ᠢᠯᠡ ᠵᠠᠰᠠᠯ ᠠᠴᠠ ᠳᠠᠯᠳᠠ ᠴᠢᠮᠡᠭ ᠰᠠᠶᠢᠬᠠᠨ
ᠨᠡᠶᠢᠲᠡᠯᠡᠭᠰᠡᠨ ᠴᠠᠭ᠄
2021/11/29
    ᠵᠠᠰᠠᠯ ᠴᠢᠮᠡᠭ ᠭᠡᠭᠴᠢ ᠡᠷᠡᠭᠲᠡᠢ ᠡᠮᠡᠭᠲᠡᠢ ᠂ ᠵᠠᠯᠠᠭᠤ ᠬᠥᠭᠰᠢᠨ ᠬᠡᠨ ᠪᠦᠬᠦᠨ ᠎ ᠳᠤ ᠴᠦᠮ ᠲᠣᠬᠢᠷᠠᠮᠵᠢ  ᠎ ᠲᠠᠢ ᠪᠠᠶᠢᠳᠠᠭ ᠃ ᠵᠠᠰᠠᠯ ᠴᠢᠮᠡᠭ ᠎ ᠲᠤ ᠢᠯᠡ ᠪᠠ ᠳᠠᠯᠳᠠ ᠴᠦᠮ ᠪᠠᠶᠢᠳᠠᠭ᠃ ᠢᠯᠡ ᠭᠡᠪᠡᠯ ᠨᠢᠭᠤᠷ  ᠴᠢᠷᠠᠢ᠂ ᠬᠤᠪᠴᠠᠰᠤ ᠵᠠᠰᠠᠯ ᠪᠠᠶᠢᠵᠤ  ᠂ ᠳᠠᠯᠳᠠ ᠭᠡᠪᠡᠯ ᠬᠥᠮᠥᠨ ᠎ ᠤ ᠵᠠᠩ  ᠴᠢᠨᠠᠷ ᠪᠤᠢ ᠃ ᠬᠥᠮᠥᠨ ᠪᠦᠬᠦᠨ ᠢᠯᠡ ᠵᠠᠰᠠᠯ ᠎ ᠢ ᠴᠢᠬᠤᠯᠠᠴᠢᠯᠠᠬᠤ ᠎ ᠶᠢᠨ ᠳᠠᠭᠠᠤ ᠳᠠᠯᠳᠠ ᠴᠢᠮᠡᠭ ᠢ ᠨᠡᠩ ᠢᠯᠡᠭᠦᠦ ᠬᠥᠨᠳᠦᠦᠨᠬᠡᠬᠦ ᠬᠡᠷᠡᠭᠲᠡᠢ᠃ ᠢᠯᠡ ᠵᠠᠰᠠᠯ ᠎ ᠠᠴᠠ ᠳᠠᠯᠳᠠ ᠴᠢᠮᠡᠭ ᠰᠠᠶᠢᠬᠠᠨ ᠪᠠᠶᠢᠳᠠᠭ  ᠃ ᠢᠯᠡ ᠵᠠᠰᠠᠯ ᠳᠠᠯᠳᠠ ᠴᠢᠮᠡᠭ ᠴᠦᠮ ᠴᠢᠬᠤᠯᠠ ᠪᠠᠶᠢᠳᠠᠭ  ᠃ ᠢᠯᠡ ᠵᠠᠰᠠᠯ ᠤᠨ ᠰᠠᠴᠠᠭᠤ ᠎ ᠪᠠᠷ ᠬᠥᠮᠥᠨ ᠤ ᠬᠠᠮᠤᠭ ᠎ ᠤᠨ ᠡᠷᠬᠢᠮ ᠳᠡᠭᠡᠳᠦ ᠢᠨᠦ ᠡᠶᠡᠯᠳᠡᠭ ᠵᠥᠬᠡᠯᠡᠨ ᠪᠣᠯᠪᠠᠰᠤᠨ ᠶᠣᠰᠤᠷᠬᠠᠭ ᠠᠭᠠᠰᠢ ᠵᠠᠩ ᠮᠦᠨ  ᠃ ᠬᠠᠯᠠᠭᠤᠨ ᠵᠥᠬᠡᠯᠡᠨ ᠬᠠᠷᠠᠴᠠ ᠎ ᠲᠠᠢ  ᠂ ᠬᠥᠩᠬᠡᠮᠰᠦᠭ ᠬᠥᠬᠡᠷᠦᠭᠡ ᠶᠠᠷᠢᠶ᠎ᠠ ᠎ ᠲᠠᠢ  ᠂ ᠭᠠᠴᠢᠬᠳᠠᠬᠰᠠᠨ ᠬᠥᠮᠥᠨ ᠎ ᠳᠤ ᠲᠤᠰᠠᠷᠬᠠᠭ ᠪᠠᠶᠢᠵᠤ  ᠂ ᠥᠷᠦᠭᠡᠯ ᠎ ᠢ ᠬᠦᠨᠳᠦᠦᠨᠬᠡᠨ᠂  ᠭᠠᠳᠠᠭᠤᠷᠴᠢᠯᠠᠵᠣ ᠦᠵᠡᠳᠡᠭ ᠦᠭᠡᠢ ᠵᠠᠩ ᠴᠢᠨᠠᠷ ᠪᠣᠯ ᠶᠠᠭᠤ ᠎ ᠲᠠᠢ ᠴᠤ ᠵᠦᠢᠷᠯᠡᠰᠢ ᠦᠭᠡᠢ ᠥᠨᠡᠳᠦ ᠴᠢᠮᠡᠭ ᠮᠦᠨ  ᠃ ᠦᠨᠡᠨ ᠎ ᠢ ᠬᠡᠯᠡᠬᠦ ᠎ ᠳᠤ  ᠂ ᠵᠠᠩ ᠴᠢᠨᠠᠷ ᠎ ᠤᠨ ᠰᠠᠶᠢᠬᠠᠨ ᠎ ᠢᠶᠠᠷ ᠬᠥᠮᠥᠨ ᠎ ᠤ ᠳᠤᠷ᠎ᠠ ᠰᠡᠦᠨᠬᠢᠯ  ᠎ ᠢ ᠲᠠᠲᠠᠵᠤ ᠴᠢᠳᠠᠬᠤ  ᠎ ᠠᠴᠠ ᠪᠢᠰᠢ ᠦᠨᠡᠳᠦ ᠡᠳ᠋ᠯᠡᠯ ᠠᠯᠲᠠ ᠮᠥᠩᠭᠦ  ᠎ ᠪᠠᠷ ᠬᠥᠮᠥᠨ ᠎ ᠢ ᠲᠠᠲᠠᠨ᠎ᠠ ᠭᠡᠭᠴᠢ ᠬᠤᠯᠠ  ᠎ ᠶᠢᠨ ᠬᠠᠷᠠᠯᠲᠠ ᠦᠭᠡᠢ ᠬᠤᠷᠤᠮ ᠵᠠᠭᠤᠷ᠎ᠠ ᠎ ᠶᠢᠨ ᠶᠠᠪᠤᠳᠠᠯ ᠪᠠᠶᠢᠵᠤ᠂ ᠵᠥᠨᠥᠭ ᠪᠣᠳᠤᠯ  ᠎ ᠤᠨ ᠨᠢᠭᠡ ᠲᠡᠳᠦᠢ ᠶᠤᠮ  ᠃ ᠬᠥᠮᠥᠨ ᠎ ᠤ ᠥᠨ᠎ᠡ ᠴᠡᠨ᠎ᠡ ᠎ ᠨᠢ ᠵᠠᠩ ᠪᠣᠯᠣᠨ ᠴᠢᠨᠠᠷ ᠎ ᠲᠤ ᠪᠠᠨ ᠪᠠᠶᠢᠳᠠᠭ  ᠃ ᠲᠥᠪ ᠭᠤᠤᠯᠴᠢ ᠴᠢᠭᠡᠴᠢ ᠰᠢᠯᠤᠭᠤᠨ ᠵᠠᠩ ᠎ ᠲᠠᠢ ᠂ ᠡᠶᠡᠪᠡᠷᠭᠦᠦ ᠵᠥᠬᠡᠯᠡᠨ ᠡᠶᠡᠯᠳᠡᠭ ᠰᠠᠶᠢᠬᠠᠨ ᠠᠭᠠᠰᠢ ᠎ ᠲᠠᠢ  ᠂ ᠢᠴᠢᠬᠦ  ᠎ ᠶᠢ ᠮᠡᠳᠡᠵᠦ ᠵᠣᠪᠠᠭ᠋ᠤ ᠎ ᠶᠢ ᠤᠢᠢᠯᠠᠭᠠᠳᠠᠭ ᠴᠡᠪᠡᠷ ᠠᠷᠢᠭᠤᠨ ᠪᠣᠳᠤᠯ  ᠎ ᠲᠠᠢ  ᠂ ᠬᠤᠪᠢᠨᠴᠢᠷ ᠰᠢᠨᠤᠯ  ᠎ ᠤᠨ ᠰᠡᠦᠨᠬᠢᠯ ᠦᠭᠡᠢ  ᠂ ᠥᠭᠬᠢᠶᠡᠮᠦᠷ ᠠᠭᠤᠵᠢᠭᠤ ᠰᠡᠦᠨᠬᠢᠯ ᠎ ᠲᠠᠢ᠂ ᠢᠲᠡᠭᠡᠯ ᠲᠦᠭᠦᠷᠡᠩ ᠬᠦᠰᠡᠯ ᠰᠠᠶᠢᠲᠠᠢ  ᠂ ᠥᠷᠦᠭᠡᠯ ᠪᠣᠰᠣᠤᠨ ᠎ ᠢ ᠥᠷᠦᠪᠳᠡᠵᠦ ᠬᠠᠶᠢᠷᠠᠯᠠᠬᠤ ᠎ ᠶᠢᠨ ᠳᠠᠭᠠᠤ ᠲᠤᠰᠠᠯᠠᠵᠤ ᠪᠠᠶᠢᠬᠤ ᠵᠡᠷᠭᠡ ᠪᠣᠯ ᠪᠡᠶ᠎ᠡ ᠰᠡᠦᠨᠬᠢᠯ ᠤᠨ ᠳᠡᠭᠡᠳᠦ ᠵᠡᠷᠭᠡ ᠎ ᠶᠢᠨ ᠴᠢᠮᠡᠭ ᠮᠦᠨ  ᠃ ᠡᠭᠦᠨ ᠎ ᠢᠶᠠᠷ ᠯᠠ ᠪᠡᠶ᠎ᠡ ᠰᠡᠦᠨᠬᠢᠯ ᠎ ᠢᠶᠠᠨ ᠴᠢᠮᠡᠵᠦ ᠶᠠᠪᠣᠬᠰᠠᠨ ᠴᠠᠭ ᠎ ᠲᠤ ᠴᠡᠩᠭᠡᠯ ᠵᠢᠷᠭᠠᠯ ᠵᠡᠷᠬᠡᠴᠡᠨ ᠰᠠᠭᠠᠲᠠᠵᠤ  ᠂ ᠨᠡᠶᠢᠭᠡᠮ ᠨᠡᠶᠢᠲᠡ ᠶᠢᠨ ᠥᠷᠭᠡᠨ ᠲᠠᠭᠠᠰᠢᠶᠠᠯ ᠬᠠᠯᠠᠭᠤᠨ ᠬᠦᠷᠢᠶᠡᠯᠡᠯ ᠎ ᠢ ᠣᠯᠬᠤ ᠎ ᠨᠢ ᠳᠠᠮᠵᠢᠭ ᠦᠭᠡᠢ  ᠃
 
ᠢᠷᠡᠯᠲᠡ᠄ ᠲᠦᠩᠯᠢᠶᠥᠥ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号