ᠪᠠᠶᠠᠷᠮᠦ᠋ᠷᠡᠨ ᠂ ᠪᠠᠷᠠᠭᠤᠨ ᠦᠵᠦᠮᠦᠴᠢᠨ ᠬᠤᠰᠢᠭᠤᠨ ᠤ ᠴᠠᠶᠢᠳᠠᠮ ᠰᠤᠮᠤᠨ ᠤ ᠬᠠᠷᠢᠶᠠᠳᠦ ᠸᠴᠢᠷ᠂ | ᠡᠭᠦᠯᠡᠩᠬᠤᠸᠠᠷ ᠬᠤᠶᠠᠷ ᠤᠨ ᠪᠠᠭ᠎ᠠ ᠬᠥᠦ ᠨᠢ ᠪᠤᠯᠵᠤ ᠵᠠᠶᠠᠭᠠᠨ᠂ ᠠᠪᠤ ᠡᠵᠢ ᠶᠢᠨ ᠵᠶ᠋ᠠᠨᠨᠢᠳᠦᠨ ᠤ ᠴᠠᠴᠠᠭᠡᠢ ᠮᠡᠳᠦ | ᠡᠨᠡᠷᠢᠯ ᠬᠠᠶᠢᠷ᠎ᠠ ᠶᠢᠨ ᠲᠤᠮᠳᠠ ᠦᠰᠴᠦ᠂ ᠬᠠᠷᠠᠬᠠᠨ ᠪᠠᠭ᠎ᠠ ᠠᠴᠠ ᠪᠠᠨ ᠠᠪᠢᠶᠠᠰ᠂ ᠰᠤᠨᠤᠰᠬᠤᠯᠠᠩ ᠤᠨ ᠮᠡᠳᠡᠷᠡᠮᠵᠢ | ᠲᠠᠢ ᠶᠢ ᠮᠠᠳᠠᠷᠡᠭᠰᠡᠨ ᠡᠵᠢ ᠠᠪᠤ ᠨᠢ ᠬᠥᠦ ᠪᠠᠨ ᠲᠠᠭᠤᠤ ᠤᠷᠠᠯᠢᠭ ᠲᠠᠢ ᠨᠥᠬᠦᠷᠯᠡᠭᠦᠯᠵᠠᠢ᠃ ᠠᠷᠪᠠᠨ ᠨᠠᠰᠤᠳᠠᠢ ᠳᠤ | ᠪᠠᠨ ᠤᠷᠤᠯᠴᠠᠭᠰᠠᠨ ᠪᠠᠭ᠎ᠠ ᠰᠤᠷᠭᠠᠭᠤᠯᠢ ᠶᠢᠨ ᠤᠷᠠᠯᠢᠭ ᠤᠨ ᠦᠵᠡᠭᠦᠯᠭᠡ ᠠᠴᠠ ᠱᠠᠩᠨᠠᠯ ᠬᠦᠷᠳᠡᠭᠰᠡᠨ ᠶᠠᠪᠤᠳᠠᠯ ᠨᠢ | ᠪᠠᠶᠠᠷᠮᠦ᠋ᠷᠡᠨ ᠤ ᠬᠤᠪᠢ ᠳᠤ ᠤᠷᠠᠯᠢᠭ ᠤᠨ ᠵᠠᠮ ᠮᠥᠷ ᠤᠨ ᠭᠢᠨᠢ ᠭᠠᠷᠤᠭ᠎ᠠ ᠪᠤᠯᠵᠤ᠂ ᠠᠷᠪᠠᠨ ᠭᠤᠷᠪᠠᠭ᠋ᠠᠨ | ᠨᠠᠰᠤᠳᠠᠢ ᠬᠥᠦ ᠬᠤᠭᠤᠷ ᠬᠥᠭᠵᠢᠮ ᠤᠨ ᠡᠷᠳᠡᠮ ᠳᠤ ᠪᠤᠯᠪᠠᠰᠤᠷᠠᠬᠤ ᠪᠠᠷ 2003 ᠤᠨ ᠳᠤ ᠬᠥᠬᠡᠬᠤᠳᠠ ᠶᠢ | ᠵᠤᠷᠢᠭᠰᠠᠨ ᠪᠠᠶᠢᠨ᠎ᠠ᠃ ᠤᠷᠢᠤᠨ ᠬᠤᠵᠢᠤᠨ ᠬᠤᠷᠢᠳᠤᠭᠠᠷ ᠵᠠᠭᠤᠨ ᠤ ᠨᠡᠷᠡᠳᠦ ᠮᠤᠷᠢᠨ ᠬᠤᠭᠤᠷᠴᠢᠨ ᠵᠠᠳᠠᠮᠪᠠ᠂ | ᠮᠤᠩᠭᠤᠯ ᠤᠯᠤᠰ ᠤᠨ ᠤᠳᠤᠰᠦ᠋ᠷᠦᠭ᠂ ᠠᠯᠳ᠋ᠬᠠᠤᠳᠦ᠂ ᠴᠤᠬᠳᠦᠭᠡᠷᠡᠯ ᠪᠤᠯᠤᠨ ᠲᠤᠮᠳᠠᠳᠤ ᠣᠯᠤᠰ ᠤᠨ | ᠰᠢᠡᠵᠢᠶᠠᠩ ᠤᠨ ᠲᠤᠶᠠᠭ᠎ᠠ ᠨᠠᠷ ᠠᠴᠠ ᠮᠤᠷᠢᠨ ᠬᠤᠭᠤᠷ᠂ ᠬᠥᠭᠡᠮᠠᠢ᠂ ᠲᠤᠪᠰᠢᠭᠤᠷ ᠤᠨ ᠮᠡᠳᠡᠯᠭᠡ ᠮᠡᠷᠭᠡᠵᠢᠯ | ᠬᠦᠷᠳᠡᠭᠰᠡᠨ ᠪᠠᠶᠠᠷᠮᠦ᠋ᠷᠡᠨ ᠲᠡᠤᠡᠮᠠ ᠤᠷᠠᠯᠢᠭ ᠤᠨ ᠲᠡᠭᠡᠳᠦ ᠰᠤᠷᠭᠠᠭᠤᠯᠢ ᠪᠠᠨ ᠠᠮᠵᠢᠯᠳᠠᠳᠠᠢ ᠳᠡᠭᠦᠰᠴᠤ᠂ 2009 | ᠤᠨ ᠳᠤ ᠵᠡᠬᠦᠨ ᠦᠵᠦᠮᠦᠴᠢᠨ ᠬᠤᠰᠢᠭᠤᠨ ᠤ ᠤᠯᠠᠭᠠᠡᠮᠦ᠋ᠴᠢᠷ ᠲᠤ ᠰᠢᠯᠭᠠᠨ ᠤᠷᠤᠵᠤ ᠠᠵᠢᠯᠯᠠᠵᠠᠢ᠃ ᠤᠳᠤ | ᠪᠠᠶᠠᠷᠮᠦ᠋ᠷᠡᠨ ᠠᠶᠢᠯ ᠭᠡᠷ ᠲᠤ ᠪᠠᠨ ᠪᠤᠯᠠᠭ᠎ᠠ ᠡᠰᠬᠡᠭᠴᠢ ᠦᠷ᠎ᠡ ᠲᠠᠢ ᠂ ᠠᠮᠠ ᠪᠦᠯᠢ ᠭᠤᠷᠪᠠᠭᠤᠯᠠ ᠠᠵᠠ ᠵᠢᠷᠭᠠᠯ ᠲᠠᠢ | ᠠᠮᠢᠳᠤᠷᠠᠯ ᠡᠷᠬᠦᠵᠦ ᠶᠠᠪᠤᠨ᠎ᠠ᠃ | ᠪᠠᠶᠢᠭᠠᠯᠢ ᠪᠤᠯᠤᠨ ᠠᠮᠢᠳᠤᠷᠠᠯ ᠠᠴᠠ ᠡᠬᠢ ᠠᠪᠴᠤ ᠡᠭᠦᠳᠦᠭᠰᠡᠨ ᠠᠷᠠᠤᠨ ᠤᠨ ᠢᠵᠠᠭᠤᠷ ᠤᠷᠠᠯᠢᠭ ᠬᠥᠭᠡᠮᠠᠢ | ᠨᠢ ᠲᠠᠯᠠᠭᠡᠢ ᠶᠢᠨ ᠲᠥᠪᠰᠢᠨ ᠵᠦᠭ ᠬᠦᠭᠵᠢᠵᠦ ᠂ 2018 ᠤᠨ ᠳᠤ ᠮᠤᠩᠭᠤᠯ ᠤᠯᠤᠰ ᠤᠨ ᠬᠤᠪᠳᠦ ᠠᠶᠢᠮᠠᠭ ᠲᠤ | ᠪᠤᠯᠤᠭᠰᠠᠨ ᠲᠠᠪᠤᠳᠤᠭᠠᠷ ᠤᠳᠠᠭᠠᠨ ᠤ ᠤᠯᠠᠨ ᠤᠯᠤᠰ ᠤᠨ ᠬᠥᠭᠡᠮᠠᠢ ᠶᠢᠨ ᠤᠷᠤᠯᠳᠤᠭᠠᠨ ᠳᠤ ᠪᠠᠶᠠᠷᠮᠦ᠋ᠷᠡᠨ | ᠭᠤᠴᠤᠯᠠᠯ ᠬᠥᠭᠡᠮᠠᠢ᠂ ᠴᠢᠯᠥᠭᠡᠳᠦ ᠦᠵᠡᠬᠦᠯᠪᠦᠷᠢ ᠳᠤ ᠤᠷᠤᠯᠴᠠᠨ᠂ ᠮᠤᠩᠭᠤᠯ ᠤᠯᠤᠰ ᠤᠨ ᠰᠤᠶᠤᠯ ᠰᠢᠡᠵᠢᠯᠡᠬᠦ | ᠤᠬᠠᠭᠠᠨ ᠤ ᠶᠠᠮᠤᠨ᠂ ᠬᠤᠪᠳᠦ ᠠᠶᠢᠮᠠᠭ ᠤᠨ ᠵᠠᠰᠠᠭ ᠤᠨ ᠭᠠᠵᠠᠷ ᠤᠨ ᠲᠠᠮᠠᠭ᠎ᠠ ᠶᠢᠨ ᠭᠠᠵᠠᠷ᠂ ᠲᠡᠯᠡᠬᠡᠢ ᠶᠢᠨ | ᠬᠥᠭᠡᠮᠠᠢ ᠶᠢᠨ ᠬᠤᠯᠪᠤᠭ᠎ᠠ᠂ ᠮᠤᠩᠭᠤᠯ ᠬᠥᠭᠡᠮᠠᠢ ᠶᠢᠨ ᠬᠤᠯᠪᠤᠭᠠᠨ ᠠᠴᠠ ︽ᠬᠥᠭᠡᠮᠠᠢ ᠢᠵᠠᠭᠤᠷ ᠤᠷᠠᠯᠢᠭ ᠢ ᠥᠪᠯᠡᠨ | ᠲᠡᠭᠡᠭᠡᠭᠴᠢ︾ ᠭᠡᠰᠡᠨ ᠡᠷᠭᠦᠮᠵᠢᠯᠡᠯ ᠬᠦᠷᠲᠡᠵᠣ᠂ 2020 ᠤᠨ ᠳᠤ ᠪᠡᠭᠡᠵᠢᠩ ᠬᠤᠳᠠ ᠳᠤ ᠶᠠᠪᠤᠭᠳᠠᠭᠰᠠᠨ | ᠤᠯᠤᠰ ᠤᠨ ᠬᠡᠪᠴᠢᠶᠡᠨ ᠤ ᠲᠤᠮᠤ ᠠᠵᠢᠯᠯᠠᠭ᠎ᠠ ᠲᠡᠭᠡᠷ᠎ᠠ ᠪᠠᠶᠠᠷᠮᠦ᠋ᠷᠡᠨ ᠬᠥᠭᠡᠮᠠᠢ ᠢᠵᠠᠭᠤᠷ ᠤᠷᠠᠯᠢᠭ ᠤᠨ ᠤᠯᠠᠮᠵᠢᠯᠠᠨ | ᠬᠥᠭᠵᠢᠬᠦᠯᠥᠯᠳᠡ ᠳᠤ ᠲᠤᠪᠤᠶᠢᠮ᠎ᠠ ᠬᠤᠪᠢ ᠨᠡᠮᠡᠷᠢ ᠦᠵᠡᠬᠦᠯᠥᠭᠰᠡᠨ ᠢᠶᠠᠷ ᠢᠶᠠᠨ ︽ᠲᠤᠮᠳᠠᠳᠦ ᠤᠯᠤᠰ ᠤᠨ ᠤᠳᠦ | ᠦᠶ᠎ᠡ ᠶᠢᠨ ᠪᠤᠳᠠᠰ ᠤᠨ ᠪᠤᠰᠤ ᠰᠤᠶᠤᠯ ᠤᠨ ᠥᠪ ᠤᠨ ᠥᠪᠯᠡᠨ ᠤᠯᠠᠮᠵᠢᠯᠠᠭᠴᠢ︾ ᠶᠢᠨ ᠢᠷᠡᠭᠤ ᠠᠯᠳᠠᠷ | ᠬᠦᠷᠳᠡᠵᠦ᠂ ᠬᠥᠭᠡᠮᠠᠢ ᠶᠢᠨ ᠭᠠᠶᠢᠬᠠᠮᠰᠢᠬᠳᠦ ᠠᠶᠠᠯᠭᠤ ᠡᠭᠡᠰᠢᠭ ᠢ ᠲᠦᠮᠡᠨ ᠤ ᠭᠡᠭᠡᠨ ᠮᠡᠯᠮᠡᠢ ᠳᠤ ᠲᠤᠯᠢᠯᠠᠭᠤᠯᠤᠨ᠂ | ᠠᠯᠳᠠᠨ ᠰᠤᠨᠤᠷ ᠢ ᠮᠢᠯᠢᠶᠠᠭᠰᠠᠨ ᠬᠦᠡᠳᠦᠤᠡᠭᠡᠯ ᠢ ᠭᠠᠷᠳᠠᠭᠰᠠᠨ ᠨᠢ ᠬᠥᠭᠡᠮᠠᠢ ᠤᠷᠠᠯᠢᠭ ᠤᠨ ᠨᠢᠭᠡᠨ ᠤᠳᠦ ᠲᠠᠢ | ᠶᠠᠪᠤᠭ᠎ᠠ ᠵᠠᠯᠠᠭᠤ ᠤᠷᠠᠯᠢᠭᠴᠢᠨ ᠤ ᠤᠮᠤᠭᠰᠢᠯ᠂ ᠤᠰᠤ ᠨᠤᠳᠤᠭ ᠤᠨ ᠠᠯᠳᠠᠷ ᠢ ᠲᠠᠭᠤᠷᠢᠰᠬᠠᠵᠤ᠂ ᠬᠦᠮᠦᠨ | ᠵᠤᠨ ᠤ ᠪᠠᠨ ᠪᠠᠭ᠋ᠠᠷᠬᠠᠯ ᠪᠤᠯᠤᠭᠰᠠᠨ ᠪᠢᠯᠡ᠃ | ᠪᠠᠶᠠᠷᠮᠦ᠋ᠷᠡᠨ ᠤ ᠬᠥᠭᠡᠮᠠᠢ ᠠᠶᠠᠯᠭᠤ ᠨᠢ ᠶᠡᠷᠦ ᠠᠴᠠ ᠪᠠᠨ ᠬᠦᠮᠦᠨ ᠲᠦᠷᠦᠯᠭᠢᠳᠡᠨ ᠤ ᠮᠥᠩᠬᠡ ᠶᠢᠨ ᠰᠠᠳᠦᠪ | ᠬᠠᠶᠢᠷ᠎ᠠ ᠰᠡᠤᠡᠭᠢᠯ᠂ ᠡᠴᠢᠭᠡ ᠡᠬᠡ᠂ ᠨᠤᠳᠤᠭ ᠤᠰᠤ ᠶᠢ ᠬᠦᠨᠳᠡᠵᠦ᠂ ᠮᠤᠩᠭᠤᠯᠴᠤᠤᠨ ᠤᠨ ᠮᠢᠩᠭ᠎ᠠ ᠮᠢᠩᠭᠠᠨ ᠵᠢᠯ | ᠲᠡᠭᠡᠭᠡᠭᠰᠡᠨ ᠲᠡᠬᠦᠰ ᠠᠶᠠᠯᠭᠤ ᠪᠠᠷ ᠬᠥᠮᠦᠰ ᠤᠨ ᠰᠡᠤᠡᠭᠢᠯ ᠤᠨ ᠭᠥᠭ ᠢ ᠠᠯᠳᠠᠷᠠᠭᠤᠯᠵᠤ᠂ ᠲᠡᠬᠦᠨ ᠢ | ᠪᠤᠯᠪᠠᠰᠤᠷᠠᠭᠤᠯᠤᠭᠰᠠᠨ ᠤᠬᠠᠭᠠᠨ ᠢ ᠥᠪᠯᠡᠭᠰᠡᠨ ᠪᠠᠶᠢᠳᠠᠭ᠃ ᠲᠡᠷᠡ ᠬᠥᠭᠡᠮᠠᠢ ᠪᠠᠷ ᠠᠯᠳᠠᠷᠰᠢᠭᠰᠠᠨ ᠢᠶᠠᠷ ᠪᠠᠷᠠᠬᠤ | ᠦᠭᠡᠢ᠂ ᠤᠯᠠᠨ ᠬᠥᠭᠵᠢᠮ ᠤᠨ ᠵᠢᠮᠰᠡᠭ ᠤᠳ ᠢ ᠬᠥᠭᠵᠢᠮᠳᠠᠵᠦ ᠴᠢᠳᠠᠳᠠᠭ ᠨᠢ ᠲᠡᠬᠦᠨ ᠤ ᠤᠯᠠᠨ ᠠᠴᠠ ᠴᠤᠶᠢᠯᠠᠭᠰᠠᠨ | ᠠᠪᠢᠶᠠᠰ ᠴᠢᠳᠠᠪᠦᠷᠢ᠃ ᠤᠷᠢᠤᠨ ᠬᠤᠵᠢᠤᠨ ᠵᠡᠬᠦᠨ ᠦᠵᠦᠮᠦᠴᠢᠨ ᠬᠤᠰᠢᠭᠤᠨ ᠤ | ᠤᠯᠠᠭᠠᠡᠮᠦ᠋ᠴᠢᠷ ᠲᠤ ᠪᠠᠨ《ᠬᠠᠭᠤᠴᠢᠤᠨ》ᠬᠠᠮᠳᠤᠯᠢᠭ ᠢ ᠡᠬᠦᠰᠭᠡᠨ ᠪᠠᠶᠢᠭᠤᠯᠤᠭᠴᠢ ᠂ ᠬᠥᠭᠡᠮᠠᠶᠢᠴᠢᠨ᠂ | ᠲᠤᠪᠰᠢᠭᠤᠷᠴᠢᠨ᠂ ᠮᠤᠷᠢᠨ ᠬᠤᠭᠤᠷᠴᠢᠨ᠂ ᠲᠠᠭᠤᠴᠢᠨ᠂ ᠡᠯᠧᠺᠲᠷᠣᠨ ᠬᠥᠭᠵᠢᠮᠴᠢᠨ ᠵᠡᠷᠭᠡ ᠨᠢᠭᠡ ᠳᠤ ᠮᠡᠷᠭᠡᠰᠢᠵᠦ | ᠤᠯᠠᠨ ᠳᠤ ᠴᠠᠭᠠᠷᠠᠭᠰᠠᠨ ᠤᠯᠠᠭᠠᠡᠮᠦ᠋ᠴᠢᠷ ᠤᠨ ᠠᠪᠢᠶᠠᠰᠳᠠᠨ᠃ 2015 ᠤᠨ ᠳᠤ᠂ ᠲᠡᠷᠡ ᠬᠤᠰᠢᠭᠤᠨ | ᠲᠥᠪ ᠲᠤ ᠪᠠᠨ《 ᠬᠠᠨ ᠠᠶᠠᠯᠭᠤ》ᠬᠡᠤᠬᠡᠤᠨ ᠪᠠᠭᠠᠴᠤᠤᠨ ᠲᠤ ᠵᠤᠷᠢᠭᠤᠯᠤᠭᠰᠠᠨ ᠬᠥᠭᠡᠮᠠᠢ ᠤᠷᠠᠯᠢᠭ ᠤᠨ ᠵᠢᠭᠠᠨ | ᠰᠤᠷᠭᠠᠯᠳᠠ ᠶᠢᠨ ᠲᠥᠪ ᠡᠷᠬᠢᠯᠡᠵᠤ᠂ ᠤᠳᠤᠬᠠᠨ ᠪᠤᠯᠳᠠᠯ᠎ᠠ ᠭᠤᠴᠢᠭᠠᠤᠨ ᠱᠠᠪᠢ ᠬᠥᠮᠦᠵᠢᠬᠦᠯᠥᠭᠰᠡᠨ ᠢᠶᠠᠷ ᠪᠠᠷᠠᠬᠤ | ᠦᠭᠡᠢ᠂ ᠰᠢᠷᠭᠠᠭᠤ ᠬᠦᠳᠡᠯᠮᠦᠷᠢ ᠪᠠᠨ ᠵᠤᠷᠢᠭᠤᠯᠵᠤ ᠥᠪᠡᠷ ᠤᠨ ᠤᠷᠠᠨ ᠪᠦᠳᠦᠭᠡᠯ ᠢᠶᠠᠨ ᠭᠠᠷᠭᠠᠵᠠᠢ᠃ | ᠪᠠᠶᠠᠷᠮᠦ᠋ᠷᠡᠨ ᠤ ᠠᠪᠢᠶᠠᠰ ᠪᠢᠯᠢᠭ ᠨᠢ ᠠᠷᠠᠤᠨ ᠲᠥᠮᠡᠨ ᠳᠤ ᠪᠠᠨ ᠬᠤᠷᠴᠠᠯᠠᠭᠳᠠᠨ ᠤᠯᠠᠭᠠᠡᠮᠦ᠋ᠴᠢᠷ ᠤᠨ ᠬᠠᠮᠳᠦ | ᠤᠯᠠᠨ ᠲᠠᠢ ᠪᠠᠨ ᠤᠯᠠᠨ ᠰᠠᠶᠢᠬᠠᠨ ᠬᠥᠭᠢᠬᠦᠯᠥᠯ ᠱᠠᠩᠨᠠᠯ ᠢᠶᠠᠷ ᠡᠩᠭᠡᠷ ᠢᠶᠠᠨ ᠮᠢᠯᠢᠶᠠᠯᠭᠠᠵᠤ ᠶᠠᠪᠤᠭᠰᠠᠨ ᠪᠤᠯ | ᠲᠠᠯᠡᠬᠡᠢ ᠶᠢᠨ ᠤᠷᠠᠯᠢᠭ ᠤᠨ ᠲᠠᠪᠴᠠᠩ ᠳᠤ ᠬᠢ ᠬᠥᠭᠡᠮᠠᠢ ᠤᠷᠠᠯᠢᠭ ᠠᠴᠠ ᠤᠯᠠᠮ ᠶᠡᠭᠡ ᠢᠳᠡᠭᠡᠯ ᠵᠤᠷᠢᠭ᠂ ᠡᠷᠴᠢ | ᠬᠦᠴᠦ ᠡᠪᠦᠷᠯᠡᠵᠤ᠂ ᠦᠡᠳᠦᠰᠦᠳᠡᠨ ᠤ ᠪᠠᠨ ᠤᠯᠠᠮᠵᠢᠯᠠᠯᠳᠦ ᠥᠪ ᠰᠤᠶᠤᠯ ᠤᠨ ᠰᠤᠳᠤᠨ᠂ ᠢᠵᠡᠭᠤᠷ ᠤᠷᠠᠯᠢᠭ | ᠬᠥᠭᠡᠮᠠᠢ ᠶᠢ ᠪᠦᠬᠦ ᠤᠯᠤᠰ᠂ ᠲᠡᠷᠡᠴᠢᠯᠡᠨ ᠪᠦᠬᠦ ᠲᠡᠯᠡᠬᠡᠢ ᠶᠢᠨ ᠤᠷᠠᠯᠢᠭ ᠤᠨ ᠲᠠᠶᠢᠰᠠᠨ ᠳᠤ ᠢᠷᠡᠭᠤ ᠰᠤᠨᠤᠰᠬᠤᠯᠠᠩ | ᠲᠠᠢ ᠬᠠᠶᠢᠯᠠᠵᠤ ᠲᠤᠤᠯᠢᠬᠤ ᠬᠦᠰᠡᠯ ᠵᠤᠷᠢᠯᠳᠡ ᠲᠦᠬᠦᠷᠡᠩ ᠶᠠᠪᠤᠨ᠎ᠠ᠃ | ᠪᠠᠶᠠᠷᠮᠦ᠋ᠷᠡᠨ ᠤ ᠬᠦᠷᠳᠡᠭᠰᠡᠨ ᠢᠷᠡᠭᠤ ᠠᠯᠳᠠᠷ᠄ | 2009 ᠤᠨ ᠳᠤ《 ᠡᠪ ᠨᠠᠶᠢᠷᠠᠮᠳᠠᠭᠤ ᠠᠽᠢᠶ᠎ᠠ᠂ ᠡᠪ ᠨᠠᠶᠢᠷᠠᠮᠳᠠᠭᠤ ᠲᠡᠯᠡᠬᠡᠢ — ᠳᠤᠮᠳᠠᠳᠤ ᠶᠠᠫᠤᠨ | ᠰᠤᠯᠤᠩᠭᠤᠰ ᠤᠨ ᠰᠤᠶᠤᠯ ᠤᠨ ᠰᠤᠯᠢᠯᠴᠠᠭᠠᠨ ᠤ ᠦᠳᠡᠰᠢ》ᠤᠷᠠᠯᠢᠭ ᠤᠨ ᠦᠵᠠᠰᠭᠦᠯᠡᠩ ᠳᠤ ᠰᠢᠯᠢᠳᠡᠭ | ᠲᠤᠭᠯᠠᠭᠴᠢ ᠶᠢᠨ ᠱᠠᠩᠨᠠᠯ ᠲᠤᠰᠴᠠᠢ᠃ | 2011 ᠤᠨ ᠳᠤ ᠪᠦᠬᠦ ᠠᠶᠢᠮᠠᠭ ᠤᠨ ᠨᠠᠮ ᠢᠶᠠᠨ ᠮᠠᠭᠳᠠᠨ ᠲᠠᠭᠤᠯᠠᠬᠤ ᠲᠧᠯᠸᠢᠰ ᠱᠠᠩᠨᠠᠯᠳᠦ | ᠤᠷᠤᠯᠳᠤᠭᠠᠨ ᠳᠤ ᠬᠠᠮᠳᠤᠯᠢᠭ ᠢᠶᠠᠷ ᠢᠶᠠᠨ ᠲᠡᠷᠢᠬᠦᠨ ᠪᠠᠶᠢᠷᠢ ᠶᠢᠨ ᠱᠠᠩᠨᠠᠯ ᠭᠠᠷᠳᠠᠵᠠᠢ᠃ | 2011ᠤᠨ ᠳᠤ ᠰᠢᠯᠢ ᠶᠢᠨ ᠭᠤᠤᠯ ᠠᠶᠢᠮᠠᠭ ᠤᠨ ᠠᠷᠪᠠᠨ ᠵᠢᠷᠭᠤᠳᠤᠭᠠᠷ ᠬᠤᠭᠤᠴᠠᠭᠠᠨ ᠤ ᠤᠯᠠᠭᠠᠡᠮᠦ᠋ᠴᠢᠷ | ᠤᠨ ᠬᠠᠷᠢᠭᠤ ᠮᠡᠳᠡᠬᠦᠯᠥᠯᠳᠡ ᠶᠢᠨ ᠲᠤᠭᠯᠠᠯᠳᠠ ᠳᠤ《 ᠦᠵᠦᠮᠦᠴᠢᠨ ᠤ ᠮᠠᠭᠳᠠᠭᠤ 》 ᠬᠥᠭᠡᠮᠠᠢ ᠪᠠᠷ | ᠪᠦᠳᠦᠭᠡᠯ ᠤᠨ ᠬᠤᠶᠠᠳᠤᠭᠠᠷ ᠲᠡᠰ ᠤᠨ ᠱᠠᠩᠨᠠᠯ ᠲᠤᠰᠴᠠᠢ᠃ | 2013 ᠤᠨ ᠳᠤ ᠨᠠᠢᠮᠠᠨ ᠮᠤᠵᠢ ᠤᠷᠤᠨ ᠤ《ᠬᠤᠩ ᠪᠥᠸᠧ》ᠬᠤᠨᠳᠠᠭᠠᠳᠦ ᠬᠥᠭᠡᠮᠠᠢ ᠶᠢᠨ | ᠤᠷᠤᠯᠳᠤᠭᠠᠨ ᠳᠤ ᠬᠠᠮᠳᠤᠯᠢᠭ ᠢᠶᠠᠷ ᠢᠶᠠᠨ ᠰᠢᠯᠢᠳᠡᠭ ᠲᠡᠰ ᠲᠤ ᠤᠷᠤᠵᠠᠢ ᠃ | 2013ᠤᠨ ᠳᠤ ᠲᠥᠷᠪᠡᠳᠦᠭᠡᠷ ᠬᠤᠭᠤᠴᠠᠭᠠᠨ ᠤ《 ᠲᠤᠮᠳᠠᠳᠦ ᠤᠯᠤᠰ ᠤᠨ ᠴᠧᠩᠳᠦ᠋ ᠬᠤᠳᠠ ᠶᠢᠨ ᠤᠯᠠᠨ | ᠤᠯᠤᠰ ᠤᠨ ᠪᠤᠳᠠᠰ ᠤᠨ ᠪᠤᠰᠤ ᠰᠤᠶᠤᠯ ᠤᠨ ᠥᠪ ᠤᠨ ᠨᠠᠶᠢᠷ》 ᠲᠤ ᠰᠢᠯᠢᠳᠡᠭ ᠲᠡᠰ ᠤᠨ ᠲᠤᠭᠯᠠᠭᠴᠢ ᠶᠢᠨ ᠱᠠᠩᠨᠠᠯ | ᠭᠠᠷᠳᠠᠵᠠᠢ ᠃ | 2015 ᠤᠨ ᠳᠤ ᠪᠦᠬᠦ ᠠᠶᠢᠮᠠᠭ ᠤᠨ ᠬᠤᠶᠠᠳᠤᠭᠠᠷ ᠤᠳᠠᠭᠠᠨ ᠤ《 ᠬᠠᠨ ᠤᠰᠤᠨ ᠤ | ᠬᠠᠷᠭᠢᠶ᠎ᠠ》ᠬᠥᠭᠡᠮᠠᠢ ᠶᠢᠨ ᠤᠷᠤᠯᠳᠤᠭᠠᠨ ᠳᠤ ᠬᠠᠮᠳᠤᠯᠢᠭ ᠢᠶᠠᠷ ᠢᠶᠠᠨ ᠲᠠᠳ᠋ᠯᠡᠭᠰᠡᠨ ᠪᠠᠶᠢᠨ᠎ᠠ᠃ | 2016 ᠤᠨ ᠳᠤ《 ᠲᠤᠮᠳᠠᠳᠦ ᠮᠤᠩᠭᠤᠯ ᠤᠨ ᠦᠵᠡᠰᠬᠦᠯᠡᠩ》ᠲᠤᠭᠯᠠᠯᠳᠠ ᠳᠤ ᠤᠷᠤᠯᠴᠠᠵᠠᠢ᠃ | 2017 ᠤᠨ ᠳᠤ ᠪᠦᠬᠦ ᠠᠶᠢᠮᠠᠭ ᠤᠨ ᠭᠤᠷᠪᠠᠳᠤᠭᠠᠷ ᠤᠳᠠᠭᠠᠨ ᠤ《 ᠬᠠᠨ ᠤᠰᠤᠨ ᠤ | ᠬᠠᠷᠭᠢᠶ᠎ᠠ》ᠬᠥᠭᠡᠮᠠᠢ ᠶᠢᠨ ᠤᠷᠤᠯᠳᠤᠭᠠᠨ ᠳᠤ ᠬᠤᠪᠢ ᠬᠦᠮᠦᠨ ᠤ ᠲᠡᠷᠢᠬᠦᠨ ᠃ | 2017 ᠤᠨ ᠳᠤ ᠴᠦᠩᠴᠢᠩ ᠳᠤ ᠪᠤᠯᠤᠭᠰᠠᠨ《ᠬᠦᠬᠡᠮᠦ᠋ᠷᠡᠨ ᠤ ᠤᠳᠦ》ᠲᠠᠭᠤᠤ ᠶᠢᠨ ᠤᠷᠤᠯᠳᠤᠭᠠᠨ ᠳᠤ | ᠬᠠᠮᠳᠤᠯᠢᠭ ᠢᠶᠠᠷ ᠢᠶᠠᠨ ᠲᠡᠮᠳᠡᠭᠯᠡᠭᠰᠡᠨ ᠪᠠᠶᠢᠨ᠎ᠠ᠃ | 2017 ᠤᠨ ᠳᠤ《 ᠪᠠᠶᠠᠰᠬᠤᠯᠠᠩᠳᠦ ᠨᠠᠭᠠᠳᠤᠮ》ᠪᠦᠬᠦ ᠤᠯᠤᠰ ᠤᠨ ᠪᠠᠭᠠᠴᠤᠤᠨ ᠬᠡᠤᠬᠡᠤᠨ ᠤᠨ ᠤᠷ᠎ᠠ | ᠠᠪᠢᠶᠠᠰ ᠤᠨ ᠤᠷᠤᠯᠳᠤᠭᠠᠨ ᠳᠤ ᠰᠢᠯᠢᠳᠡᠭ ᠵᠢᠭᠠᠨ ᠵᠢᠯᠥᠭᠤᠳᠤᠬᠴᠢ ᠪᠠᠭᠰᠢ ᠶᠢᠨ ᠬᠥᠬᠢᠬᠦᠯᠥᠯ ᠤᠯᠵᠠᠢ᠃ | 2018 ᠤᠨ ᠳᠤ ᠱᠠᠨ ᠰᠢ ᠮᠤᠵᠢ ᠳᠤ ᠶᠠᠪᠤᠭᠳᠠᠭᠰᠠᠨ《 ᠬᠠᠳᠤᠨ ᠭᠤᠤᠯ ᠤᠨ | ᠡᠭᠡᠰᠢᠭᠯᠡᠩ》ᠨᠡᠪᠳᠡᠷᠡᠭᠦᠯᠭᠡ ᠳᠤ《 ᠬᠠᠭᠤᠴᠢᠤᠨ 》ᠬᠠᠮᠳᠤᠯᠢᠭ ᠢᠶᠠᠷ ᠢᠶᠠᠨ ᠠᠯᠳᠠᠨ ᠮᠧᠳᠡᠯᠳᠦ ᠲᠤᠭᠯᠠᠯᠳᠠ ᠶᠢᠨ | ᠱᠠᠩᠨᠠᠯ ᠲᠤᠰᠤᠭᠰᠠᠨ ᠪᠠᠶᠢᠨ᠎ᠠ᠃ | 2018 ᠤᠨ ᠳᠤ ᠮᠤᠩᠭᠤᠯ ᠤᠯᠤᠰ ᠤᠨ ᠬᠤᠪᠳᠦ ᠠᠶᠢᠮᠠᠭ ᠲᠤ ᠪᠤᠯᠤᠭᠰᠠᠨ ᠲᠠᠪᠤᠳᠤᠭᠠᠷ ᠤᠳᠠᠭᠠᠨ ᠤ | ᠤᠯᠠᠨ ᠤᠯᠤᠰ ᠤᠨ ᠬᠥᠭᠡᠮᠠᠢ ᠶᠢᠨ ᠤᠷᠤᠯᠳᠤᠭᠠᠨ ᠳᠤ《ᠬᠥᠭᠡᠮᠠᠢ ᠢᠵᠠᠭᠤᠷ ᠤᠷᠠᠯᠢᠭ ᠢ ᠥᠪᠯᠡᠨ | ᠲᠡᠭᠡᠭᠡᠭᠴᠢ》ᠭᠡᠰᠡᠨ ᠡᠷᠭᠦᠮᠵᠢᠯᠡᠯ ᠢ ᠤᠯᠵᠠᠢ᠃ | 2019 ᠤᠨ ᠳᠤ ᠥᠪᠦᠷ ᠮᠤᠩᠭᠤᠯ ᠤᠨ ᠲᠥᠷᠪᠡᠳᠦᠭᠡᠷ ᠬᠤᠭᠤᠴᠠᠭᠠᠨ ᠤ ᠤᠯᠠᠭᠠᠡᠮᠦ᠋ᠴᠢᠷ | ᠤᠨ《ᠨᠢᠭᠡ ᠳᠤ ᠮᠡᠷᠭᠡᠰᠢᠵᠦ᠂ ᠤᠯᠠᠨ ᠳᠤ ᠴᠠᠭᠠᠷᠠᠭᠰᠠᠨ》ᠤᠷᠤᠯᠳᠤᠭᠠᠨ ᠳᠤ ᠭᠤᠷᠪᠠᠳᠤᠭᠠᠷ ᠲᠠᠰ ᠤᠨ ᠱᠠᠩᠨᠠᠯ | ᠭᠠᠷᠳᠠᠵᠠᠢ᠃ | 2019 ᠤᠨ ᠳᠤ ᠲᠥᠪ ᠲᠧᠯᠸᠢᠰ ᠤᠨ ᠭᠤᠷᠪᠠᠳᠤᠭᠠᠷ ᠰᠤᠪᠠᠭ ᠤᠨ《 ᠤᠷᠠᠯᠢᠭ ᠤᠨ ᠴᠡᠩᠭᠡᠭᠦᠨ | 》ᠨᠡᠪᠳᠠᠷᠡᠬᠦᠯᠭᠡ ᠳᠤ ᠤᠷᠤᠯᠴᠠᠵᠤ ᠂ ᠭᠢᠨᠠᠭᠴᠢ ᠨᠠᠷ ᠤᠨ ᠦᠡᠳᠦᠷ ᠦᠨᠡᠯᠡᠭᠡ ᠶᠢ ᠤᠯᠤᠭᠰᠠᠨ ᠪᠠᠶᠢᠨ᠎ᠠ᠃ | 2020 ᠤᠨ ᠳᠤ᠂ ᠪᠡᠭᠡᠵᠢᠩ ᠬᠤᠳᠠ ᠳᠤ ᠶᠠᠪᠤᠭᠳᠠᠭᠰᠠᠨ ᠤᠯᠤᠰ ᠤᠨ ᠬᠡᠪᠴᠢᠶᠡᠨ ᠤ ᠲᠤᠮᠤ ᠠᠵᠢᠯᠯᠠᠭ᠎ᠠ | ᠲᠡᠭᠡᠷ᠎ᠠ 《ᠲᠤᠮᠳᠠᠳᠦ ᠤᠯᠤᠰ ᠤᠨ ᠤᠳᠦ ᠦᠶ᠎ᠡ ᠶᠢᠨ ᠪᠤᠳᠠᠰ ᠤᠨ ᠪᠤᠰᠤ ᠰᠤᠶᠤᠯ ᠤᠨ ᠥᠪ ᠤᠨ ᠥᠪᠯᠡᠨ | ᠤᠯᠠᠮᠵᠢᠯᠠᠭᠴᠢ》 ᠶᠢᠨ ᠢᠷᠡᠭᠤ ᠠᠯᠳᠠᠷ ᠢ ᠬᠦᠷᠳᠡᠵᠠᠢ᠃ | ᠲᠡᠷᠡ ᠪᠠᠷ《 ᠠᠪᠤᠷᠭᠤ ᠶᠢᠨ ᠮᠠᠭᠳᠠᠭᠠᠯ》᠂《 ᠦᠵᠦᠮᠦᠴᠢᠨ ᠤ ᠮᠠᠭᠳᠠᠭᠠᠯ》᠂《 ᠬᠤᠷᠢᠮ ᠤᠨ | ᠮᠠᠭᠳᠠᠭᠠᠯ》᠂《 ᠦᠵᠦᠮᠦᠴᠢᠨ ᠰᠢᠷᠭ᠎ᠠ ᠠᠳᠤᠭᠤ》᠂《 ᠮᠤᠩᠭᠤᠯ ᠤᠨ ᠦᠡᠳᠦᠷᠯᠢᠭ》ᠵᠡᠷᠭᠡ ᠦᠪᠡᠷ ᠤᠨ | ᠬᠥᠭᠡᠮᠠᠢ ᠶᠢᠨ ᠪᠦᠳᠦᠭᠡᠯ ᠲᠠᠢ᠃ ᠤᠳᠤ ᠪᠠᠶᠠᠷᠮᠦ᠋ᠷᠡᠨ ᠲᠡᠯᠡᠬᠡᠢ ᠶᠢᠨ ᠬᠥᠬᠡᠮᠠᠢ ᠶᠢᠨ ᠨᠠᠶᠢᠭᠡᠮᠯᠢᠭ ᠤᠨ ᠭᠡᠰᠢᠬᠦᠨ᠂ | ᠲᠤᠮᠳᠠᠳᠦ ᠤᠯᠤᠰ ᠤᠨ ᠮᠤᠷᠢᠨ ᠬᠤᠭᠤᠷ ᠤᠨ ᠡᠷᠳᠡᠮ ᠰᠢᠡᠵᠢᠯᠡᠭᠡᠨ ᠤ ᠨᠡᠶᠢᠭᠡᠮᠯᠢᠭ ᠤᠨ ᠭᠡᠰᠢᠬᠦᠨ᠂ ᠦᠵᠦᠮᠦᠴᠢᠨ | ᠤᠷᠳᠦ ᠶᠢᠨ ᠲᠠᠭᠤᠤ ᠶᠢᠨ ᠨᠡᠶᠢᠭᠡᠮᠯᠢᠭ ᠤᠨ ᠭᠡᠰᠢᠬᠦᠨ ᠵᠡᠷᠭᠡ ᠨᠡᠶᠢᠭᠡᠮ ᠤᠨ ᠡᠭᠦᠷᠭᠡ ᠲᠤᠰᠢᠶᠠᠯ ᠢ ᠡᠭᠦᠷᠭᠡᠯᠡᠵᠤ ᠪᠤᠢ᠃ |