ᠬᠤᠷᠢᠨ ᠭᠡᠳᠤᠨ ᠨᠠᠰᠤᠨ ᠳᠠᠭᠠᠨ ᠦᠢᠯᠡᠰ ᠪᠤᠰᠬᠠᠵᠦ ᠢᠳᠡᠭᠡᠯᠳᠠᠶᠢᠬᠡᠨ ᠶᠠᠪᠤᠭ᠎ᠠ ᠠᠯᠳᠠᠨᠬᠦ᠋ᠷᠳᠤ᠂ ᠭᠠᠨᠳᠢᠭ᠂ | ᠪᠢᠨᠳᠠᠷᠢᠶ᠎ᠠ ᠭᠡᠰᠡᠨ ᠭᠤᠷᠪᠠᠨ ᠵᠠᠯᠠᠭᠤ ᠪᠤᠯ ᠪᠦᠷ ᠮᠠᠯᠴᠢᠨ ᠤ ᠬᠡᠦᠬᠡᠳ᠃ ᠶᠡᠭᠡ ᠰᠤᠷᠭᠠᠭᠤᠯᠢ ᠪᠠᠨ ᠲᠡᠬᠦᠰᠦᠮᠡᠭᠴᠡ | ᠪᠠᠨ ᠬᠦᠳᠡᠭᠡ ᠨᠤᠳᠤᠭ ᠲᠠᠭᠠᠨ ᠪᠤᠴᠠᠵᠦ᠂ ᠤᠳᠤ ᠦᠶ᠎ᠡ ᠶᠢᠨ ᠮᠠᠯ ᠠᠵᠦ ᠠᠬᠤᠢ ᠶᠢᠨ ᠴᠢᠨᠠᠷᠯᠢᠭ ᠬᠦᠭᠵᠢᠯᠳᠡ ᠳᠤ | ᠦᠪᠡᠷ ᠤᠨ ᠨᠡᠮᠡᠷᠢ ᠬᠠᠨᠳᠢᠪ ᠢᠶᠠᠨ ᠤᠷᠤᠭᠤᠯᠵᠦ ᠪᠠᠶᠢᠭ᠎ᠠ ᠵᠠᠯᠠᠭᠤᠴᠤᠳ ᠶᠤᠮ᠃ | ᠲᠡᠳᠡ ᠭᠤᠷᠪᠠᠭᠤᠯᠠ ᠪᠠᠨ 2017 ᠤᠨ ᠳᠤ᠂ ᠬᠦᠮᠦᠨ ᠪᠦᠷᠢ ᠬᠤᠷᠢ ᠭᠠᠷᠤᠢ ᠲᠦᠮᠡᠨ ᠲᠦᠬᠦᠷᠢᠭ ᠤᠨ | ᠪᠡᠯᠡ ᠤᠷᠤᠭᠤᠯᠵᠦ ᠪᠠᠶᠢᠭᠠᠳ ᠦᠪᠤᠷ ᠮᠤᠩᠭᠤᠯ ᠤᠨ ︽ᠬᠦᠷᠳᠤ︾ ᠮᠠᠯ ᠠᠵᠦ ᠠᠬᠤᠢ ᠶᠢᠨ ᠬᠢᠵᠠᠭᠠᠷᠳᠤ | ᠺᠤᠮᠫᠠᠨᠢ ᠶᠢ ᠪᠠᠶᠢᠭᠤᠯᠵᠦ᠂ ᠮᠠᠯ ᠤᠨ ᠪᠤᠷᠳᠤᠭ᠎ᠠ ᠰᠤᠳᠤᠯᠤᠨ ᠦᠢᠯᠡᠳᠪᠤᠷᠢᠯᠡᠵᠦ᠂ ᠮᠠᠯᠴᠢᠳ ᠤᠨ ᠢᠶᠠᠨ ᠮᠠᠯ | ᠰᠦᠷᠦᠭ ᠲᠤ ᠴᠢᠨᠠᠷ ᠰᠠᠶᠢᠲᠠᠢ ᠪᠤᠷᠳᠤᠭ᠎ᠠ ᠬᠡᠷᠡᠭᠯᠡᠬᠦᠯᠬᠦ ᠦᠢᠯᠡᠰ ᠲᠤ ᠵᠤᠷᠢᠭ ᠰᠢᠭᠤᠳᠴᠦ ᠠᠵᠢᠯᠯᠠᠭᠰᠠᠨ ᠪᠠᠶᠢᠨ᠎ᠠ᠃ | ᠲᠡᠳᠡ ᠦᠩᠭᠡᠷᠡᠭᠰᠡᠨ ᠲᠦᠷᠪᠡᠨ ᠵᠢᠯ ᠳᠤ ᠬᠤᠷᠠᠭ᠎ᠠ ᠲᠤᠭᠤᠯ ᠤᠨ᠂ ᠰᠠᠭᠠᠯᠢ ᠶᠢᠨ ᠦᠨᠢᠶᠡᠨ ᠤ᠂ ᠤᠷᠤᠯᠳᠤᠭᠠᠨ ᠤ | ᠮᠤᠷᠢᠨ ᠤ ᠭᠡᠬᠦᠴᠢᠯᠡᠨ 8 ᠵᠦᠢᠯ ᠤᠨ ᠪᠤᠷᠳᠤᠭ᠎ᠠ ᠶᠢ ᠠᠮᠵᠢᠯᠳᠠ ᠲᠠᠢ ᠰᠤᠳᠤᠯᠤᠨ ᠦᠢᠯᠡᠳᠪᠤᠷᠢᠯᠡᠵᠦ᠂ ᠵᠠᠬ᠎ᠠ | ᠲᠡᠯᠭᠡᠬᠦᠷ ᠲᠤ ᠭᠠᠷᠭᠠᠭᠰᠠᠨ ᠪᠠᠶᠢᠨ᠎ᠠ᠃ ᠤᠳᠤ ᠲᠤᠰ ᠺᠤᠮᠫᠠᠨᠢ ᠶᠢᠨ ᠬᠢᠨ ᠦᠪᠤᠷ ᠮᠤᠩᠭᠤᠯ ᠤᠨ ᠰᠢᠯᠢ ᠶᠢᠨ ᠭᠤᠤᠯ | ᠠᠶᠢᠮᠠᠭ᠂ ᠤᠷᠳᠤᠰ ᠬᠤᠳᠠ᠂ ᠤᠯᠠᠭᠠᠨᠬᠠᠳᠠ ᠬᠤᠳᠠ ᠵᠡᠷᠭᠡ ᠭᠠᠵᠠᠷ ᠢᠶᠠᠷ ᠪᠤᠷᠤᠯᠠᠭᠤᠯᠭ᠎ᠠ ᠶᠢᠨ ᠭᠤᠴᠢ ᠰᠢᠬᠠᠮ | ᠴᠡᠭ ᠲᠠᠢ ᠪᠤᠯᠵᠦ᠂ 2020 ᠤᠨ ᠳᠤ 15000 ᠲᠤᠨ ᠪᠤᠷᠳᠤᠭ᠎ᠠ ᠪᠤᠷᠤᠯᠠᠭᠤᠯᠵᠠᠢ᠃ ᠤᠳᠤ ᠲᠡᠳᠡᠨ ᠤ ᠺᠤᠮᠫᠠᠨᠢ | ᠶᠢᠨ ᠬᠢᠨ ᠪᠤᠷᠳᠤᠭᠤᠷ ᠢᠶᠠᠨ ᠰᠤᠳᠤᠯᠤᠨ ᠦᠢᠯᠡᠳᠴᠦ ᠪᠤᠷᠤᠯᠠᠭᠤᠯᠬᠤ ᠶᠢᠨ ᠵᠡᠷᠭᠡᠪᠡᠷ ᠮᠠᠯᠴᠢᠳ ᠲᠠᠭᠠᠨ ᠮᠠᠯ ᠰᠦᠷᠦᠭ | ᠠᠷᠠᠴᠢᠯᠠᠨ ᠲᠡᠵᠢᠭᠡᠬᠦ ᠲᠠᠯ᠎ᠠ ᠶᠢᠨ ᠦᠢᠯᠡᠴᠢᠯᠡᠭᠡ ᠬᠠᠩᠭᠠᠵᠦ᠂ ᠦᠢᠯᠡᠰ ᠤᠨ ᠬᠦᠷᠢᠶ᠎ᠡ ᠬᠡᠪᠴᠢᠶ᠎ᠡ ᠪᠠᠨ ᠲᠠᠰᠤᠷᠠᠯᠳᠠ | ᠦᠬᠡᠢ ᠦᠷᠭᠡᠵᠢᠬᠦᠯᠦᠨ ᠪᠤᠵᠠᠭᠠᠶᠢᠷᠠᠭᠤᠯᠵᠦ ᠪᠠᠶᠢᠨ᠎ᠠ᠃ | | | | | | | | | | | |