᠨ ᠤ ᠣᠯᠤᠭᠰᠠᠨ ᠠᠮᠵᠢᠯᠲᠠ ᠶᠢ ᠴᠤᠬᠤᠰ | ᠳᠤᠷᠠᠳᠪᠠᠯ᠂ ᠣᠳᠣ ᠪᠣᠯᠲᠠᠯ᠎ᠠ 32 ᠪᠠ 64 ᠪᠥᠬᠡ ᠲᠠᠢ ᠪᠠᠭ᠎ᠠ ᠨᠠᠶᠢᠷ ᠳᠡᠭᠡᠷ᠎ᠡ ᠵᠠᠭᠤ ᠰᠢᠬᠠᠮ ᠤᠳᠠᠭ᠎ᠠ | ᠲᠡᠷᠢᠭᠦᠯᠡᠵᠦ᠂ 128 ᠪᠥᠬᠡ ᠲᠠᠢ ᠨᠠᠶᠢᠷ ᠲᠤ 30 ᠰᠢᠬᠠᠮ ᠤᠳᠠᠭ᠎ᠠ ᠲᠡᠷᠢᠭᠦᠯᠡᠵᠦ᠂ 256 ᠪᠥᠬᠡ ᠲᠠᠢ ᠨᠠᠶᠢᠷ ᠲᠤ | 4 ᠤᠳᠠᠭ᠎ᠠ ᠲᠡᠷᠢᠭᠦᠯᠡᠵᠦ ᠪᠣᠶ᠃ ᠤᠳᠤᠰᠣᠲᠤ ᠮᠣᠩᠭᠤᠯ ᠪᠥᠬᠡ ᠶᠢᠨ ᠲᠠᠪᠴᠠᠩ ᠳᠤ ᠠᠯᠳᠠᠷ ᠢᠶᠠᠨ ᠭᠠᠶᠢᠬᠠᠭᠤᠯᠵᠤ | ᠶᠠᠪᠤᠭᠰᠠᠨ ᠢᠶᠠᠷ ᠪᠠᠷᠠᠬᠤ ᠦᠭᠡᠢ ᠳᠤᠮᠳᠠᠳᠤ ᠮᠠᠶ᠋ᠢᠭ ᠤᠨ ᠪᠥᠬᠡ ᠶᠢᠨ ᠲᠠᠪᠴᠠᠩ ᠳᠤ ᠴᠤ ᠭᠢᠯᠠᠯᠵᠠᠭᠰᠠᠨ ᠠᠮᠵᠢᠯᠲᠠ | ᠭᠠᠷᠭᠠᠵᠤ ᠣᠴᠢᠭᠰᠠᠨ ᠭᠠᠵᠠᠷ ᠪᠣᠯᠭᠠᠨ ᠤ ᠡᠯ᠎ᠡ ᠦᠨᠳᠦᠰᠦᠲᠡᠨ ᠤ ᠦᠵᠡᠭᠴᠢ ᠣᠯᠠᠨ ᠳᠤ ᠱᠠᠭᠰᠢᠭᠳᠠᠵᠤ ᠶᠠᠪᠤᠯ᠎ᠠ᠃ | ᠡᠭᠦᠨ ᠳᠤ ᠲᠡᠷᠡ ᠪᠦᠬᠦ ᠤᠯᠤᠰ ᠤᠨ ᠳᠤᠮᠳᠠᠳᠤ ᠮᠠᠶ᠋ᠢᠭ ᠤᠨ ᠣᠯᠠᠨ ᠵᠦᠢᠯ ᠤᠨ ᠪᠥᠬᠡ ᠶᠢᠨ ᠤᠷᠤᠯᠳᠤᠭᠠᠨ ᠳᠤ 17 | ᠤᠳᠠᠭ᠎ᠠ ᠠᠯᠲᠠᠨ ᠮᠧᠳᠠᠯ ᠬᠦᠷᠲᠡᠪᠡ᠃ ᠤᠶᠢᠷ᠎ᠠ ᠶᠢᠨ ᠵᠢᠯ ᠤᠳ ᠲᠤ ᠲᠡᠷᠡ ᠰᠥᠨᠢᠳ ᠵᠡᠭᠦᠨ ᠬᠤᠰᠢᠭᠤᠨ ᠤ | ᠤᠨᠴᠠᠭᠠᠢ ᠴᠢᠳᠠᠪᠤᠷᠢᠲᠠᠨ ᠤ ᠴᠣᠯᠠ ᠶᠢ ᠬᠦᠷᠲᠡᠵᠦ ᠬᠤᠰᠢᠭᠤ ᠪᠡᠶ᠎ᠡ ᠶᠢᠨ ᠲᠠᠮᠢᠷ ᠤᠨ ᠲᠣᠪᠴᠢᠶᠠᠨ ᠤ ᠲᠤᠰᠬᠠᠢ | ᠪᠥᠬᠡ ᠶᠢᠨ ᠰᠤᠷᠭᠠᠭᠴᠢ ᠪᠠᠷ ᠠᠵᠢᠯᠯᠠᠵᠤ ᠪᠠᠶᠢᠬᠤ ᠪᠥᠭᠡᠳ ᠣᠬᠤᠷᠬᠠᠨ ᠬᠤᠭᠤᠴᠠᠭᠠᠨ ᠳᠤ ᠠᠮᠤᠷᠴᠠᠨ᠎ᠠ᠂ | ᠠᠮᠤᠷᠵᠢᠷᠭᠠᠯ᠂ ᠡᠷᠳᠡᠨᠢᠪᠤᠯᠠᠭ᠂ ᠠᠶᠤᠩᠭ᠎ᠠ᠂ ᠴᠢᠯᠠᠭᠤᠨ᠂ ᠢᠳᠠᠷᠵᠠᠭᠠᠨᠠ᠂ ᠲᠠᠮᠦᠷᠪᠠᠭᠠᠲᠤᠷ᠂ ᠳᠠᠪᠬᠤᠷᠪᠠᠶᠠᠷ᠂ | ᠵᠣᠬᠢᠶᠠᠯᠲᠤ᠂ ᠵᠢᠳᠬᠦᠯᠲᠦ᠂ ᠶᠣᠰᠣᠲᠤ᠂ ᠪᠣᠯᠣᠷ᠂ ᠪᠠᠶᠠᠨᠮᠠᠨᠲᠤ᠂ ᠤᠳᠬᠤᠨᠰᠤᠲᠤ ᠵᠡᠷᠭᠡ ᠰᠢᠯᠢ ᠶᠢᠨ ᠭᠤᠣᠯ ᠠᠶᠢᠮᠠᠭ | ᠪᠤᠶᠤ ᠰᠥᠨᠢᠳ ᠨᠤᠲᠤᠭ ᠲᠠᠭᠠᠨ ᠨᠡᠷ᠎ᠡ ᠲᠠᠢ ᠪᠥᠭᠡᠴᠢᠳ ᠢ ᠬᠥᠮᠦᠵᠢᠭᠦᠯᠪᠡ᠃ ᠡᠭᠦᠨ ᠤ ᠬᠠᠷᠢᠭᠤ ᠳᠤ ᠲᠡᠷᠡ ᠣᠷᠣᠨ | ᠂ ᠠᠶᠢᠮᠠᠭ ᠤᠨ ᠰᠢᠯᠢᠳᠡᠭ ᠰᠤᠷᠭᠠᠭᠴᠢ ᠪᠠᠷ ᠨᠡᠷᠡᠶᠢᠳᠦᠭᠳᠡᠪᠡ᠃ |