ᠪᠣᠷᠣᠭᠤ ᠬᠦᠯᠢᠶᠡᠬᠦ ᠪᠣᠯᠪᠠᠰᠤᠨ‌‍ᠰᠤᠷᠲᠠᠯ ᠢ ᠡᠷᠬᠢᠮᠯᠡᠰᠦᠬᠡᠢ
ᠨᠡᠶᠢᠲᠡᠯᠡᠭᠰᠡᠨ ᠴᠠᠭ᠄
2021/12/22
    ᠪᠣᠷᠣᠭᠤ ᠬᠦᠯᠢᠶᠡᠬᠦ ᠎ ᠨᠢ ᠨᠢᠭᠡ ᠶᠣᠰᠣᠨ ᠎ ᠤ ᠪᠣᠯᠪᠠᠰᠤᠨ ᠰᠤᠷᠲᠠᠯ ᠪᠣᠯᠬᠤ ᠶᠤᠮ  ᠃ ᠪᠣᠷᠤᠭᠤ ᠬᠦᠯᠢᠶᠡᠬᠦ  ᠎ ᠨᠢ ᠪᠣᠷᠤᠭᠤ  ᠎ ᠪᠠᠨ ᠮᠡᠳᠡᠷᠡᠵᠦ ᠪᠠᠶᠢᠭ᠎ᠠ ᠎ ᠶᠢᠨ ᠢᠯᠡᠷᠡᠯ  ᠂ ᠪᠣᠷᠤᠭᠤ ᠎ ᠪᠠᠨ ᠪᠤᠳᠠᠲᠠᠢ ᠵᠠᠯᠠᠷᠠᠭᠤᠯᠬᠤ ᠎ ᠶᠢᠨ ᠤᠷᠢᠳᠠᠯ ᠪᠣᠯᠬᠤ ᠶᠤᠮ  ᠃ ᠪᠣᠷᠤᠭᠤ ᠬᠦᠯᠢᠶᠡᠬᠦ ᠎ ᠨᠢ ᠥᠪᠡᠷ ᠪᠡᠶ᠎ᠡ  ᠎ ᠪᠠᠨ ᠬᠦᠨᠳᠦᠦᠨᠬᠡᠨ ᠥᠷᠦᠭᠡᠯ ᠪᠣᠰᠣᠤᠨ ᠤᠨ ᠢᠲᠡᠭᠡᠯ  ᠎ ᠢ ᠣᠯᠵᠤ᠂ ᠨᠥᠬᠦᠷᠯᠡᠯ  ᠎ ᠢ  ᠪᠠᠳᠤᠣᠨᠬᠠᠬᠤ  ᠎ ᠳᠤ ᠠᠰᠢᠬᠲᠠᠢ  ᠂ ᠠᠵᠢᠯ ᠤᠢᠢᠯᠡᠰ  ᠎ ᠤᠨ ᠠᠮᠵᠢᠯᠲᠠ᠂ ᠠᠳᠠᠯ ᠠᠮᠢᠳᠤᠷᠠᠯ ᠎ ᠤᠨ ᠳᠡᠭᠡᠭᠰᠢᠯᠡᠯᠲᠡ ᠎ ᠳᠤ ᠳᠤᠰᠠᠲᠠᠢ ᠪᠠᠶᠢᠳᠠᠭ   ︽  ᠪᠤᠷᠬᠠᠨ ᠪᠠᠰᠠ ᠭᠤᠷᠪᠠᠨ ᠪᠤᠷᠤᠭᠤ ᠎ ᠲᠠᠢ  ︾ ᠭᠡᠰᠡᠨ ᠦᠭᠡ ᠪᠠᠶᠢᠳᠠᠭ  ᠃ ᠡᠨᠡ ᠎ ᠨᠢ ᠳᠠᠷᠤᠢ ᠠᠯᠳᠠᠭ᠎ᠠ ᠪᠤᠷᠤᠭᠤ ᠭᠠᠷᠭᠠᠬᠤ ᠦᠭᠡᠢ ᠬᠦᠮᠦᠨ ᠭᠡᠵᠤ ᠦᠭᠡᠢ ᠭᠡᠰᠡᠨ ᠦᠭᠡ ᠪᠠᠶᠢᠭ᠎ᠠ  ᠃ ᠡᠶᠢᠨ ᠬᠦ ᠠᠭᠤᠤ ᠬᠦᠮᠦᠨ ᠵᠸᠦ ᠶᠡᠷᠦᠩᠬᠡᠢ ᠰᠠᠶᠢᠳ  ︽  ᠠᠯᠳᠠᠭ᠎ᠠ ᠪᠤᠷᠤᠭᠤ ᠭᠠᠷᠭᠠᠬᠤ ᠎ ᠠᠴᠠ ᠠᠶᠤᠬᠤ ᠦᠭᠡᠢ  ᠂ ᠭᠠᠭᠴᠠ ᠬᠦ ᠬᠠᠯᠠᠵᠤ ᠵᠠᠯᠠᠷᠠᠭᠤᠯᠬᠤ ᠦᠭᠡᠢ ᠎ ᠠᠴᠠ ᠠᠶᠤᠨ᠎ᠠ  ︾ ᠭᠡᠵᠦ ᠥᠭᠦᠯᠡᠭᠰᠡᠨ ᠪᠠᠶᠢᠳᠠᠭ  ᠃ ᠡᠨᠡ ᠪᠣᠯ ᠳᠠᠷᠤᠢ ᠠᠯᠳᠠᠭ᠎ᠠ ᠪᠤᠷᠤᠭᠤ ᠎ ᠪᠠᠨ ᠬᠠᠯᠠᠨ ᠵᠠᠯᠠᠷᠠᠭᠤᠯᠵᠤ ᠪᠤᠷᠤᠭᠤ ᠬᠦᠯᠢᠶᠡᠬᠦ ᠎ ᠶᠢ ᠬᠦᠰᠡᠨ ᠱᠠᠭᠠᠷᠳᠠᠬᠰᠠᠨ ᠮᠥᠩᠬᠡ ᠎ ᠶᠢᠨ ᠰᠤᠷᠭᠠᠯ ᠪᠣᠯᠬᠤ ᠶᠤᠮ  ᠃ ᠮᠠᠨ ᠎ ᠤ ᠨᠠᠮ ᠎ ᠤᠨ ᠭᠤᠷᠪᠠᠨ ᠶᠡᠭᠡ ᠰᠤᠷᠲᠠᠯ ᠎ ᠤᠨ ᠨᠢᠭᠡ ᠪᠣᠯᠬᠤ ᠥᠪᠡᠷ ᠎ ᠤᠨ ᠰᠢᠭᠦᠮᠵᠢᠯᠡᠯ ᠬᠢᠬᠦ ᠪᠣᠯ ᠳᠠᠷᠤᠢ ᠪᠤᠷᠤᠭᠤ ᠬᠦᠯᠢᠶᠡᠬᠦ ᠎ ᠶᠢ ᠡᠷᠬᠢᠮᠯᠡᠭᠰᠡᠨ᠂ ᠠᠯᠳᠠᠭ᠎ᠠ ᠪᠤᠷᠤᠭᠤ  ᠭᠠᠷᠭᠠᠬᠤ ᠶᠢ ᠬᠤᠷᠢᠬᠯᠠᠬᠰᠠᠨ ᠨᠠᠨᠲᠢᠨ  ᠵᠦᠢᠯ ᠨᠢᠮᠪᠠᠢ ᠬᠢᠳᠡᠯ ᠪᠣᠯᠤᠨ᠎ᠠ  ᠃ ︽  ᠪᠣᠷᠤᠭᠠᠨ ᠠᠷᠢᠯᠪᠠᠯ ᠲᠡᠭᠷᠢ ᠴᠡᠯᠮᠡᠭᠰᠢᠨ᠎ᠡ  ᠂ ᠪᠤᠷᠤᠭᠤ  ᠎ ᠪᠠᠨ ᠳᠡᠪᠴᠢᠪᠡᠯ ᠬᠦᠮᠦᠨ ᠤᠬᠠᠭᠠᠷᠠᠨ᠎ᠠ︾   ᠂ ︽  ᠪᠤᠷᠤᠭᠤ ᠶᠠᠭᠤᠮ᠎ᠠ ᠎ ᠶᠢ ᠪᠣᠤ ᠥᠮᠦᠭᠯᠡ  ᠂ ᠪᠣᠰᠣᠤᠨ ᠎ ᠤᠨ ᠶᠠᠭᠤᠮ᠎ᠠ ᠎ ᠳᠤ ᠪᠣᠤ ᠰᠢᠨᠤ  ︾  ᠬᠡᠬᠦ ᠮᠡᠳᠥ ᠎ ᠶᠢᠨ ᠵᠦᠢᠷ ᠰᠡᠴᠡᠨ ᠦᠭᠡᠰ ᠎ ᠨᠢ ᠴᠦᠮ ᠪᠤᠷᠤᠭᠤ ᠬᠦᠯᠢᠶᠡᠬᠦ ᠎ ᠶᠢ ᠵᠣᠷᠢᠵᠤ ᠪᠤᠷᠤᠭᠤ ᠎ ᠪᠠᠨ ᠬᠠᠯᠠᠵᠤ ᠪᠤᠷᠤᠭᠤ ᠭᠠᠷᠭᠠᠬᠤ ᠦᠭᠡᠢ ᠎ ᠶᠢ ᠬᠦᠰᠡᠮᠵᠢᠯᠡᠭᠰᠡᠨ ᠪᠠᠶᠢᠳᠠᠭ  ᠃ ︽  ᠪᠣᠰᠣᠤᠨ ᠎ ᠲᠠᠢ ᠠᠭᠤᠯᠵᠠᠬᠤ  ᠎ ᠳᠤ ᠤᠷᠢᠳ ᠢᠶᠠᠷ ᠮᠡᠨᠳᠦᠴᠢᠯᠡᠨ᠎ᠡ  ᠂ ᠪᠣᠰᠣᠤᠨ ᠎ ᠤᠨ ᠬᠠᠪᠰᠤᠷᠤᠯᠭ᠎ᠠ ᠳᠡᠮᠵᠢᠯᠭᠡ ᠎ ᠶᠢ ᠬᠦᠷᠲᠡᠭᠰᠡᠨ ᠪᠣᠯ ᠪᠠᠶᠠᠷᠯᠠᠵᠤ ᠲᠠᠯᠠᠷᠬᠠᠬᠰᠠᠨ ᠰᠡᠦᠨᠬᠢᠯᠭᠡ  ᠎ ᠪᠠᠨ ᠢᠯᠡᠦᠨᠬᠡᠬᠦ ᠬᠡᠷᠡᠭᠲᠡᠢ  ᠂ ᠪᠣᠰᠣᠤᠨ ᠲᠤ ᠶᠠᠷᠰᠢᠭ ᠲᠥᠪᠡᠭ ᠤᠴᠠᠷᠠᠭᠤᠯᠤᠬᠰᠠᠨ ᠪᠣᠯ ᠪᠤᠷᠤᠭᠤ ᠬᠦᠯᠢᠶᠡᠬᠦ ᠬᠡᠷᠡᠭᠲᠡᠢ  ︾ ᠭᠡᠰᠡᠨ ᠰᠤᠷᠭᠠᠯ ᠦᠭᠡ ᠪᠠᠶᠢᠳᠠᠭ  ᠃ ᠡᠶᠢᠨ ᠬᠦ ᠪᠤᠷᠤᠭᠤ ᠬᠦᠯᠢᠶᠡᠬᠦ  ᠎ ᠶᠢ ᠬᠠᠷᠠᠬᠠᠨ ᠪᠠᠭ᠎ᠠ ᠎ ᠠᠴᠠ ᠎ ᠨᠢ ᠰᠤᠷᠭᠠᠬᠤ ᠠᠨᠤ ᠬᠦᠮᠦᠨ ᠪᠣᠯᠣᠨ ᠬᠦᠮᠦᠵᠢᠭᠳᠡᠬᠦ  ᠎ ᠳᠤ ᠲᠤᠩ ᠠᠰᠢᠬᠲᠠᠢ ᠪᠠᠶᠢᠵᠤ ᠲᠠᠭᠠᠷᠠᠨ᠎ᠠ  ᠃     ᠪᠣᠷᠤᠭᠤ ᠬᠦᠯᠢᠶᠡᠬᠦ ᠪᠤᠯᠪᠠᠰᠤᠨ ᠰᠤᠷᠲᠠᠯ ᠢ ᠡᠷᠬᠢᠮᠯᠡᠰᠦᠭᠡᠢ  ︕
 
ᠢᠷᠡᠯᠲᠡ᠄ ᠲᠦᠩᠯᠢᠶᠥᠥ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号