ᠲᠠᠯ᠎ᠠ ᠶᠢᠨ ᠨᠤᠭᠤᠭᠠᠨ ᠳᠡᠨᠵᠢᠨ ᠳᠠᠬᠢ ᠲᠠᠨᠠᠨ ᠴᠠᠭᠠᠨ ᠮᠣᠩᠭᠤᠯ ᠭᠡᠷ ᠰᠢᠨ᠎ᠡ ᠮᠠᠶ᠋ᠢᠭ ᠤᠨ ᠡᠳ᠋ᠯᠡᠯ | ᠬᠡᠷᠡᠭᠰᠡᠯ ᠢᠶᠠᠷ ᠥᠪᠴᠢ ᠴᠢᠮᠡᠭᠯᠡᠭᠳᠡᠵᠦ᠂ ᠵᠠᠯᠠᠭᠤ ᠬᠤᠣᠰ ᠤᠨ ᠰᠢᠨ᠎ᠡ ᠠᠮᠢᠳᠣᠷᠠᠯ ᠢᠨᠢᠶᠡᠳᠦ ᠪᠠᠶᠠᠷ ᠲᠠᠢ᠂ ᠢᠲᠡᠭᠡᠯ | ᠳᠦᠭᠦᠷᠡᠩ ᠡᠬᠢᠯᠡᠵᠦ ᠪᠠᠶᠢᠨ᠎ᠡ᠃ | ᠪᠠᠷᠠᠭᠤᠨ ᠦᠵᠦᠮᠦᠴᠢᠨ ᠬᠤᠰᠢᠭᠤᠨ ᠤ ᠪᠠᠶᠠᠨᠬᠤᠰᠢᠭᠤ ᠰᠣᠮᠣᠨ ᠤ ᠴᠢᠯᠠᠭᠤᠲᠤ ᠭᠠᠴᠠᠭᠠᠨ ᠤ ᠦᠨᠡᠨᠪᠠᠶᠠᠷ | ᠭᠡᠷᠭᠡᠢ ᠬᠤᠪᠤᠷᠴᠡᠴᠡᠭ ᠲᠠᠢ ᠪᠠᠨ ᠬᠤᠶᠠᠭᠤᠯᠠ 2020 ᠤᠨ ᠳᠤ ᠬᠤᠷᠢᠮᠯᠠᠵᠤ᠂ ᠤᠰᠤ ᠴᠠᠬᠢᠯᠭᠠᠨ ᠠᠯᠢ ᠠᠯᠢ ᠨᠢ | ᠴᠤ ᠲᠤᠲᠠᠬᠤ ᠦᠭᠡᠢ᠂ ᠣᠳᠣᠬᠢ ᠮᠠᠶ᠋ᠢᠭ ᠤᠨ ᠵᠠᠰᠠᠯ ᠴᠢᠮᠡᠭᠯᠡᠯ ᠲᠠᠢ ᠮᠤᠩᠭᠤᠯ ᠭᠡᠷ ᠲᠥᠭᠦᠭᠡᠷᠴᠤ ᠠᠶᠢᠯ ᠡᠷᠥᠬᠡ | ᠪᠤᠯᠵᠠᠢ᠃ ᠨᠢᠭᠡ ᠨᠢ 50 ᠲᠡᠭᠰᠢ ᠳᠦᠷᠪᠡᠯᠵᠢᠨ ᠮᠧᠲᠷ᠂ ᠨᠥᠭᠦᠭᠡ ᠨᠢ 30 ᠲᠡᠭᠰᠢ ᠳᠦᠷᠪᠡᠯᠵᠢᠨ ᠮᠧᠲᠷ ᠤᠨ ᠡᠨᠡ | ᠬᠦ ᠵᠡᠷᠭᠡᠴᠡᠭᠡ ᠬᠤᠶᠠᠷ ᠮᠤᠩᠭᠤᠯ ᠭᠡᠷ ᠤᠨ ᠰᠢᠷᠡᠭᠡ ᠰᠠᠨᠳᠠᠯᠢ᠂ ᠠᠪᠳᠠᠷ᠎ᠠ ᠬᠤᠷᠭᠤ ᠨᠢ ᠠᠰᠠᠷ ᠲᠠᠭᠲᠤ ᠶᠢᠨ ᠡᠳ᠋ᠯᠡᠯ | ᠬᠡᠷᠡᠭᠰᠡᠯ ᠲᠠᠢ ᠠᠳᠠᠯᠢᠬᠠᠨ ᠶᠠᠩᠵᠤ ᠬᠡᠯᠪᠡᠷᠢ ᠲᠠᠢ ᠪᠠᠶᠢᠵᠤ᠂ ᠵᠣᠴᠢᠨ ᠤ ᠥᠷᠦᠭᠡ᠂ ᠬᠤᠭᠤᠯᠠ ᠤᠮᠳᠠ ᠶᠢᠨ ᠭᠡᠷ | ᠭᠡᠵᠦ ᠬᠤᠶᠠᠷ ᠳᠠᠰᠣᠯᠭ᠎ᠠ ᠬᠤᠪᠢᠶᠠᠨ᠂ ᠭᠡᠷ ᠳᠤᠲᠤᠷ᠎ᠠ ᠪᠠᠨ ᠭᠠᠷ ᠬᠥᠷᠬᠦ ᠵᠠᠢ ᠳᠤ ᠤᠰᠤ ᠴᠠᠬᠢᠯᠭᠠᠨ ᠪᠦᠷᠢᠨ᠂ | ᠪᠤᠳᠤᠭᠲᠤ ᠲᠧᠯᠸᠢᠰ᠂ ᠬᠥᠯᠳᠡᠭᠡᠭᠦᠷ ᠮᠠᠰᠢᠨ᠂ ᠬᠤᠪᠴᠠᠰᠤ ᠤᠭᠢᠶᠠᠬᠤ ᠮᠠᠰᠢᠨ᠂ ᠲᠤᠭᠤᠰᠤ ᠰᠤᠷᠤᠬᠤ ᠮᠠᠰᠢᠨ | ᠵᠡᠷᠭᠡ ᠴᠠᠬᠢᠯᠭᠠᠨ ᠬᠡᠷᠡᠭᠰᠡᠯ ᠢ ᠢᠵᠢ ᠪᠦᠷᠢᠳᠦᠭᠦᠯᠵᠦ᠂ ᠳᠤᠯᠠᠭᠠᠨ ᠲᠠᠭᠠᠯᠠᠮᠵᠢᠲᠠᠢ᠂ ᠲᠤᠬᠢᠯᠢᠭ ᠰᠠᠶᠢᠬᠠᠨ ᠠᠮᠢᠳᠤᠷᠠᠵᠤ | ᠪᠠᠶᠢᠯ᠎ᠠ︕ | ᠦᠨᠡᠨᠪᠠᠶᠠᠷ᠂ ᠬᠤᠪᠤᠷᠴᠡᠴᠡᠭ ᠬᠤᠶᠠᠭᠤᠯᠠ ᠪᠠᠨ ᠶᠡᠷᠡᠭᠡᠳ ᠤᠨ ᠳᠤ ᠲᠥᠷᠦᠭᠰᠡᠨ ᠰᠢᠨ᠎ᠡ ᠴᠠᠭ ᠥᠶ᠎ᠡ ᠶᠢᠨ | ᠵᠠᠯᠠᠭᠤᠴᠤᠳ ᠭᠡᠯᠡ ᠴᠤ ᠤᠯᠠᠮᠵᠢᠯᠠᠯᠲᠤ ᠮᠣᠩᠭᠤᠯ ᠭᠡᠷ ᠲᠡᠭᠡᠨ ᠠᠶᠢᠯ ᠡᠷᠦᠬᠡ ᠪᠠᠨ ᠪᠣᠰᠬᠠᠵᠤ᠂ ᠮᠣᠷᠢ ᠤᠨᠤᠵᠤ᠂ | ᠥᠨᠢᠶ᠎ᠡ ᠮᠠᠯ ᠢᠶᠠᠨ ᠰᠠᠭᠠᠨ ᠤᠯᠠᠮᠵᠢᠯᠠᠯᠲᠤ ᠮᠠᠯᠵᠢᠬᠤ ᠠᠮᠢᠳᠣᠷᠠᠯ ᠢᠶᠠᠨ ᠰᠢᠨ᠎ᠡ ᠴᠠᠭ ᠦᠶ᠎ᠡ ᠳᠤ ᠵᠣᠬᠢᠴᠠᠭᠤᠯᠤᠨ | ᠬᠠᠭᠤᠴᠢᠨ ᠢᠶᠠᠨ ᠤᠷᠬᠢᠯ ᠦᠭᠡᠢ᠂ ᠰᠢᠨ᠎ᠡ ᠠᠴᠠ ᠬᠤᠴᠤᠷᠣᠯ ᠦᠭᠡᠢ ᠬᠦᠰᠡᠯ ᠳᠦᠭᠦᠷᠡᠩ᠂ ᠢᠲᠡᠭᠡᠯ ᠪᠠᠲᠤ ᠢᠷᠡᠬᠦ | ᠮᠠᠷᠭᠠᠰᠢ ᠪᠠᠨ ᠤᠭᠳᠤᠨ᠎ᠠ᠃ | ᠦᠩᠭᠡᠷᠡᠭᠰᠡᠨ ᠵᠠᠭᠤᠨ ᠳᠤ ᠨᠢᠭᠡ ᠠᠶᠢᠯ ᠭᠡᠷ ᠤᠨ ᠠᠷᠪᠠᠭᠠᠳ ᠠᠮᠠ ᠪᠥᠯᠢ ᠳᠥᠷᠪᠡ ᠲᠠᠪᠤᠬᠠᠨ ᠬᠠᠨ᠎ᠠ ᠲᠠᠢ | ᠮᠣᠩᠭᠤᠯ ᠭᠡᠷ ᠲᠤ ᠥᠯᠦᠰᠭᠦᠯᠡᠩ ᠭᠠᠴᠢᠭ ᠢ ᠲᠤᠭᠤᠯᠵᠤ ᠪᠠᠶᠢᠭᠰᠠᠨ ᠪᠣᠯ᠂ ᠦᠭᠡᠷᠡᠴᠢᠯᠡᠯᠲᠡ ᠭᠥᠭᠵᠢᠯᠲᠡ ᠶᠢ | ᠦᠩᠭᠡᠷᠡᠭᠡᠭᠡᠳ ᠥᠨᠥᠳᠦᠷ ᠪᠣᠯᠬᠤ ᠳᠤ ᠮᠠᠯᠴᠢᠳ ᠡᠶᠢᠨ ᠬᠦ ᠮᠠᠰᠢᠨ ᠮᠧᠬᠠᠨᠢᠭᠴᠢᠯᠠᠭᠰᠠᠨ ᠤᠳᠤᠬᠢᠴᠢᠯᠠᠭᠰᠠᠨ ᠰᠢᠨ᠎ᠡ | ᠠᠮᠢᠳᠣᠷᠠᠯ ᠳᠤ ᠬᠦᠴᠦ ᠤᠶᠤᠨ ᠢᠶᠠᠨ ᠰᠦᠢᠵᠤ᠂ ᠠᠮᠢᠳᠣᠷᠠᠯ ᠦᠢᠯᠡᠰ ᠢᠶᠠᠨ ᠥᠭᠡᠳᠡ ᠪᠠᠨ ᠲᠠᠲᠠᠵᠤ ᠶᠠᠪᠤᠨᠠᠮ︕ | | | | | | | | | | | |