ᠬᠦᠢᠳᠡᠨ ᠰᠢᠯᠢ ᠳᠠᠬᠢ ᠬᠢ ᠬᠠᠳᠤᠯᠠᠩ ᠤᠨ ᠨᠤᠲᠤᠭ ᠲᠤ ᠢᠷᠠᠯ᠎ᠠ
ᠨᠡᠶᠢᠲᠡᠯᠡᠭᠰᠡᠨ ᠴᠠᠭ᠄
2021/7/27
    ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠣᠷᠣᠨ ᠨᠤᠲᠤᠭ ᠤᠨ ᠠᠮᠢ ᠠᠬᠤᠢ ᠶᠢᠨ  ᠬᠦᠭᠵᠢᠯᠳᠡ ᠲᠠᠢ ᠲᠠᠨᠢᠯᠴᠠᠵᠤ ᠶᠠᠪᠤᠭ᠎ᠠ ᠣᠯᠠᠨ ᠤᠯᠤᠰ ᠤᠨ ᠰᠤᠷᠪᠤᠯᠵᠢᠯᠠᠭᠴᠢᠳ ᠤᠨ ᠪᠠᠭ ᠰᠢᠯᠢ ᠶᠢᠨ ᠭᠤᠣᠯ ᠠᠶᠢᠮᠠᠭ ᠤᠨ ᠠᠪᠠᠭ᠎ᠠ   ᠬᠤᠰᠢᠭᠤᠨ ᠤ ᠬᠤᠩᠭᠤᠷ ᠭᠤᠣᠯ  ᠰᠠᠭᠤᠷᠢᠨ ᠤ  ᠬᠦᠢᠲᠡᠨ ᠰᠢᠯᠢ ᠭᠡᠳᠡᠭ  ᠭᠠᠵᠠᠷ ᠲᠤ   ᠢᠷᠠᠯ᠎ᠠ᠃ ᠨᠤᠲᠤᠭ ᠤᠨ  ᠣᠷᠣᠰᠢᠨ   ᠰᠠᠭᠤᠭᠴᠢᠳ ᠡᠨᠡ ᠭᠠᠵᠠᠷ ᠠᠴᠠ ᠵᠢᠯ ᠳᠤ ᠪᠠᠨ 6 ᠲᠦᠮᠡᠨ ᠲᠣᠨ ᠣᠷᠴᠢᠮ ᠬᠠᠳᠤᠯᠠᠩ ᠪᠡᠯᠡᠳᠬᠡᠳᠡᠭ ᠪᠠᠶᠢᠨ᠎ᠠ᠃ ᠰᠥᠯ  ᠰᠠᠶᠢᠲᠠᠢ  ᠡᠨᠡ  ᠨᠤᠲᠤᠭ ᠢ ᠲᠤᠰᠬᠠᠢ ᠬᠠᠮᠠᠭᠠᠯᠠᠯᠲᠠ ᠲᠠᠢ ᠪᠣᠯᠭᠠᠭᠰᠠᠨ ᠢᠶᠠᠷ  700  ᠡᠷᠦᠬᠡ ᠶᠢᠨ  ᠳᠤᠮᠳᠠᠴᠢ  ᠣᠷᠣᠯᠭ᠎ᠠ  1.7 ᠲᠦᠮᠡᠨ ᠲᠦᠬᠦᠷᠢᠭ  ᠢᠶᠠᠷ  ᠨᠡᠮᠡᠭᠳᠡᠭᠰᠡᠨ ᠶᠤᠮ ᠪᠠᠶᠢᠨ᠎ᠠ᠃ 10 ᠭᠠᠴᠠᠭᠠᠨ ᠤ 700  ᠮᠠᠯᠴᠢᠨ ᠠᠶᠢᠯ ᠤᠨ   ᠬᠤᠪᠢᠶᠠᠨ ᠡᠵᠡᠮᠰᠢᠳᠡᠭ  60 ᠲᠦᠮᠡᠨ ᠭᠠᠵᠠᠷ  ᠨᠢ  ᠠᠪᠠᠭ᠎ᠠ  ᠬᠤᠰᠢᠭᠤᠨ ᠤ ᠪᠠᠨ  ᠬᠠᠳᠤᠯᠠᠩ ᠤᠨ  ᠨᠡᠶᠢᠲᠡ  ᠲᠠᠯᠠᠪᠠᠢ ᠶᠢᠨ 14%  ᠬᠤᠪᠢ ᠶᠢ ᠡᠵᠡᠯᠡᠳᠡᠭ  ᠪᠠᠶᠢᠨ᠎ᠠ᠃ ᠰᠢᠮᠡᠲᠦ ᠰᠣᠷᠭᠤᠭ ᠡᠪᠡᠰᠦ ᠨᠣᠭᠤᠭ᠎ᠠ᠂ ᠡᠮ ᠤᠨ ᠤᠷᠭᠤᠮᠠᠯ ᠶᠡᠬᠡᠲᠡᠢ ᠡᠨᠡ ᠭᠠᠵᠠᠷ ᠢ ᠡᠷᠦᠬᠡ ᠶᠢᠨ ᠬᠡᠷᠡᠭᠯᠡᠭᠡᠨ ᠳᠤ ᠬᠦᠷᠲᠡᠭᠡᠮᠵᠢ ᠲᠠᠢ ᠠᠰᠢᠭᠯᠠᠬᠤ ᠶᠢᠨ ᠵᠡᠷᠭᠡᠴᠡᠭᠡ ᠠᠶᠠᠯᠠᠯ ᠵᠢᠭᠤᠯᠴᠢᠯᠠᠯ ᠤᠨ ᠴᠢᠭᠯᠡᠯ ᠢᠶᠠᠷ   ᠬᠥᠭᠵᠢᠭᠦᠯᠦᠭᠰᠡᠨ ᠢᠶᠠᠷ  ᠮᠥᠨ ᠬᠥᠳᠡᠭᠡ ᠶᠢᠨ  ᠶᠠᠳᠠᠭᠤᠷᠠᠯ ᠢ   ᠪᠠᠭᠤᠷᠠᠭᠤᠯᠬᠤ   ᠲᠥᠷᠥ ᠶᠢᠨ   ᠪᠣᠳᠣᠯᠭ᠎ᠠ ᠲᠠᠢ   ᠰᠦᠯᠡᠵᠦ    ᠴᠢᠳᠠᠵᠠᠢ᠃ ᠠᠳᠡᠬᠢ ᠶᠢᠨ  ᠮᠠᠯᠴᠢᠳ ᠬᠠᠳᠤᠯᠠᠩ ᠢᠶᠠᠨ  ᠵᠠᠷᠤᠵᠤ  ᠪᠣᠷᠣᠯᠠᠭᠤᠯᠬᠤ ᠶᠢᠨ  ᠵᠡᠷᠭᠡᠴᠡᠭᠡ   ᠨᠢᠭᠡ  ᠮᠤ᠋   ᠪᠦᠷᠢ ᠠᠴᠠ 5  ᠲᠦᠬᠦᠷᠢᠭ ᠤᠨ ᠨᠥᠬᠦᠪᠦᠷᠢ   ᠠᠪᠳᠠᠭ   ᠠᠵᠢ᠃
 
ᠢᠷᠡᠯᠲᠡ᠄ ᠲᠦᠪ ᠲᠧᠯᠸᠢᠰ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号