ᠤᠬᠠᠭᠠᠨ ᠲᠠᠢ ᠬᠦᠮᠦᠨ ᠬᠦᠮᠦᠵᠢᠬᠦᠯᠦᠶ᠎ᠠ ᠭᠡᠪᠡᠯ ᠨᠤᠮ ᠲᠠᠢ ᠬᠦᠮᠦᠨ ᠬᠦᠮᠦᠵᠢᠬᠦᠯᠦᠭᠡᠷᠡᠢ
ᠨᠡᠶᠢᠲᠡᠯᠡᠭᠰᠡᠨ ᠴᠠᠭ᠄
2021/11/2
    ᠨᠠᠷᠠᠳᠤ ᠬᠦᠮᠦᠰ ᠤᠨ ᠨᠤᠮ ᠤᠡᠭᠰᠢᠬᠤ ᠶᠢᠨ ᠴᠢᠬᠤᠯᠠ ᠴᠢᠨᠠᠷ ᠤᠨ ᠲᠤᠬᠠᠢ ᠦᠭᠦᠯᠡᠭᠰᠡᠨ ᠮᠡᠷᠭᠡᠨ ᠰᠡᠴᠡᠨ ᠦᠭᠡᠰ ᠤᠯᠠᠨ ᠪᠠᠶᠢᠳᠠᠭ᠃ ᠵᠢᠱᠢᠶᠡᠯᠡᠪᠡᠯ᠂ ︽ᠨᠤᠮ ᠲᠤᠳᠤᠷ᠎ᠠ ᠵᠠᠮ ᠪᠤᠢ︾᠂ ︽ᠮᠤᠩᠬᠠᠭ ᠤᠨ ᠴᠦᠯ ᠢ ᠮᠤᠷᠢ ᠪᠠᠷ ᠪᠢᠰᠢ ᠨᠤᠮ ᠢᠶᠠᠷ ᠲᠤᠭᠤᠯᠳᠠᠭ︾᠂ ︽ᠨᠤᠮ ᠤᠡᠭᠰᠢᠬᠤ ᠪᠠᠷ ᠲᠠᠷᠢᠬᠢ ᠰᠡᠷᠬᠦᠵᠤ᠂ ᠨᠠᠷᠠ ᠭᠠᠷᠬᠤ ᠪᠠᠷ ᠪᠠᠶᠢᠭᠠᠯᠢ ᠰᠡᠷᠬᠦᠨ᠎ᠠ︾ ᠁ ᠭᠡᠳᠡᠭ᠃     ᠨᠤᠮ ᠤᠡᠭᠰᠢᠪᠠᠯ ᠤᠢ ᠪᠢᠯᠢᠭ ᠲᠠᠯᠠᠵᠤ᠂ ᠰᠡᠳᠬᠢᠨ ᠪᠤᠳᠤᠯᠬᠢᠯᠬᠠᠤ ᠴᠢᠳᠠᠪᠤᠷᠢ ᠨᠢ ᠳᠡᠭᠡᠭᠰᠢᠯᠡᠬᠦ ᠨᠢ ᠳᠠᠮᠵᠢᠭ ᠦᠭᠡᠢ᠃ ᠨᠤᠮ ᠠᠴᠠ ᠡᠬᠢ ᠲᠠᠢ ᠡᠷᠳᠡᠮ ᠮᠡᠳᠡᠯᠭᠡ ᠭᠡᠳᠡᠭ ᠪᠤᠯ ᠮᠤᠩᠳᠠᠰᠢ ᠦᠭᠡᠢ᠂ ᠰᠤᠷᠤᠭᠠᠳ ᠪᠠᠷᠠᠰᠢ ᠦᠭᠡᠢ ᠪᠠᠶᠢᠳᠠᠭ᠃ ᠲᠡᠭᠡᠬᠦ ᠪᠠᠷ ︽ᠨᠤᠮ ᠲᠠᠢ ᠬᠦᠮᠦᠨ︾ ᠪᠤᠯᠬᠤ ᠶᠢᠨ ᠤᠷᠢᠳᠡᠯ ᠨᠦᠬᠦᠴᠡᠯ ᠨᠢ ᠨᠤᠮ ᠤᠡᠭᠰᠢᠬᠤ ᠰᠠᠶᠢᠨ ᠰᠠᠶᠢᠬᠠᠨ ᠳᠠᠳᠬᠠᠯ ᠢ ᠪᠦᠷᠢᠯᠳᠦᠬᠦᠯᠬᠦ ᠶᠠᠪᠤᠳᠠᠯ ᠪᠤᠯᠤᠨ᠎ᠠ᠃ ᠡᠨᠡ ᠰᠠᠶᠢᠨ ᠳᠠᠳᠬᠠᠯ ᠢ ᠪᠤᠢ ᠪᠤᠯᠭᠠᠭᠰᠠᠨ ᠪᠠᠶᠢᠳᠠᠯ ᠳᠤ ᠬᠦᠮᠦᠨ ᠠᠶᠠᠨᠳᠠᠭᠠᠨ ᠨᠤᠮ ᠤᠡᠭᠰᠢᠬᠤ ᠤᠷᠮ᠎ᠠ ᠲᠠᠢ ᠪᠤᠯᠵᠤ᠂ ᠶᠠᠮᠠᠷ ᠴᠤ ᠦᠶ᠎ᠠ ᠳᠤ ᠨᠤᠮ ᠣᠩᠰᠢᠭᠰᠠᠨ ᠤ ᠦᠷ᠎ᠠ ᠦᠭᠬᠦᠭᠡᠵᠢ ᠶᠢ ᠡᠳ᠋ᠯᠡᠵᠤ ᠶᠠᠪᠤᠬᠤ ᠪᠤᠯᠤᠨ᠎ᠠ᠃ ᠲᠡᠭᠡᠪᠡᠯ ᠨᠤᠮ ᠤᠡᠭᠰᠢᠬᠤ ᠳᠠᠳᠬᠠᠯ ᠢ ᠶᠠᠭᠠᠬᠢᠵᠤ ᠪᠦᠷᠢᠯᠳᠦᠬᠦᠯᠬᠦ ᠪᠤᠢ︖ ᠮᠢᠨᠤ ᠦᠵᠡᠬᠦ ᠪᠠᠷ ᠡᠭᠦᠨ ᠢ ᠪᠤᠢ ᠪᠤᠯᠭᠠᠬᠤ ᠳᠤ ᠭᠡᠤᠭᠡᠳ ᠦᠶ᠎ᠠ ᠠᠴᠠ ᠨᠢ ᠲᠠᠰᠬᠠᠨ ᠳᠠᠳᠬᠠᠯᠵᠢᠭᠤᠯᠬᠤ ᠨᠢ ᠵᠦᠢᠳᠠᠢ᠃ ᠭᠡᠤᠭᠡᠳ ᠲᠤ ᠨᠤᠮ ᠤᠡᠭᠰᠢᠬᠤ ᠳᠠᠳᠬᠠᠯ ᠢ ᠰᠠᠭᠤᠯᠭᠠᠬᠤ ᠳᠤ ᠲᠤᠮᠤᠴᠤᠤᠯ ᠬᠦᠴᠤ ᠤᠷᠤᠭᠤᠯᠬᠤ ᠱᠠᠭᠠᠷᠳᠠᠯᠭ᠎ᠠ ᠲᠠᠢ᠃ ᠲᠤᠮᠤᠴᠤᠤᠯ ᠦᠪᠡᠷᠰᠡᠳ ᠤᠨ ᠤᠢᠢᠯᠡᠳᠤᠯ ᠢᠶᠠᠷ ᠢᠶᠠᠨ ᠲᠠᠭᠤᠷᠢᠶᠠᠯ ᠪᠤᠯᠪᠠᠯ ᠭᠡᠤᠭᠡᠳ ᠠᠶᠠᠨᠳᠠᠭᠠᠨ ᠨᠦᠯᠦᠭᠡᠯᠡᠭᠳᠡᠬᠦ ᠪᠤᠯᠤᠨ᠎ᠠ᠃ ᠳᠠᠷᠤᠢ ᠳᠠᠭᠠᠭᠤᠯᠵᠤ ᠨᠤᠮ ᠤᠡᠭᠰᠢᠬᠤ᠂ ᠨᠤᠮ ᠲᠠᠢ ᠭᠠᠵᠠᠷ ᠢᠶᠠᠷ ᠢᠯᠡᠬᠦᠤ ᠳᠠᠭᠠᠭᠤᠯᠵᠤ ᠦᠵᠡᠬᠦᠯᠬᠦ᠂ ᠨᠠᠰᠤ ᠨᠠᠰᠤᠨ ᠳᠤ ᠨᠢ ᠲᠤᠬᠢᠷᠠᠭᠰᠠᠨ ᠨᠤᠮ ᠢ ᠠᠪᠴᠤ ᠦᠭᠬᠦ᠂ ᠨᠤᠮ ᠤᠨ ᠠᠭᠤᠯᠭ᠎ᠠ ᠲᠠᠢ ᠤᠢᠢᠯᠡ ᠠᠵᠢᠯᠯᠠᠭ᠎ᠠ ᠳᠤ ᠪᠠᠶᠠᠴᠢᠯᠠᠨ ᠤᠷᠤᠯᠴᠠᠭᠤᠯᠬᠤ᠂ ᠨᠠᠷᠠᠳᠤ ᠬᠦᠮᠦᠰ ᠤᠨ ᠨᠤᠮ ᠣᠩᠰᠢᠭᠰᠠᠨ ᠦᠡᠭᠭᠡᠷᠡᠯᠳᠡ ᠪᠤᠶᠤ ᠵᠤᠬᠢᠶᠠᠯ ᠪᠦ᠋ᠳᠦᠭᠡᠯ ᠤᠨ ᠬᠢᠨᠢ ᠲᠤᠬᠠᠢ ᠲᠠᠶᠢᠯᠪᠤᠷᠢᠯᠡᠵᠤ ᠶᠠᠷᠢᠬᠤ ᠵᠡᠷᠬᠡ ᠪᠠᠷ ᠭᠡᠤᠭᠡᠳ ᠢᠶᠠᠨ ᠨᠤᠮ ᠤᠨ ᠶᠢᠷᠳᠢᠨᠴᠤ ᠤᠷᠤᠭᠤ ᠳᠠᠭᠠᠭᠤᠯᠵᠤ ᠤᠷᠤᠪᠠᠯ ᠭᠡᠤᠭᠡᠳ ᠤᠨ ᠨᠤᠮ ᠤᠡᠭᠰᠢᠬᠤ ᠤᠷᠮ᠎ᠠ ᠰᠡᠳᠬᠢᠯᠭᠡ ᠨᠢ ᠰᠡᠷᠬᠦᠵᠤ᠂ ᠨᠤᠮ ᠤᠡᠭᠰᠢᠬᠤ ᠳᠠᠳᠬᠠᠯ ᠠᠶᠠᠨᠳᠠᠭᠠᠨ ᠪᠦᠷᠢᠯᠳᠦᠵᠤ᠂ ᠬᠤᠵᠢᠮ ᠬᠠᠮᠢᠭ᠎ᠠ ᠶᠠᠪᠤᠭᠰᠠᠨ ᠴᠤ ᠨᠤᠮ ᠪᠤᠯ ᠬᠠᠮᠤᠭ ᠤᠨ ᠰᠠᠶᠢᠨ ᠬᠠᠨᠢ᠂ ᠨᠤᠮ ᠪᠢᠴᠢᠭ ᠰᠤᠷᠬᠤ ᠪᠤᠯ ᠬᠠᠮᠤᠭ ᠤᠨ ᠡᠷᠬᠢᠮ ᠵᠦᠢᠯ ᠭᠡᠳᠡᠭ ᠢ ᠵᠢᠷᠦᠭᠡ ᠰᠡᠳᠬᠢᠯ ᠠᠴᠠ ᠪᠠᠨ ᠮᠡᠳᠡᠷᠡᠬᠦ ᠪᠤᠯᠤᠨ᠎ᠠ᠃     ᠪᠢᠯᠢᠬᠦᠨ ᠨᠤᠮᠴᠢ ᠪ᠊ ᠷᠢᠨᠴᠢᠨ ᠤ ︽ᠮᠤᠩᠳᠠᠰᠢ ᠦᠭᠡᠢ ᠡᠷᠳᠡᠮ ᠢ ᠰᠤᠷᠬᠤ ᠳᠤ ᠨᠠᠰᠤ ᠲᠠᠩᠴᠤ ᠤᠬᠤᠷ᠂ ᠮᠤᠩᠬᠠᠭ ᠤᠨ ᠲᠡᠷᠭᠡᠳᠡ ᠪᠠᠶᠢᠬᠤ ᠳᠤ ᠨᠠᠰᠤ ᠲᠠᠩᠴᠤ ᠤᠷᠳᠤ︾ ᠭᠡᠰᠡᠨ ᠦᠭᠡᠨ ᠤ ᠤᠴᠢᠷ ᠢ ᠤᠬᠠᠪᠠᠰᠤ᠂ ᠬᠦᠮᠦᠨ ᠰᠤᠷᠴᠤ ᠰᠤᠳᠤᠯᠬᠤ ᠶᠢᠨ ᠠᠮᠳᠠᠨ ᠳᠤ ᠤᠷᠤᠪᠠᠯ ᠰᠤᠷᠤᠭᠠᠳ ᠪᠠᠷᠠᠬᠤ ᠦᠭᠡᠢ ᠰᠢᠮᠳᠠᠬᠤ ᠪᠠ ᠲᠠᠷᠢᠬᠢ ᠲᠤᠯᠤᠭᠠᠢ ᠳᠤ ᠪᠠᠨ ᠮᠡᠳᠡᠯᠭᠡ ᠦᠭᠡᠢ ᠬᠤᠭᠤᠰᠤᠨ ᠤ ᠠᠶᠤᠮᠰᠢᠭ᠂ ᠲᠠᠨᠡᠭ ᠪᠦᠳᠦᠬᠦᠯᠢᠭ ᠢ ᠳᠡᠭᠡᠳᠦ ᠬᠡᠮᠵᠢᠶ᠎ᠡ ᠪᠠᠷ ᠬᠠᠷᠢᠴᠠᠭᠤᠯᠵᠤ ᠬᠡᠯᠡᠭᠰᠡᠨ ᠭᠡᠵᠤ ᠤᠢᠢᠯᠠᠭᠠᠵᠤ ᠪᠠᠶᠢᠨ᠎ᠠ᠃ ᠲᠡᠭᠡᠬᠦ ᠪᠠᠷ ᠭᠡᠤᠭᠡᠳ ᠲᠤ ᠱᠠᠭᠠᠷᠳᠠᠭᠳᠠᠳᠠᠭ ᠭᠡᠷ ᠪᠦᠯᠢ ᠶᠢᠨ ᠬᠦᠮᠦᠵᠢᠯ ᠤᠨ ᠲᠤᠳᠤᠷ᠎ᠠ ᠭᠡᠤᠭᠡᠳ ᠤᠨ ᠨᠤᠮ ᠤᠡᠭᠰᠢᠬᠤ ᠳᠠᠳᠬᠠᠯ ᠤᠨ ᠬᠦᠮᠦᠵᠢᠯ ᠴᠢᠬᠤᠯᠠ ᠪᠠᠶᠢᠷᠢ ᠶᠢ ᠡᠵᠡᠯᠡᠬᠦ ᠨᠢ ᠳᠠᠮᠵᠢᠭ ᠦᠭᠡᠢ᠃ ᠡᠶᠢᠮᠤ ᠠᠴᠠ ᠤᠬᠠᠭᠠᠨ ᠲᠠᠢ ᠬᠦᠮᠦᠨ ᠬᠦᠮᠤᠵᠢᠬᠦᠯᠦᠶ᠎ᠠ ᠭᠡᠪᠡᠯ ᠨᠤᠮ ᠲᠠᠢ ᠬᠦᠮᠦᠨ ᠬᠦᠮᠦᠵᠢᠬᠦᠯᠦᠭᠡᠷᠡᠢ᠃ ᠤᠴᠢᠷ ᠨᠢ ᠠᠷᠠᠳ ᠤᠨ ᠦᠭᠡᠨ ᠳᠤ ︽ᠤᠬᠠᠭᠠᠨ ᠦᠭᠡᠢ ᠬᠦᠮᠦᠨ ᠳᠤ ᠬᠦᠷᠦᠩᠭᠡ ᠪᠤᠤ ᠨᠦᠭᠡ᠂ ᠦᠷᠠᠭᠡᠳ ᠪᠠᠷᠠᠴᠢᠬᠠᠨ᠎ᠠ︔ ᠤᠬᠠᠭᠠᠨ ᠲᠠᠢ ᠬᠦᠮᠦᠨ ᠳᠤ ᠬᠦᠷᠦᠩᠭᠡ ᠪᠤᠤ ᠬᠤᠷᠠᠮᠳᠤᠭᠤᠯᠤᠯ᠂ ᠦᠪᠡᠷ ᠢᠶᠠᠨ ᠤᠯᠴᠢᠬᠠᠨ᠎ᠠ︾ ᠭᠡᠳᠡᠭ ᠰᠢᠤ ᠳ᠋ᠠ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号