ᠲᠤᠮᠳᠠᠳᠥ ᠤᠯᠤᠰ ᠤᠨ ᠡᠪ ᠬᠠᠮᠳᠥ ᠨᠠᠮ ᠪᠠᠶᠢᠭᠤᠯᠤᠭᠲᠠᠭᠰᠠᠨ 100 ᠵᠢᠯ ᠤᠨ ᠤᠢ ᠶᠢ ᠪᠡᠯᠭᠡᠯᠡᠬᠦ ᠪᠠᠶᠠᠷᠲᠤ | ᠮᠥᠴᠡ ᠪᠠᠷ ᠠᠪᠠᠭ᠎ᠠ ᠲᠥᠮᠡᠨ ᠮᠠᠨᠢ ᠠᠶ᠎ᠠ ᠲᠠᠭᠤᠤ ᠪᠠᠨ ᠡᠭᠡᠰᠢᠭᠯᠡᠬᠦᠯᠥᠨ᠂ ᠲᠠᠯ᠎ᠠ ᠨᠤᠲᠤᠭ ᠤᠨ ᠥᠬᠢᠳ ᠬᠥᠪᠡᠬᠦᠳ | ᠨᠠᠮ ᠤᠨ ᠢᠶᠠᠨ ᠠᠴᠢ ᠭᠠᠪᠢᠶ᠎ᠠ ᠶᠢ ᠲᠠᠭᠤᠯᠠᠵᠥ᠂ ᠲᠤᠮᠲᠠᠲᠤ ᠤᠯᠤᠰ ᠤᠨ ᠡᠪ ᠬᠠᠮᠲᠤ ᠨᠠᠮ ᠤᠨ 100 ᠵᠢᠯ ᠤᠨ | ᠬᠡᠷᠡᠯ ᠰᠠᠴᠤᠷᠠᠩᠭᠤᠢ ᠲᠡᠥᠭᠡ ᠶᠢ ᠮᠠᠭᠲᠠᠨ ᠲᠠᠭᠤᠯᠠᠨ᠎ᠠ᠃ | ᠲᠤᠰ ᠬᠤᠰᠢᠭᠤᠨ ᠤ ᠴᠠᠭᠠᠨᠨᠠᠭᠤᠷ ᠪᠠᠯᠭᠠᠰᠤ ᠶᠢᠨ ᠨᠠᠮ ᠤᠨ ᠬᠤᠷᠢᠶ᠎ᠠ᠂ ᠵᠠᠰᠠᠭ ᠤᠨ ᠤᠷᠲᠤᠨ ᠠᠴᠠ ᠵᠤᠬᠢᠶᠠᠨ | ᠪᠠᠶᠢᠭᠤᠯᠤᠭᠰᠠᠨ ᠲᠠᠭᠤᠤ ᠶᠢᠨ ᠤᠷᠤᠯᠲᠤᠭᠠᠨ ᠨᠢ ᠮᠠᠯᠴᠢᠨ ᠲᠥᠮᠡᠨ᠂ ᠺᠠᠳ᠋ᠷ ᠠᠵᠢᠯᠲᠠᠨ ᠤ ᠤᠷᠤᠯᠴᠠᠯᠭ᠎ᠠ ᠲᠠᠢ | ᠬᠥᠭᠵᠢᠶᠡᠨᠲᠡᠢ ᠰᠠᠶᠢᠬᠠᠨ ᠪᠤᠯᠵᠥ ᠥᠡᠭᠭᠡᠷᠡᠯᠠ᠃ ᠤᠷᠤᠯᠲᠤᠭᠠᠨ ᠨᠢ ᠬᠠᠮᠲᠤ ᠶᠢᠨ ᠲᠠᠭᠤᠤ ᠪᠤᠯᠤᠨ ᠭᠤᠴᠤᠯᠠᠯ | ᠲᠠᠭᠤᠤ ᠭᠡᠵᠥ ᠬᠤᠶᠠᠷ ᠠᠭᠤᠯᠭ᠎ᠠ ᠬᠤᠪᠢᠶᠠᠨ ᠶᠠᠪᠤᠭᠲᠠᠵᠥ᠂ ᠪᠥᠬᠦ ᠪᠠᠯᠭᠠᠰᠤᠨ ᠤ 16 ᠭᠠᠴᠠᠭᠠᠨ ᠠᠴᠠ 13 | ᠭᠠᠴᠠᠭ᠎ᠠ ᠤᠷᠤᠯᠴᠠᠵᠥ᠂ 14 ᠪᠠᠶᠢᠭᠤᠯᠭ᠎ᠠ ᠨᠢᠭᠡᠴᠢ ᠤᠷᠤᠯᠴᠠᠵᠠᠢ︔ ᠶᠡᠬᠡᠭᠤᠤᠯ ᠰᠤᠮᠤ ᠱᠠᠩᠨᠠᠨ ᠬᠥᠬᠢᠬᠦᠯᠬᠦ᠂ | ᠲᠠᠬᠢᠨᠲᠠ ᠲᠠᠩᠭᠠᠷᠢᠭᠯᠠᠬᠤ᠂ ᠲᠤᠰᠬᠠᠢ ᠰᠡᠲᠤᠪᠲᠤ ᠪᠤᠯᠪᠠᠰᠤᠷᠠᠯ ᠬᠢᠭᠰᠡᠨ ᠮᠥᠷᠲᠡᠭᠡᠨ ᠲᠠᠭᠤᠤ ᠶᠢᠨ ᠤᠷᠤᠯᠲᠤᠭᠠᠨ᠂ | ᠰᠤᠨᠢᠷᠬᠠᠯᠲᠤ ᠠᠵᠢᠯᠯᠠᠭ᠎ᠠ ᠬᠢᠭᠡᠳ ᠮᠡᠲᠡᠯᠭᠡ ᠶᠢᠨ ᠤᠷᠤᠯᠲᠤᠭᠠᠨ ᠵᠤᠬᠢᠶᠠᠨ ᠪᠠᠶᠢᠭᠤᠯᠪᠠ︔ ᠬᠤᠨᠭ᠍ᠭᠤᠷᠭᠤᠤᠯ ᠪᠠᠯᠭᠠᠰᠤ | ︽ᠡᠬᠦᠷᠢᠲᠡ ᠨᠠᠮ ᠢᠶᠠᠨ ᠲᠠᠭᠠᠵᠥ᠂ ᠰᠢᠨ᠎ᠠ ᠴᠠᠭ ᠥᠶ᠎ᠠ ᠶᠢ ᠮᠠᠭᠲᠠᠨ ᠲᠠᠭᠤᠯᠠᠶ᠎ᠠ︾ ᠭᠡᠬᠦ ᠭᠤᠤᠯ ᠰᠡᠲᠤᠪᠲᠤ | ᠬᠠᠮᠲᠤ ᠶᠢᠨ ᠲᠠᠭᠤᠤ ᠶᠢᠨ ᠤᠷᠤᠯᠲᠤᠭᠠᠨ ᠡᠷᠬᠢᠯᠡᠵᠥ᠂ 12 ᠭᠠᠴᠠᠭ᠎ᠠ ᠤᠷᠤᠯᠴᠠᠪᠠ︔ ᠨᠠᠷᠠᠨᠪᠤᠯᠠᠭ ᠰᠤᠮᠤ ᠶᠢᠨ 9 | ᠲᠤᠭᠤᠢᠢᠯᠠᠩ ᠤᠨ 200 ᠭᠠᠷᠤᠢ ᠬᠥᠮᠥᠨ ᠤ ᠤᠷᠤᠯᠴᠠᠯᠭ᠎ᠠ ᠲᠠᠢ ︽ᠨᠠᠮ ᠤᠨ ᠠᠴᠢ ᠶᠢ ᠬᠠᠷᠢᠭᠤᠯᠵᠥ ᠡᠬᠦᠷᠢᠲᠡ | ᠨᠠᠮ ᠢᠶᠠᠨ ᠲᠠᠭᠠᠶ᠎ᠠ︾ ᠭᠡᠬᠦ ᠭᠤᠤᠯ ᠰᠡᠲᠤᠪᠲᠤ ᠲᠠᠭᠤᠤ ᠶᠢᠨ ᠤᠷᠤᠯᠲᠤᠭᠠᠨ ᠪᠠᠰᠠ ᠬᠥᠷ ᠬᠥᠭᠵᠢᠶᠡᠨ ᠲᠠᠢ | ᠶᠠᠪᠤᠭᠲᠠᠭᠰᠠᠨ ᠪᠠᠶᠢᠨ᠎ᠠ᠃ | ᠤᠷᠴᠢᠮ ᠤᠨ ᠡᠲᠥᠷ ᠲᠤᠰ ᠬᠤᠰᠢᠭᠤᠨ ᠤ ᠡᠯ᠎ᠠ ᠰᠤᠮᠤ ᠪᠠᠯᠭᠠᠰᠤᠨ ᠳᠤ ᠠᠶ᠎ᠠ ᠬᠥᠭᠵᠢᠮ ᠤᠨ ᠤᠶᠠᠩᠭ᠎ᠠ ᠲᠠᠢ᠂ | ᠠᠶᠠᠯᠭᠤ ᠲᠠᠭᠤᠤ ᠶᠢᠨ ᠡᠬᠡᠰᠢᠭ ᠲᠠᠢ ᠲᠠᠭᠤᠤ ᠶᠢᠨ ᠤᠷᠤᠯᠲᠤᠭᠠᠨ ᠶᠠᠪᠤᠭᠲᠠᠵᠥ᠂ ᠨᠠᠮ ᠪᠠᠶᠢᠭᠤᠯᠤᠭᠲᠠᠭᠰᠠᠨ 100 | ᠵᠢᠯ ᠤᠨ ᠤᠢ ᠶᠢ ᠪᠡᠯᠭᠡᠯᠡᠬᠦ ᠠᠵᠢᠯᠯᠠᠭ᠎ᠠ ᠲᠠᠶᠢᠰᠠᠨ ᠤ ᠤᠷᠠᠯᠢᠭ ᠤᠨ ᠬᠤᠪᠢ ᠪᠠᠷ ᠲᠥᠮᠡᠨ ᠤ ᠰᠡᠳᠬᠢᠯ ᠳᠤ ᠬᠥᠷᠴᠥ᠂ | ᠠᠴᠢᠲᠤ ᠨᠠᠮ ᠠᠭᠤᠤ ᠤᠯᠤᠰ ᠤᠨ ᠮᠠᠭᠲᠠᠭᠠᠯ᠂ ᠬᠤᠪᠢᠰᠬᠠᠯᠲᠤ ᠲᠡᠥᠭᠡ᠂ ᠡᠷᠡᠰ ᠬᠠᠲᠠᠨ ᠵᠤᠷᠢᠭ ᠰᠠᠨᠠᠭ᠎ᠠ ᠶᠢᠨ | ᠡᠷᠬᠢᠴᠡᠬᠦᠯᠥᠯ ᠪᠥᠬᠦᠨ ᠨᠢ ᠠᠶᠠᠯᠭᠤ ᠡᠬᠡᠰᠢᠭ ᠤᠨ ᠬᠡᠯᠪᠡᠷᠢ ᠪᠠᠷ ᠤᠯᠠᠨ ᠤ ᠰᠡᠳᠬᠢᠯ ᠳᠤ ᠬᠠᠲᠠᠩᠰᠢᠵᠥ ᠪᠠᠶᠢᠨ᠎ᠠ᠃ |