ᠬᠡᠦᠬᠡᠳ ᠢᠶᠠᠨ ᠬᠢᠪᠠᠰᠦ ᠵᠤᠬᠢᠰᠳᠠᠢ ᠶᠢ ᠨᠢ ᠬᠢᠯᠬᠡᠶ᠎ᠠ
ᠨᠡᠶᠢᠲᠡᠯᠡᠭᠰᠡᠨ ᠴᠠᠭ᠄
2021/2/22
    ᠤᠳᠤ ᠶᠢᠨ ᠬᠡᠦᠬᠡᠳ ᠢ ᠪᠠᠯ ᠪᠤᠷᠠᠮ ᠤᠨ ᠲᠤᠮᠳᠠ ᠱᠤᠩᠪᠠᠭᠤᠯᠤᠨ ᠦᠰᠭᠡᠵᠤ᠂ ᠪᠢᠴᠢᠭ  ᠡᠷᠳᠡᠮ ᠢᠶᠠᠨ ᠰᠤᠷᠤᠭᠠᠳ ᠦᠭᠪᠠᠯ ᠪᠤᠯᠴᠢᠬᠠᠨ᠎ᠠ ᠬᠡᠳᠡᠭ ᠢᠶᠠᠷ  ᠪᠤᠳᠤᠯ  ᠵᠤᠷᠢᠯ ᠢᠶᠠᠨ  ᠪᠤᠯᠭᠠᠵᠤ᠂  ᠨᠠᠰᠤ  ᠵᠢᠯ ᠳᠤᠨᠢ  ᠲᠤᠬᠢᠷᠠᠬᠰᠠᠨ  ᠬᠢᠪᠠᠰᠦ  ᠵᠤᠬᠢᠬᠤ ᠠᠵᠢᠯ ᠢ ᠨᠢ ᠬᠢᠯᠬᠡᠬᠦ ᠴᠤ ᠦᠬᠡᠢ ᠪᠠᠷ ᠠᠯᠢ ᠪᠠᠶᠢᠬᠰᠠᠨ ᠢ ᠨᠢ ᠤᠷᠤᠯᠠᠨ ᠬᠦᠢᠴᠡᠬᠡᠵᠤ ᠦᠭᠬᠦᠬᠡᠳ ᠶᠤᠰᠤᠳᠠᠢ  ᠪᠢᠴᠢᠭ  ᠰᠤᠷᠬᠤ ᠮᠠᠰᠢᠨ ᠬᠦᠮᠦᠨ ᠰᠢᠭ ᠪᠤᠯᠭᠠᠨ ᠦᠰᠬᠡᠵᠤ ᠪᠠᠶᠢᠭ᠎ᠠ ᠨᠢ ᠵᠠᠷᠢᠮ ᠬᠡᠷ ᠤᠨ ᠠᠬᠠᠮᠠᠳ ᠤᠨ ᠲᠤᠮᠳᠠ ᠬᠠᠶᠠ ᠬᠠᠷᠠᠬᠳᠠᠵᠤ ᠪᠠᠶᠢᠳᠠᠬ᠃  ᠪᠢᠴᠢᠭ ᠰᠤᠷᠬᠤ ᠠᠴᠠ ᠭᠠᠳᠠᠨ᠎ᠠ ᠬᠦᠮᠦᠨ ᠪᠤᠯᠵᠤ ᠬᠦᠮᠦᠵᠢᠭᠳᠡᠬᠦ ᠨᠢ ᠨᠡᠩ ᠴᠢᠬᠤᠯᠠ ᠪᠠᠶᠢᠳᠠᠬ᠃ ᠪᠠᠶ᠎ᠠ ᠰᠡᠳᠬᠢᠯ ᠤᠨ ᠪᠦᠬᠦ ᠲᠠᠯ᠎ᠠ ᠶᠢᠨ ᠪᠤᠶᠢᠵᠢᠯᠳᠠ ᠬᠦᠭᠵᠢᠯᠳᠡ ᠳᠤ ᠦᠪᠡᠷ ᠤᠨ  ᠶᠠᠪᠤᠳᠠᠯ ᠢ ᠨᠢ ᠦᠪᠡᠷ ᠲᠤᠨᠢ ᠬᠢᠯᠬᠡᠪᠠᠯ ᠵᠤᠬᠢᠬᠤ ᠪᠢᠰᠢᠦ᠃ ᠡᠬᠦᠨ ᠳᠤ ᠬᠡᠷ ᠵᠠᠭᠤᠷᠠᠬᠢ ᠬᠦᠳᠡᠯᠮᠦᠷᠢ ᠨᠢ ᠴᠢᠬᠤᠯᠠ ᠡᠯᠧᠮᠧᠨ᠋ᠲ ᠪᠣᠯᠣᠨ᠎ᠠ᠄ ᠪᠠᠯᠴᠢᠷ ᠪᠠᠭ᠎ᠠ ᠠᠴᠠ ᠪᠠᠨ ᠵᠢᠵᠢᠭ ᠰᠠᠨᠳᠠᠯᠢ ᠪᠠᠨ ᠲᠡᠷᠢ ᠲᠡᠭᠰᠢ ᠲᠠᠯᠪᠢᠬᠤ᠂ ᠨᠠᠭᠠᠳᠤᠮ ᠲᠤᠭᠯᠠᠭᠠᠮ ᠢᠶᠠᠨ ᠤᠷᠤᠨ ᠳᠤᠨᠢ ᠬᠤᠮᠢᠵᠤ  ᠬᠤᠷᠢᠶᠠᠬᠤ᠂  ᠪᠠᠰᠠ  ᠵᠠᠷᠤᠳᠠᠬ ᠠᠯᠴᠢᠭᠤᠷ ᠢᠶᠠᠨ ᠡᠪᠳᠡᠢ ᠪᠠᠭᠯᠠᠬᠤ᠂ ᠠᠪᠤ ᠡᠵᠢ ᠶᠢᠨ ᠢᠶᠠᠨ ᠱᠠᠬᠠᠢ ᠶᠢ ᠨᠢ  ᠵᠦᠬᠡᠬᠡᠵᠤ ᠦᠭᠬᠦ  ᠵᠡᠷᠭᠡ᠃ ᠡᠬᠦᠨ ᠠᠴᠠ ᠪᠠᠨ ᠴᠢᠨᠠᠬᠰᠢᠯᠠᠨ ᠬᠤᠪᠴᠠᠰᠤ  ᠬᠤᠨᠠᠷ ᠢᠶᠠᠨ  ᠴᠡᠪᠡᠷ  ᠡᠮᠦᠰᠬᠦ᠂  ᠨᠢᠭᠤᠷ ᠭᠠᠷ ᠢᠶᠠᠨ ᠲᠤᠷᠠᠳᠠᠢ ᠤᠬᠢᠶᠠᠬᠤ  ᠵᠡᠷᠭᠡ  ᠠᠮᠢᠳᠤᠷᠠᠯ ᠬᠦᠳᠡᠯᠮᠦᠷᠢ ᠳᠤ ᠠᠯᠬᠤᠮ ᠠᠯᠬᠤᠮ ᠢᠶᠠᠷ ᠲᠠᠳᠴᠤ ᠢᠷᠡᠬᠦ ᠨᠢ ᠬᠡᠦᠬᠡᠳ ᠤᠨ ᠭᠠᠷ ᠬᠦᠳᠡᠯᠵᠤ ᠪᠡᠶ᠎ᠠ ᠳᠤ  ᠪᠠᠨ ᠵᠦᠪᠯᠡᠬᠦ ᠴᠢᠳᠠᠪᠤᠷᠢ ᠶᠢ ᠬᠦᠭᠵᠢᠬᠦᠯᠵᠤ ᠴᠢᠳᠠᠬᠤ ᠪᠦᠬᠡᠳ ᠲᠠᠷᠢᠬᠢ ᠲᠤᠯᠤᠭᠠᠢ ᠨᠢ ᠰᠡᠷᠭᠡᠭ᠂ ᠰᠡᠳᠦᠵᠤ ᠪᠤᠳᠤᠬᠤ  ᠪᠠᠭ᠋ᠠᠳᠠᠢ  ᠪᠠᠰᠠ  ᠪᠠᠶ᠎ᠠ ᠪᠠᠨ  ᠪᠠᠷᠢᠬᠤ ᠴᠢᠳᠠᠪᠤᠷᠢ ᠲᠠᠢ᠂ ᠦᠬᠡ ᠨᠤᠮ ᠢ ᠲᠠᠭᠠᠬᠤ᠂ ᠲᠤᠷᠠᠰᠢᠯ ᠠᠴᠠ ᠪᠠᠨ ᠭᠠᠷ ᠬᠦᠳᠡᠯᠵᠤ ᠬᠢᠬᠦ᠂ ᠪᠤᠰᠤᠳ ᠲᠠᠢ ᠬᠠᠮᠵᠢᠯᠴᠠᠬᠤ᠂ ᠪᠤᠰᠤᠳ ᠢ ᠬᠦᠨᠳᠦᠳᠬᠡᠬᠦ᠂ ᠪᠤᠰᠤᠳ ᠢ ᠬᠠᠪᠰᠤᠷᠬᠤ ᠵᠡᠷᠭᠡ ᠰᠠᠶᠢᠨ ᠰᠠᠶᠢᠬᠠᠨ ᠲᠠᠳᠬᠠᠯ ᠲᠠᠢ ᠪᠤᠯᠵᠤ ᠬᠦᠮᠦᠵᠢᠭᠳᠡᠵᠤ ᠴᠢᠳᠠᠨ᠎ᠠ᠃ ᠶᠡᠭᠡ ᠰᠤᠷᠭᠠᠭᠤᠯᠢ ᠳᠤ ᠤᠷᠤᠴᠢᠬᠠᠭᠠᠳ  ᠬᠤᠪᠴᠠᠰᠤ  ᠬᠤᠨᠠᠷ  ᠤᠷᠤ  ᠬᠦᠨᠵᠢᠯᠡ ᠪᠠᠨ ᠤᠬᠢᠶᠠᠵᠤ  ᠴᠡᠪᠡᠷᠯᠡᠬᠦ ᠶᠢ ᠪᠠᠶᠢᠳᠤᠭᠠᠢ᠂ ᠭᠠᠶᠢᠭᠤᠢ ᠲᠢᠭᠳᠡᠢ ᠡᠪᠬᠡᠵᠤ ᠬᠤᠷᠢᠶᠠᠬᠤ ᠴᠤ ᠦᠬᠡᠢ ᠪᠠᠷ ᠲᠤᠷ᠎ᠠ ᠪᠠᠷ ᠨᠢ ᠤᠪᠤᠭᠠᠯᠠᠵᠤ᠂ ᠡᠷᠦᠢ ᠬᠤᠷᠤᠢ ᠪᠠᠨ ᠠᠯᠳᠠᠬᠰᠠᠨ ᠪᠠᠶᠢᠳᠠᠯ ᠤᠶᠤᠳᠠᠳ ᠤᠨ ᠪᠠᠶᠢᠷᠢᠨ ᠳᠤ ᠬᠠᠶᠠ ᠬᠠᠷᠠᠬᠳᠠᠳᠠᠬ ᠨᠢ ᠬᠠᠴᠢᠨ ᠶᠠᠪᠤᠳᠠᠯ ᠪᠤᠰᠤ᠃ ᠠᠪᠤ  ᠡᠵᠢ  ᠠᠬᠠᠮᠠᠳ ᠲᠤᠮᠤᠭᠠᠳᠠᠨ ᠨᠢ ᠬᠠᠷᠠᠬᠠᠨ ᠪᠠᠭ᠎ᠠ ᠠᠴᠠ ᠨᠢ  ᠠᠯᠢ  ᠪᠠᠶᠢᠬᠰᠠᠨ ᠢ ᠨᠢ ᠤᠷᠤᠯᠠᠨ  ᠬᠢᠵᠤ᠂  ᠦᠪᠡᠷ ᠢᠶᠠᠨ  ᠵᠦᠪᠬᠡᠨ  ᠪᠢᠴᠢᠭ ᠡᠷᠳᠡᠮ ᠢᠶᠠᠨ ᠰᠠᠶᠢᠨ ᠰᠤᠷᠤᠭᠠᠳ ᠰᠢᠯᠭᠠᠯᠳᠠ ᠳᠤ ᠲᠡᠬᠡᠬᠦᠷ ᠬᠤᠪᠢ ᠤᠯᠪᠠᠯ ᠪᠤᠯᠴᠢᠬᠠᠨ᠎ᠠ ᠬᠡᠳᠡᠭ ᠤᠬᠠᠬᠳᠠᠬᠤᠨ ᠢᠶᠠᠷ ᠤᠶᠤᠨ ᠪᠤᠳᠤᠯ ᠢᠶᠠᠨ ᠡᠵᠡᠯᠡᠬᠦᠯᠦᠨ᠂ ᠰᠠᠨᠠᠬᠰᠠᠨ ᠰᠠᠷᠪᠠᠶᠢᠬᠰᠠᠨ ᠵᠦᠢᠯ ᠳᠡᠭᠡᠨ ᠰᠠᠨᠠᠭ᠎ᠠ ᠵᠤᠪᠠᠭ᠋ᠤ ᠵᠦᠢᠯ ᠦᠬᠡᠢ ᠶᠤᠮ ᠴᠢᠨᠢ ᠬᠡᠨ  ᠵᠠᠪᠠᠯ ᠵᠤᠷᠢᠭᠤᠳᠠ ᠪᠠᠷ ᠤᠴᠢᠵᠤ ᠪᠡᠶ᠎ᠠ ᠰᠡᠳᠬᠢᠯ ᠢᠶᠠᠨ ᠵᠦᠳᠡᠬᠡᠬᠦ ᠬᠡᠵᠢ ᠳ᠋ᠡ᠃ ᠢᠡᠭᠬᠢᠬᠡᠳ ᠯᠡ ᠦᠪᠡᠷ ᠪᠢ ᠪᠠᠷ  ᠲᠦᠪ  ᠪᠤᠯᠭᠠᠵᠤ᠂ ᠠᠮᠢ ᠬᠤᠪᠢ ᠪᠠᠨ ᠤᠷᠢᠳ ᠢᠶᠠᠷ ᠪᠤᠳᠤᠵᠤ᠂ ᠦᠭᠴᠤ ᠵᠤᠷᠢᠭᠤᠯᠬᠤ ᠶᠢ ᠤᠮᠳᠤᠭᠠᠢᠢᠯᠠᠨ᠂ ᠵᠢᠷᠤᠮ ᠭᠤᠷᠢᠮ ᠤᠨ ᠤᠬᠠᠮᠰᠠᠷ ᠠᠨᠠᠢ᠂ ᠶᠤᠰᠤ ᠰᠤᠷᠳᠠᠬᠤᠨ ᠤ ᠬᠦᠯᠢᠶᠡᠰᠦᠯᠠᠯ ᠪᠠ ᠬᠠᠤᠯᠢ ᠴᠠᠭᠠᠵᠠ ᠶᠢᠨ ᠤᠬᠠᠬᠳᠠᠬᠤᠨ ᠲᠤᠳᠠᠮᠠᠬ᠂ ᠠᠵᠢᠯᠯᠠᠵᠤ ᠰᠤᠷᠤᠯᠴᠠᠬᠤ  ᠤᠷᠮ᠎ᠠ ᠦᠬᠡᠶᠢᠳᠡᠵᠤ᠂ ᠪᠠᠶ᠎ᠠ ᠪᠠᠨ ᠲᠠᠭᠠᠭᠠᠬᠤ ᠴᠢᠳᠠᠪᠤᠷᠢ ᠲᠤᠷᠤᠢ᠂ ᠠᠷᠤ ᠬᠡᠷ ᠤᠨ  ᠤᠯᠤᠬᠰᠠᠨ  ᠴᠤᠬᠯᠠᠭᠤᠯᠤᠬᠰᠠᠠ ᠢᠶᠠᠨ ᠰᠢᠪᠠᠭᠵᠤ ᠢᠳᠡᠬᠦ ᠪᠤᠶᠤ ᠰᠠᠨᠠᠭᠠᠨ ᠳᠤᠨᠢ ᠲᠠᠪᠠ ᠦᠬᠡᠢ ᠶᠠᠪᠤᠳᠠᠯ ᠲᠠᠭᠠᠷᠠᠪᠠᠯ ᠰᠠᠶᠢᠳᠤᠷ ᠰᠢᠢᠳᠪᠦᠷᠢᠯᠡᠬᠦ  ᠤᠬᠠᠭᠠᠨ  ᠰᠠᠨᠠᠭ᠎ᠠ  ᠪᠠ  ᠤᠷ᠎ᠠ ᠴᠢᠳᠠᠪᠤᠷᠢ ᠮᠡᠬᠦᠰᠳᠡᠳᠡᠭ ︽ᠪᠤᠵᠠᠭᠠᠢ ᠨᠢᠯᠬ᠎ᠠ︾ ᠶᠢᠨ ᠦᠵᠡᠭᠳᠡᠯ ᠡᠬᠦᠰᠳᠡᠭ ᠠᠵᠢ᠃ ᠦᠨᠡᠨᠳᠡᠬᠡᠨ ᠠᠪᠤ ᠡᠵᠢ ᠠᠬᠠᠮᠠᠳ ᠶᠡᠬᠡᠴᠤᠤᠯ ᠳᠤ ᠠᠪᠴᠤ ᠬᠡᠯᠡᠪᠡᠯ᠂ ᠪᠢᠴᠢᠭ  ᠰᠤᠷᠭᠠᠬᠤ ᠠᠴᠠ  ᠭᠠᠳᠠᠨ᠎ᠠ  ᠪᠠᠶᠢᠳᠠᠬ ᠶᠠᠪᠤᠳᠠᠯ ᠢ ᠨᠢ ᠤᠷᠤᠯᠠᠨ ᠬᠦᠢᠴᠡᠬᠡᠵᠤ ᠦᠭᠳᠡᠭ ᠨᠢ ᠬᠡᠦᠬᠡᠳ ᠤᠨ ᠢᠶᠠᠨ ᠪᠦᠬᠦ ᠲᠠᠯ᠎ᠠ ᠪᠠᠷ  ᠬᠦᠭᠵᠢᠭᠰᠡᠨ  ᠬᠦᠮᠦᠨ  ᠪᠤᠯᠵᠤ ᠬᠦᠮᠦᠵᠢᠭᠳᠡᠬᠦ ᠶᠡᠪᠤᠴᠠ ᠳᠠᠬᠢ ᠬᠦᠴᠢᠷ ᠪᠡᠷᠬᠡᠰᠢᠶᠡᠯ ᠢ  ᠲᠤᠭᠤᠯᠵᠤ  ᠲᠠᠪᠠᠭ᠋ᠤ  ᠤᠶᠤᠨ  ᠤᠬᠠᠭᠠᠨ  ᠠᠪᠢᠶᠠᠰ  ᠴᠢᠳᠠᠪᠤᠷᠢ ᠶᠢᠨ ᠰᠤᠷᠢᠯᠳᠠ ᠪᠠ ᠬᠠᠷᠠᠯᠳᠠ ᠵᠤᠷᠢᠯᠳᠠ ᠳᠠᠭᠠᠨ ᠬᠦᠷᠬᠦ ᠠᠶᠠᠨ ᠵᠠᠮ ᠳᠠᠬᠢ ᠪᠤᠯᠪᠠᠰᠤᠷᠠᠵᠤ  ᠴᠠᠭᠠᠷᠠᠬᠤ ᠶᠢᠨ  ᠵᠠᠪᠰᠢᠶᠠᠨ  ᠲᠤᠬᠢᠶᠠᠯ ᠢ ᠪᠤᠯᠢᠶᠠᠵᠤ ᠪᠠᠶᠢᠭ᠎ᠠ ᠶᠠᠪᠤᠳᠠᠯ ᠪᠤᠯᠤᠨ᠎ᠠ᠃ ᠬᠡᠳᠦ᠋ᠢᠪᠡᠷ ᠠᠪᠤ ᠡᠵᠢ ᠠᠬᠠᠮᠠᠳ ᠲᠤᠮᠤᠭᠠᠳᠠᠨ ᠨᠢ ᠠᠯᠢ  ᠪᠠᠶᠢᠬᠰᠠᠨ ᠢ ᠨᠢ  ᠵᠦᠪᠯᠡᠵᠤ ᠵᠦᠭᠰᠢᠷᠡᠬᠦᠯᠵᠤ ᠦᠭᠳᠡᠭ ᠪᠤᠯᠪᠠᠴᠤ᠂ ᠡᠨᠡ ᠪᠠᠷᠢᠮᠳᠠᠯᠠᠯ ᠢᠶᠠᠨ ᠡᠴᠦᠰ ᠲᠤᠨᠢ ᠲᠤᠯᠳᠠᠯ᠎ᠠ ᠬᠦᠢᠴᠡᠳᠬᠡᠵᠤ ᠲᠡᠶᠢᠯᠬᠦ ᠬᠡᠭᠴᠢ ᠶᠢ ᠬᠡᠨ‌‍ᠪᠠᠳᠤᠯᠠᠵᠤ ᠴᠢᠳᠠᠬᠤ  ᠪᠤᠢ᠃ ᠬᠠᠷᠢᠨ ᠨᠡᠶᠢᠬᠡᠮ  ᠠᠬᠤᠢ ᠶᠢᠨ  ᠰᠤᠷᠤᠯᠭ᠎ᠠ᠂  ᠤᠬᠠᠭᠠᠨ᠂  ᠠᠵᠢᠯ᠂  ᠠᠮᠢᠳᠤᠷᠠᠯ ᠤᠨ  ᠲᠤᠮᠤ ᠡᠩᠨᠡᠭᠡ ᠶᠢᠨ ᠲᠡᠷᠢᠬᠦᠨ ᠳᠤᠨᠢ ᠬᠤᠰᠢᠭᠤᠷᠠᠵᠤ ᠶᠠᠪᠤᠬᠤ ᠤᠤ ᠡᠰᠡᠬᠦᠯ᠎ᠠ ᠲᠤᠭᠤᠰᠤᠨ ᠳᠤᠨᠢ ᠪᠠᠷᠠᠳᠠᠵᠤ ᠠᠮᠢᠳᠤᠷᠠᠬᠤ ᠤᠤ ᠬᠡᠳᠡᠭ ᠨᠢ ᠬᠡᠦᠬᠡᠳ ᠤᠨ ᠦᠰᠦᠨ ᠪᠤᠶᠢᠵᠢᠯᠳᠠ ᠶᠢᠨ ᠠᠯᠬᠤᠮ ᠵᠠᠮ ᠨᠢᠬᠡᠪᠦᠷᠢ ᠳᠤ ᠲᠠᠯᠪᠢᠬᠰᠠᠨ ᠲᠤᠮᠤ  ᠰᠢᠯᠭᠠᠯᠳᠠ ᠰᠤᠷᠢᠯᠳᠠ ᠪᠤᠯᠬᠤᠷ ᠬᠠᠰᠢᠯᠠ ᠬᠡᠦᠬᠡᠳ ᠢᠶᠠᠨ  ᠪᠢᠳᠡ  ᠬᠢᠵᠤ  ᠲᠡᠶᠢᠯᠬᠦ  ᠠᠵᠤ ᠶᠢ ᠨᠢ  ᠬᠢᠯᠬᠡᠵᠤ᠂  ᠰᠠᠯᠬᠢ  ᠪᠤᠷᠤᠭᠠᠨ ᠳᠤ  ᠲᠠᠪᠳᠠᠨ᠂  ᠪᠤᠳᠠᠳᠤ ᠦᠢᠯᠡᠳᠦᠯᠬᠡ ᠳᠤ ᠪᠤᠯᠪᠠᠰᠤᠷᠠᠭᠤᠯᠵᠤ᠂ ᠦᠬᠡᠳᠡ ᠰᠠᠷᠠᠭᠤᠯ ᠦᠵᠡᠯ ᠰᠠᠨᠠᠭ᠎ᠠ᠂ ᠦᠬᠡ ᠶᠠᠷᠢᠶ᠎ᠠ᠂ ᠦᠢᠯᠡ ᠠᠵᠢᠯᠯᠠᠭ᠎ᠠ᠂  ᠦᠨ᠎ᠠ‌ᠦᠷᠳᠡᠭ ᠲᠠᠢ ᠦᠷᠦᠬᠡᠯ ᠪᠤᠰᠤᠳ ᠲᠤ ᠬᠡᠷᠡᠯ ᠬᠡᠬᠡ ᠲᠤᠯᠠᠭᠠᠨ ᠢᠯᠴᠢ ᠵᠦᠪ ᠡᠨᠧᠷᠬᠢ ᠦᠭᠴᠦ ᠴᠢᠳᠠᠳᠠᠬ  ᠬᠦᠮᠦᠨ  ᠪᠤᠯᠭᠠᠨ ᠬᠦᠮᠦᠵᠢᠬᠦᠯᠪᠠᠯ ᠵᠤᠬᠢᠨ᠎ᠠ᠃        
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号