ᠭᠡᠭᠡᠯᠢᠭ ᠠᠮᠢᠳᠤᠷᠠᠯ ᠲᠠᠢ ᠭᠡᠷᠡᠯᠮ᠎ᠡ
ᠨᠡᠶᠢᠲᠡᠯᠡᠭᠰᠡᠨ ᠴᠠᠭ᠄
2021/7/15
    ᠰᠦᠨᠢᠳ ᠪᠠᠷᠠᠭᠤᠨ ᠬᠤᠰᠢᠭᠤᠨ ᠤ ᠰᠠᠶᠢᠬᠠᠬᠤᠯᠵᠡᠢ ᠰᠤᠮᠤᠨ ᠤ ᠲᠤᠷᠤᠮ ᠭᠠᠴᠠᠭᠠᠨ ᠤ ᠭᠡᠷᠡᠯᠮ᠎ᠡ ᠪᠤᠯ ᠠᠵᠢᠯᠴᠢ ᠬᠦᠳᠡᠯᠮᠦᠷᠢᠴᠢ ᠮᠦᠷᠲᠡᠭᠡᠨ ᠰᠤᠷᠤᠯᠴᠠᠯᠭ᠎ᠠ ᠪᠠ ᠰᠢᠨ᠎ᠡ ᠶᠢ ᠡᠭᠦᠳᠬᠦ ᠶᠢ ᠶᠡᠬᠡᠬᠡᠨ ᠡᠷᠬᠢᠮᠯᠡᠳᠡᠭ ᠳᠠᠶᠢᠴᠢᠨ ᠵᠤᠷᠢᠭ ᠲᠠᠢ ᠮᠠᠯᠴᠢᠨ ᠪᠦᠰᠡᠭᠦᠢ ᠪᠤᠯᠤᠨ᠎ᠡ᠃ ᠲᠡᠷᠡ ᠭᠠᠴᠠᠭᠠᠨ ᠤ ᠡᠮᠡᠭᠲᠡᠶᠢᠴᠤᠳ ᠤᠨ ᠠᠵᠢᠯ ᠢ ᠬᠠᠷᠢᠭᠤᠴᠠᠵᠦ ᠪᠠᠶᠢᠭ᠎ᠠ ᠪᠤᠯᠬᠤᠷ ᠵᠠᠪ ᠴᠢᠯᠦᠭᠡ ᠪᠠᠷ ᠢᠶᠠᠨ ᠡᠷᠦᠬᠡ ᠪᠠᠷ ᠲᠤᠭᠤᠷᠢᠵᠦ᠂ ᠪᠦᠰᠡᠭᠦ᠋ᠢᠴᠤᠳ ᠲᠠᠢ ᠪᠠᠨ ᠠᠭᠤᠯᠵᠠᠨ᠂ ᠲᠡᠳᠡᠨ ᠤ ᠪᠤᠳᠠᠳᠦ ᠠᠮᠢᠳᠤᠷᠠᠯ ᠤᠨ ᠪᠠᠶᠢᠳᠠᠯ ᠢ ᠨᠢ ᠤᠢᠢᠯᠠᠭᠠᠵᠦ᠂ ᠲᠤᠯᠭᠠᠷᠠᠵᠦ ᠪᠦᠬᠦᠢ ᠬᠦᠴᠢᠷᠳᠡᠯ ᠢ ᠰᠢᠢᠳᠪᠦᠷᠢᠯᠡᠵᠦ ᠦᠭᠬᠦ ᠪᠠᠷ ᠴᠢᠷᠮᠠᠶᠢᠳᠠᠭ ᠪᠠᠶᠢᠯ᠎ᠡ᠃     ᠭᠡᠷᠡᠯᠮ᠎ᠡ ᠵᠢᠯ ᠪᠤᠯᠭᠠᠨ ᠡᠮᠡᠭᠲᠡᠶᠢᠴᠦᠳ ᠲᠤ ᠵᠤᠷᠢᠭᠤᠯᠤᠬᠰᠡᠨ ᠭᠠᠷ ᠤᠷᠠᠯᠠᠯ ᠤᠨ ᠤᠷᠤᠯᠳᠤᠭᠠᠨ᠂ ᠰᠢᠯᠦᠭ ᠳᠠᠭᠤᠤ ᠶᠢᠨ ᠤᠷᠤᠯᠳᠤᠭᠠᠨ ᠢ ᠵᠤᠬᠢᠶᠠᠨ ᠪᠠᠶᠢᠭᠤᠯᠵᠦ᠂ ᠮᠠᠯᠴᠢᠳ ᠤᠨ ᠢᠶᠠᠨ ᠰᠤᠶᠤᠯ ᠤᠨ ᠠᠮᠢᠳᠤᠷᠠᠯ ᠢ ᠪᠠᠶᠠᠯᠢᠬᠵᠢᠭᠤᠯᠳᠠᠭ᠃ ᠤᠨᠴᠠᠭᠠᠢᠢᠯᠠᠨ ᠲᠤᠷᠠᠳᠤᠭᠤᠰᠢᠲᠠᠢ ᠨᠢ᠂ ᠲᠡᠷᠡ ᠲᠠᠪᠤᠨ ᠵᠢᠯ ᠳᠠᠷᠠᠭᠠᠯᠠᠨ ᠬᠤᠪᠴᠠᠰᠦ ᠵᠠᠰᠠᠯ ᠭᠠᠷ ᠤᠷᠠᠯᠠᠯ ᠤᠨ ᠤᠷᠤᠯᠳᠤᠭᠠᠨ ᠢ ᠡᠷᠬᠢᠯᠡᠵᠦ᠂ ᠡᠮᠡᠭᠲᠡᠶᠢᠴᠤᠳ ᠲᠤ ᠦᠪᠡᠷᠰᠡᠳ ᠤᠨ ᠡᠷᠳᠡᠮ ᠮᠡᠷᠭᠡᠵᠢᠯ᠂ ᠦᠢᠯᠡ ᠤᠶᠤᠳᠠᠯ ᠢᠶᠠᠨ ᠰᠤᠯᠢᠯᠴᠠᠬᠤ ᠲᠠᠪᠴᠠᠩ ᠬᠠᠨᠭ᠍ᠭᠠᠵᠦ᠂ ᠮᠠᠯᠴᠢᠳ ᠤᠨ ᠰᠢᠨ᠎ᠡ ᠶᠢ ᠡᠭᠦᠳᠬᠦ᠂ ᠦᠵᠡᠯᠲᠡ ᠲᠠᠨᠢᠯᠲᠠ ᠪᠠᠨ ᠳᠡᠭᠡᠭᠰᠢᠯᠡᠭᠦᠯᠬᠦ᠂ ᠬᠦᠭᠵᠢᠯᠲᠠ ᠶᠢᠨ ᠤᠢᠢᠯᠠᠭᠠᠬᠲᠠᠬᠤᠨ ᠢ ᠬᠤᠪᠢᠷᠠᠭᠤᠯᠬᠤ ᠳᠤ ᠦᠢᠯᠡᠴᠢᠯᠡᠭᠰᠡᠭᠡᠷ ᠢᠷᠡᠵᠡᠢ᠃ 2017 ᠤᠨ ᠳᠤ ᠭᠡᠷᠡᠯᠮ᠎ᠡ ᠦᠪᠡᠷ ᠤᠨ ᠡᠷᠬᠢᠨ ᠲᠤᠭᠤᠷᠢᠨ ᠤ ᠪᠠᠨ ᠤᠷ᠎ᠡ ᠮᠡᠷᠭᠡᠰᠢᠯ ᠲᠠᠢ᠂ ᠤᠶᠤᠳᠠᠯ ᠦᠢᠯᠡ ᠪᠠᠨ ᠤᠷᠬᠢᠭ᠎ᠠ ᠦᠭᠡᠢ 6 ᠮᠠᠯᠴᠢᠨ ᠪᠦᠰᠡᠭᠦᠢ ᠲᠠᠢ ᠬᠠᠮᠳᠤᠷᠠᠵᠦ ︽ᠭᠡᠷᠡᠯᠮ᠎ᠡ ᠦᠨᠳᠦᠰᠦᠲᠡᠨ ᠤ ᠬᠤᠪᠴᠠᠰᠦ ᠵᠠᠰᠠᠯ ᠤᠨ ᠲᠤᠰᠬᠠᠢ ᠬᠤᠷᠰᠢᠶ᠎ᠡ︾ ᠶᠢ ᠪᠠᠶᠢᠭᠤᠯᠵᠦ᠂ ᠰᠦᠨᠢᠳ ᠤᠯᠠᠮᠵᠢᠯᠠᠯᠲᠦ ᠤᠶᠤᠳᠠᠯ ᠤᠨ ᠬᠤᠪᠴᠠᠰᠦ ᠵᠠᠰᠠᠯ᠂ ᠴᠠᠭᠠᠨ ᠢᠳᠡᠭᠡᠨ ᠤ ᠪᠦᠲᠦᠭᠡᠭᠳᠡᠭᠦᠨ᠂ ᠬᠠᠲᠠᠬᠰᠡᠨ ᠮᠢᠬ᠎ᠠ ᠵᠡᠷᠭᠡ ᠪᠦᠲᠦᠭᠡᠭᠳᠡᠭᠦᠨ ᠢ ᠪᠤᠷᠤᠯᠠᠭᠤᠯᠵᠦ᠂ ᠮᠠᠯᠴᠢᠳ ᠲᠤ ᠤᠷᠤᠯᠭ᠎ᠠ ᠡᠭᠦᠳᠬᠦ ᠰᠢᠨ᠎ᠡ ᠠᠷᠭ᠎ᠠ ᠵᠠᠮ ᠢ ᠡᠷᠢᠯᠬᠢᠯᠡᠵᠦ ᠦᠭᠭᠦᠭᠰᠡᠨ ᠪᠠᠶᠢᠨ᠎ᠡ᠃ ᠤᠲᠦᠬᠠᠨ ᠳᠤ ᠲᠤᠰ ᠭᠠᠴᠠᠭᠠᠨ ᠳᠤ᠂ ᠭᠡᠷᠡᠯᠮ᠎ᠡ ᠶᠢᠨ ᠳᠠᠭᠠᠭᠤᠯᠭ᠎ᠠ ᠪᠠᠷ ᠦᠪᠡᠷᠰᠡᠳ ᠢᠶᠠᠨ ᠶᠠᠭᠤᠮ᠎ᠡ ᠬᠢᠵᠦ ᠰᠦᠯᠵᠢᠶᠡᠨ ᠳᠡᠭᠡᠷ᠎ᠡ ᠪᠤᠷᠤᠯᠠᠭᠤᠯᠤᠭᠠᠳ ᠤᠷᠤᠯᠭ᠎ᠠ ᠤᠯᠳᠠᠭ ᠮᠠᠯᠴᠢᠨ ᠪᠦᠰᠡᠭᠦᠢ ᠨᠡᠩ ᠤᠯᠠᠨ ᠪᠤᠯᠵᠠᠢ᠃     ︽ᠮᠠᠯᠴᠢᠨ ᠪᠦᠰᠡᠭᠦ᠋ᠢᠴᠤᠳ ᠬᠤᠲᠠ ᠪᠠᠨ ᠲᠤᠭᠤᠷᠢᠭᠠᠳ ᠬᠡᠳᠦᠨ ᠮᠠᠯ ᠢᠶᠠᠨ ᠡᠷᠭᠢᠴᠡᠭᠦᠯᠪᠡᠯ ᠪᠤᠯᠴᠢᠬᠠᠬᠤ ᠪᠢᠰᠢ᠂ ᠠᠮᠢᠳᠤᠷᠠᠯ ᠢᠶᠠᠨ ᠤᠯᠠᠮ ᠰᠠᠶᠢᠨ ᠰᠠᠶᠢᠬᠠᠨ ᠪᠤᠯᠭᠠᠬᠤ ᠶᠢᠨ ᠲᠦᠯᠦᠭᠡ ᠰᠢᠨ᠎ᠡ ᠴᠠᠭ ᠦᠶ᠎ᠡ ᠲᠠᠢ ᠪᠠᠨ ᠵᠤᠬᠢᠴᠠᠬᠤ ᠤᠬᠠᠮᠰᠠᠷ ᠢᠶᠠᠨ ᠲᠠᠰᠤᠷᠠᠯᠲᠠ ᠦᠭᠡᠢ ᠳᠡᠭᠡᠭᠰᠢᠯᠡᠭᠦᠯᠵᠦ᠂ ᠭᠠᠳᠠᠬᠰᠢ ᠭᠠᠷᠴᠦ ᠰᠤᠷᠤᠯᠴᠠᠬᠤ᠂ ᠰᠢᠨ᠎ᠡ ᠵᠦᠢᠯ ᠢ ᠵᠤᠷᠢᠬᠲᠠᠢ ᠬᠦᠯᠢᠶᠡᠨ ᠠᠪᠴᠦ ᠠᠮᠢᠳᠤᠷᠠᠯ ᠳᠠᠭᠠᠨ ᠦᠢᠯᠡᠳᠦᠯᠭᠡᠵᠢᠭᠦᠯᠵᠦ᠂ ᠠᠮᠢᠳᠤᠷᠠᠯ ᠢᠶᠠᠨ ᠲᠠᠰᠤᠷᠠᠯᠲᠠ ᠦᠭᠡᠢ ᠪᠠᠶᠠᠯᠢᠬᠵᠢᠭᠤᠯᠬᠤ ᠬᠡᠷᠡᠭᠲᠡᠢ︾ ᠭᠡᠵᠦ ᠭᠡᠷᠡᠯᠮ᠎ᠡ ᠦᠷᠭᠦᠯᠵᠢ ᠶᠠᠷᠢᠳᠠᠭ᠃ ᠲᠡᠶᠢᠨ ᠬᠦ ᠲᠡᠷᠡ ᠤᠷᠢᠳ ᠬᠤᠵᠢᠳ ᠤᠷᠳᠤᠰ ᠬᠤᠲᠠ᠂ ᠪᠠᠷᠠᠭᠤᠨ ᠦᠵᠦᠮᠦᠴᠢᠨ ᠬᠤᠰᠢᠭᠤ ᠵᠡᠷᠭᠡ ᠭᠠᠵᠠᠷ ᠢᠶᠠᠷ ᠬᠦᠷᠴᠦ᠂ ᠦᠨᠳᠦᠰᠦᠲᠡᠨ ᠤ ᠬᠤᠪᠴᠠᠰᠦ ᠵᠠᠰᠠᠯ ᠤᠨ ᠪᠤᠯᠪᠠᠰᠤᠷᠠᠯ᠂ ᠭᠠᠷ ᠤᠷᠠᠯᠠᠯ ᠤᠨ ᠪᠤᠯᠪᠠᠰᠤᠷᠠᠯ ᠳᠤ ᠤᠷᠤᠯᠴᠠᠵᠦ᠂ ᠲᠤᠷᠰᠢᠯᠭ᠎ᠠ ᠪᠠᠨ ᠰᠤᠯᠢᠯᠴᠠᠵᠦ᠂ ᠰᠢᠨ᠎ᠡ ᠵᠦᠢᠯ ᠠᠴᠠ ᠰᠤᠷᠤᠯᠴᠠᠵᠦ᠂ ᠭᠠᠴᠠᠭᠠᠨ ᠳᠠᠭᠠᠨ ᠪᠤᠴᠠᠬᠰᠡᠨ ᠤ ᠳᠠᠷᠠᠭ᠎ᠠ ᠰᠤᠷᠴᠦ ᠡᠵᠡᠮᠰᠢᠭᠰᠡᠨ ᠮᠡᠷᠭᠡᠵᠢᠯ ᠢᠶᠠᠨ ᠭᠠᠴᠠᠭᠠᠨ ᠤ ᠡᠮᠡᠭᠲᠡᠶᠢᠴᠤᠳ ᠲᠡᠭᠡᠨ ᠬᠠᠷᠠᠮ ᠦᠭᠡᠢ ᠵᠢᠭᠠᠵᠦ ᠦᠭᠳᠡᠭ ᠪᠠᠶᠢᠯ᠎ᠡ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号