ᠪᠣᠷᠣᠭᠤ ᠬᠦᠯᠢᠶᠡᠬᠦ ᠪᠣᠯᠪᠠᠰᠤᠨ‌‍ᠰᠤᠷᠲᠠᠯ ᠢ ᠡᠷᠬᠢᠮᠯᠡᠰᠦᠬᠡᠢ
ᠨᠡᠶᠢᠲᠡᠯᠡᠭᠰᠡᠨ ᠴᠠᠭ᠄
2021/12/22
    ᠪᠣᠷᠣᠭᠤ ᠬᠦᠯᠢᠶᠡᠬᠦ  ᠨᠢ ᠨᠢᠭᠡ ᠶᠣᠰᠣᠨ  ᠤ ᠪᠣᠯᠪᠠᠰᠤᠨ ᠰᠤᠷᠲᠠᠯ ᠪᠣᠯᠬᠤ ᠶᠤᠮ  ᠃ ᠪᠣᠷᠤᠭᠤ ᠬᠦᠯᠢᠶᠡᠬᠦ   ᠨᠢ ᠪᠣᠷᠤᠭᠤ   ᠪᠠᠨ ᠮᠡᠳᠡᠷᠡᠵᠦ ᠪᠠᠶᠢᠭ᠎ᠠ  ᠶᠢᠨ ᠢᠯᠡᠷᠡᠯ  ᠂ ᠪᠣᠷᠤᠭᠤ  ᠪᠠᠨ ᠪᠤᠳᠠᠲᠠᠢ ᠵᠠᠯᠠᠷᠠᠭᠤᠯᠬᠤ  ᠶᠢᠨ ᠤᠷᠢᠳᠠᠯ ᠪᠣᠯᠬᠤ ᠶᠤᠮ  ᠃ ᠪᠣᠷᠤᠭᠤ ᠬᠦᠯᠢᠶᠡᠬᠦ  ᠨᠢ ᠥᠪᠡᠷ ᠪᠡᠶ᠎ᠡ   ᠪᠠᠨ ᠬᠦᠨᠳᠦᠦᠨᠬᠡᠨ ᠥᠷᠦᠭᠡᠯ ᠪᠣᠰᠣᠤᠨ ᠤᠨ ᠢᠲᠡᠭᠡᠯ   ᠢ ᠣᠯᠵᠤ᠂ ᠨᠥᠬᠦᠷᠯᠡᠯ   ᠢ  ᠪᠠᠳᠤᠣᠨᠬᠠᠬᠤ   ᠳᠤ ᠠᠰᠢᠬᠲᠠᠢ  ᠂ ᠠᠵᠢᠯ ᠤᠢᠢᠯᠡᠰ   ᠤᠨ ᠠᠮᠵᠢᠯᠲᠠ᠂ ᠠᠳᠠᠯ ᠠᠮᠢᠳᠤᠷᠠᠯ  ᠤᠨ ᠳᠡᠭᠡᠭᠰᠢᠯᠡᠯᠲᠡ  ᠳᠤ ᠳᠤᠰᠠᠲᠠᠢ ᠪᠠᠶᠢᠳᠠᠭ   ︽  ᠪᠤᠷᠬᠠᠨ ᠪᠠᠰᠠ ᠭᠤᠷᠪᠠᠨ ᠪᠤᠷᠤᠭᠤ  ᠲᠠᠢ  ︾ ᠭᠡᠰᠡᠨ ᠦᠭᠡ ᠪᠠᠶᠢᠳᠠᠭ  ᠃ ᠡᠨᠡ  ᠨᠢ ᠳᠠᠷᠤᠢ ᠠᠯᠳᠠᠭ᠎ᠠ ᠪᠤᠷᠤᠭᠤ ᠭᠠᠷᠭᠠᠬᠤ ᠦᠭᠡᠢ ᠬᠦᠮᠦᠨ ᠭᠡᠵᠤ ᠦᠭᠡᠢ ᠭᠡᠰᠡᠨ ᠦᠭᠡ ᠪᠠᠶᠢᠭ᠎ᠠ  ᠃ ᠡᠶᠢᠨ ᠬᠦ ᠠᠭᠤᠤ ᠬᠦᠮᠦᠨ ᠵᠸᠦ ᠶᠡᠷᠦᠩᠬᠡᠢ ᠰᠠᠶᠢᠳ  ︽  ᠠᠯᠳᠠᠭ᠎ᠠ ᠪᠤᠷᠤᠭᠤ ᠭᠠᠷᠭᠠᠬᠤ  ᠠᠴᠠ ᠠᠶᠤᠬᠤ ᠦᠭᠡᠢ  ᠂ ᠭᠠᠭᠴᠠ ᠬᠦ ᠬᠠᠯᠠᠵᠤ ᠵᠠᠯᠠᠷᠠᠭᠤᠯᠬᠤ ᠦᠭᠡᠢ  ᠠᠴᠠ ᠠᠶᠤᠨ᠎ᠠ  ︾ ᠭᠡᠵᠦ ᠥᠭᠦᠯᠡᠭᠰᠡᠨ ᠪᠠᠶᠢᠳᠠᠭ  ᠃ ᠡᠨᠡ ᠪᠣᠯ ᠳᠠᠷᠤᠢ ᠠᠯᠳᠠᠭ᠎ᠠ ᠪᠤᠷᠤᠭᠤ  ᠪᠠᠨ ᠬᠠᠯᠠᠨ ᠵᠠᠯᠠᠷᠠᠭᠤᠯᠵᠤ ᠪᠤᠷᠤᠭᠤ ᠬᠦᠯᠢᠶᠡᠬᠦ  ᠶᠢ ᠬᠦᠰᠡᠨ ᠱᠠᠭᠠᠷᠳᠠᠬᠰᠠᠨ ᠮᠥᠩᠬᠡ  ᠶᠢᠨ ᠰᠤᠷᠭᠠᠯ ᠪᠣᠯᠬᠤ ᠶᠤᠮ  ᠃ ᠮᠠᠨ  ᠤ ᠨᠠᠮ  ᠤᠨ ᠭᠤᠷᠪᠠᠨ ᠶᠡᠭᠡ ᠰᠤᠷᠲᠠᠯ  ᠤᠨ ᠨᠢᠭᠡ ᠪᠣᠯᠬᠤ ᠥᠪᠡᠷ  ᠤᠨ ᠰᠢᠭᠦᠮᠵᠢᠯᠡᠯ ᠬᠢᠬᠦ ᠪᠣᠯ ᠳᠠᠷᠤᠢ ᠪᠤᠷᠤᠭᠤ ᠬᠦᠯᠢᠶᠡᠬᠦ  ᠶᠢ ᠡᠷᠬᠢᠮᠯᠡᠭᠰᠡᠨ᠂ ᠠᠯᠳᠠᠭ᠎ᠠ ᠪᠤᠷᠤᠭᠤ  ᠭᠠᠷᠭᠠᠬᠤ ᠶᠢ ᠬᠤᠷᠢᠬᠯᠠᠬᠰᠠᠨ ᠨᠠᠨᠲᠢᠨ  ᠵᠦᠢᠯ ᠨᠢᠮᠪᠠᠢ ᠬᠢᠳᠡᠯ ᠪᠣᠯᠤᠨ᠎ᠠ  ᠃ ︽  ᠪᠣᠷᠤᠭᠠᠨ ᠠᠷᠢᠯᠪᠠᠯ ᠲᠡᠭᠷᠢ ᠴᠡᠯᠮᠡᠭᠰᠢᠨ᠎ᠡ  ᠂ ᠪᠤᠷᠤᠭᠤ   ᠪᠠᠨ ᠳᠡᠪᠴᠢᠪᠡᠯ ᠬᠦᠮᠦᠨ ᠤᠬᠠᠭᠠᠷᠠᠨ᠎ᠠ︾   ᠂ ︽  ᠪᠤᠷᠤᠭᠤ ᠶᠠᠭᠤᠮ᠎ᠠ  ᠶᠢ ᠪᠣᠤ ᠥᠮᠦᠭᠯᠡ  ᠂ ᠪᠣᠰᠣᠤᠨ  ᠤᠨ ᠶᠠᠭᠤᠮ᠎ᠠ  ᠳᠤ ᠪᠣᠤ ᠰᠢᠨᠤ  ︾  ᠬᠡᠬᠦ ᠮᠡᠳᠥ  ᠶᠢᠨ ᠵᠦᠢᠷ ᠰᠡᠴᠡᠨ ᠦᠭᠡᠰ  ᠨᠢ ᠴᠦᠮ ᠪᠤᠷᠤᠭᠤ ᠬᠦᠯᠢᠶᠡᠬᠦ  ᠶᠢ ᠵᠣᠷᠢᠵᠤ ᠪᠤᠷᠤᠭᠤ  ᠪᠠᠨ ᠬᠠᠯᠠᠵᠤ ᠪᠤᠷᠤᠭᠤ ᠭᠠᠷᠭᠠᠬᠤ ᠦᠭᠡᠢ  ᠶᠢ ᠬᠦᠰᠡᠮᠵᠢᠯᠡᠭᠰᠡᠨ ᠪᠠᠶᠢᠳᠠᠭ  ᠃ ︽  ᠪᠣᠰᠣᠤᠨ  ᠲᠠᠢ ᠠᠭᠤᠯᠵᠠᠬᠤ   ᠳᠤ ᠤᠷᠢᠳ ᠢᠶᠠᠷ ᠮᠡᠨᠳᠦᠴᠢᠯᠡᠨ᠎ᠡ  ᠂ ᠪᠣᠰᠣᠤᠨ  ᠤᠨ ᠬᠠᠪᠰᠤᠷᠤᠯᠭ᠎ᠠ ᠳᠡᠮᠵᠢᠯᠭᠡ  ᠶᠢ ᠬᠦᠷᠲᠡᠭᠰᠡᠨ ᠪᠣᠯ ᠪᠠᠶᠠᠷᠯᠠᠵᠤ ᠲᠠᠯᠠᠷᠬᠠᠬᠰᠠᠨ ᠰᠡᠦᠨᠬᠢᠯᠭᠡ   ᠪᠠᠨ ᠢᠯᠡᠦᠨᠬᠡᠬᠦ ᠬᠡᠷᠡᠭᠲᠡᠢ  ᠂ ᠪᠣᠰᠣᠤᠨ ᠲᠤ ᠶᠠᠷᠰᠢᠭ ᠲᠥᠪᠡᠭ ᠤᠴᠠᠷᠠᠭᠤᠯᠤᠬᠰᠠᠨ ᠪᠣᠯ ᠪᠤᠷᠤᠭᠤ ᠬᠦᠯᠢᠶᠡᠬᠦ ᠬᠡᠷᠡᠭᠲᠡᠢ  ︾ ᠭᠡᠰᠡᠨ ᠰᠤᠷᠭᠠᠯ ᠦᠭᠡ ᠪᠠᠶᠢᠳᠠᠭ  ᠃ ᠡᠶᠢᠨ ᠬᠦ ᠪᠤᠷᠤᠭᠤ ᠬᠦᠯᠢᠶᠡᠬᠦ   ᠶᠢ ᠬᠠᠷᠠᠬᠠᠨ ᠪᠠᠭ᠎ᠠ  ᠠᠴᠠ  ᠨᠢ ᠰᠤᠷᠭᠠᠬᠤ ᠠᠨᠤ ᠬᠦᠮᠦᠨ ᠪᠣᠯᠣᠨ ᠬᠦᠮᠦᠵᠢᠭᠳᠡᠬᠦ   ᠳᠤ ᠲᠤᠩ ᠠᠰᠢᠬᠲᠠᠢ ᠪᠠᠶᠢᠵᠤ ᠲᠠᠭᠠᠷᠠᠨ᠎ᠠ  ᠃     ᠪᠣᠷᠤᠭᠤ ᠬᠦᠯᠢᠶᠡᠬᠦ ᠪᠤᠯᠪᠠᠰᠤᠨ ᠰᠤᠷᠲᠠᠯ ᠢ ᠡᠷᠬᠢᠮᠯᠡᠰᠦᠭᠡᠢ  ︕
 
ᠢᠷᠡᠯᠲᠡ᠄ ᠲᠦᠩᠯᠢᠶᠥᠥ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号