ᠰᠠᠴᠤᠯᠢ ᠡᠷᠭᠦᠬᠦ ᠶᠤᠰᠤᠨ ᠢᠶᠠᠨ ᠠᠶᠢᠯ ᠪᠤᠯᠭᠠᠨ ᠪᠠᠷᠢᠮᠳᠠᠯᠠᠪᠠᠯ ᠰᠠᠶᠢᠬᠠᠨ
ᠨᠡᠶᠢᠲᠡᠯᠡᠭᠰᠡᠨ ᠴᠠᠭ᠄
2020/9/2
                                                    ᠱᠢ᠊ · ᠰᠤᠳᠸ᠎ᠠ     ᠰᠠᠴᠤᠯᠢ ᠡᠷᠭᠦᠬᠦ ᠶᠤᠰᠤᠨ ᠪᠣᠯ ᠮᠠᠨ ᠤ ᠮᠤᠩᠭᠤᠯᠴᠤᠳ ᠤᠨ ᠡᠷᠳᠡ ᠲᠡᠭᠡᠳᠥ ᠠᠴᠠ ᠪᠠᠨ ᠠᠪᠤᠭᠠᠳ ᠤᠳᠤ ᠪᠤᠯᠳᠡᠯ᠎ᠡ ᠤᠯᠠᠮᠵᠢᠯᠠᠭᠳᠠᠭᠰᠠᠨ ᠤᠷᠳᠤ ᠤᠳᠠᠭᠠᠨ ᠲᠡᠤᠬᠡ ᠲᠠᠢ ᠥᠪ ᠰᠤᠶᠤᠯ ᠤᠨ ᠨᠢᠭᠡ ᠶᠤᠮ᠃ ᠮᠤᠩᠭᠤᠯᠴᠤᠳ ᠥᠶ᠎ᠡ ᠤᠯᠠᠷᠢᠨ ᠨᠡᠭᠦᠳᠡᠯᠯᠡᠨ ᠠᠮᠢᠳᠤᠷᠠᠵᠤ ᠲᠠᠪᠤᠨ ᠬᠤᠰᠢᠭᠤ ᠮᠠᠯ ᠤᠨ ᠢᠶᠠᠨ ᠠᠰᠢᠭ ᠰᠢᠮ᠎ᠡ ᠪᠠᠷ ᠠᠮᠢᠳᠤᠷᠠᠯ ᠠᠬᠤᠢ ᠪᠠᠨ ᠲᠠᠩᠴᠡᠬᠦᠯᠵᠥ ᠬᠥᠮᠥᠨ᠂ ᠪᠠᠶᠢᠭᠠᠯᠢ᠂ ᠮᠠᠯ ᠠᠵᠤ ᠠᠬᠤᠢ ᠭᠤᠷᠪᠠ ᠶᠢᠨ ᠢᠳᠡᠭᠡᠰᠢᠨ ᠣᠷᠣᠰᠢᠬᠰᠠᠨ ᠣᠷᠭᠠᠨᠢᠬ ᠲᠤᠬᠳᠠᠯᠴᠠᠭ᠎ᠠ ᠶᠢ ᠪᠥᠷᠢᠯᠳᠥᠭᠦᠯᠥᠨ ᠭᠡᠨ ᠠᠯᠢᠨ ᠠᠴᠠ ᠪᠠᠨ ᠰᠠᠯᠵᠤ ᠴᠢᠳᠠᠬᠤ ᠦᠭᠡᠢ ᠠᠮᠢ ᠠᠬᠤᠢ ᠶᠢᠨ ᠭᠡᠯᠬᠢᠶ᠎ᠡ ᠶᠢ ᠪᠤᠢ ᠪᠤᠯᠭᠠᠬᠰᠠᠭᠠᠷ ᠢᠷᠡᠭᠰᠡᠨ ᠶᠤᠮ᠃     ᠡᠪᠥᠯ ᠥᠡᠭᠭᠡᠷᠡᠵᠥ ᠤᠷᠢᠬᠠᠨ ᠬᠠᠪᠤᠷ ᠪᠤᠯᠬᠤ ᠳᠤ ᠡᠪᠡᠰᠥ ᠨᠤᠭᠤᠭ᠎ᠠ ᠤᠷᠭᠤᠨ᠂ ᠲᠥᠯ ᠮᠠᠯ ᠬᠥᠷᠤᠪᠡᠵᠢᠨ ᠲᠤᠷᠨᠢᠵᠤ ᠨᠤᠭᠤᠭᠠᠨ ᠳᠤ ᠴᠠᠳᠳᠠᠭ᠃ ᠡᠭᠦᠨ ᠲᠠᠢ ᠵᠡᠷᠭᠡᠴᠡᠨ ᠮᠠᠯᠴᠢᠨ ᠮᠤᠩᠭᠤᠯᠴᠤᠳ ᠰᠥ ᠴᠠᠭᠠᠨ ᠢᠳᠡᠭᠡᠨ ᠢᠶᠠᠨ ᠪᠤᠯᠪᠠᠰᠤᠷᠠᠭᠤᠯᠤᠨ ᠰᠠᠴᠣᠯᠢ ᠡᠷᠭᠦᠬᠦ ᠶᠤᠰᠤᠯᠠᠯ ᠢᠶᠠᠨ ᠶᠠᠪᠤᠬᠳᠠᠭᠤᠯᠳᠠᠭ ᠵᠠᠩ ᠵᠢᠷᠤᠮᠯᠠᠯ ᠲᠠᠢ᠃ ᠰᠠᠴᠤᠯᠢ ᠡᠷᠭᠦᠬᠦ ᠶᠤᠰᠤᠨ ᠭᠡᠳᠡᠭ ᠪᠣᠯ ᠡᠷᠳᠡ ᠴᠠᠭ ᠠᠴᠠ ᠮᠠᠯ ᠠᠵᠤ ᠠᠬᠤᠢ ᠡᠷᠬᠢᠯᠡᠵᠥ ᠢᠷᠡᠭᠰᠡᠨ ᠨᠡᠶᠢᠳᠡ ᠮᠤᠩᠭᠤᠯᠴᠤᠳ ᠤᠨ ᠵᠠᠩ ᠥᠢᠯᠡ ᠶᠢᠨ ᠨᠢᠭᠡ᠃ ᠰᠠᠴᠣᠯᠢ ᠡᠷᠭᠦᠬᠦ ᠶᠢᠨ ᠤᠳᠬ᠎ᠠ ᠰᠠᠨᠠᠭ᠎ᠠ ᠨᠢ ᠪᠤᠷᠬᠠᠨ ᠲᠡᠭᠷᠢ᠂ ᠡᠬᠡ ᠪᠠᠶᠢᠭᠠᠯᠢ ᠳᠤ ᠪᠠᠨ ᠰᠠᠭᠠᠯᠢ ᠰᠥᠨ ᠤ ᠪᠠᠨ ᠲᠡᠭᠡᠵᠢ ᠶᠢ ᠡᠷᠭᠦᠨ ᠪᠠᠷᠢᠵᠤ᠂ ᠬᠠᠶᠢᠷ᠎ᠠ ᠢᠪᠡᠭᠡᠯ ᠬᠥᠰᠡᠨ ᠭᠤᠶᠤᠵᠤ ᠲᠠᠭᠠᠳᠬᠠᠨ ᠮᠥᠷᠭᠦᠭᠡᠳ ᠮᠠᠯ ᠰᠥᠷᠥᠭ ᠤᠨ ᠥᠨᠢᠷ ᠥᠰᠥᠯᠳᠡ᠂ ᠠᠮᠢᠳᠤᠷᠠᠯ ᠠᠬᠤᠢ ᠶᠢᠨ ᠪᠠᠶᠠᠨ ᠴᠢᠨᠡᠭᠡᠯᠢᠭ᠂ ᠠᠯᠢᠪᠠ ᠵᠥᠢᠯ ᠤᠨ ᠰᠠᠶᠢᠨ ᠰᠠᠶᠢᠬᠠᠨ ᠪᠤᠯᠬᠤ ᠶᠢ ᠪᠡᠯᠭᠡᠳᠡᠭᠰᠡᠨ ᠰᠡᠳᠭᠢᠯᠭᠡ ᠶᠢᠨ ᠠᠵᠢᠯᠯᠠᠭ᠎ᠠ ᠪᠤᠯᠤᠨ᠎ᠠ᠃     ᠭᠡᠭᠦᠥ ᠰᠠᠭᠠᠪᠠᠯ ᠭᠡᠭᠦᠥ ᠶᠢᠨ ᠰᠥᠨ ᠤ ᠰᠠᠴᠤᠯᠢ ᠡᠷᠭᠦᠨ᠎ᠡ᠃ ᠡᠨᠡ ᠨᠢ ᠥᠷᠠᠰ ᠭᠠᠷᠭᠠᠬᠤ ᠰᠠᠴᠣᠯᠢ ᠪᠤᠯᠤᠨ᠎ᠠ᠃ ᠰᠠᠭᠠᠯᠢ ᠶᠢᠨ ᠠᠷᠢᠬᠢ ᠪᠠᠨ ᠨᠡᠷᠡᠵᠥ ᠭᠠᠷᠭᠠᠬᠰᠠᠨ ᠤ ᠲᠠᠷᠠᠭ᠎ᠠ ᠲᠡᠭᠡᠵᠢ ᠪᠠᠷ ᠨᠢ ᠰᠠᠴᠤᠯᠢ ᠡᠷᠭᠦᠳᠡᠭ᠃ ᠥᠷᠯᠥᠭᠡ ᠡᠷᠳᠡ ᠥᠨᠢᠶ᠎ᠡ ᠪᠠᠨ ᠰᠠᠭᠠᠮᠠᠬᠴᠠ ᠲᠡᠭᠡᠵᠢ ᠪᠠᠷ ᠨᠢ ᠰᠠᠴᠤᠯᠢ ᠡᠷᠭᠦᠳᠡᠭ᠃ ᠶᠠᠮᠠᠷ ᠨᠢᠭᠡᠨ ᠴᠢᠬᠤᠯᠠ ᠤᠴᠢᠷ ᠶᠠᠪᠤᠳᠠᠯ ᠢᠶᠠᠷ ᠭᠠᠳᠠᠬᠰᠢ ᠭᠠᠷᠬᠤ ᠪᠤᠶᠤ ᠬᠤᠯᠠ ᠮᠤᠷᠳᠠᠬᠤ ᠥᠶᠡᠰ ᠲᠤ ᠴᠦ ᠰᠥᠨ ᠰᠠᠴᠣᠯᠢ ᠡᠷᠭᠦᠨ ᠰᠠᠶᠢᠨ ᠰᠠᠶᠢᠬᠠᠨ ᠢ ᠨᠢ ᠪᠡᠯᠭᠡᠳᠡᠳᠡᠭ᠃     ᠰᠠᠴᠣᠯᠢ ᠡᠷᠭᠦᠬᠦ ᠳᠤ ᠵᠠᠪᠠᠯ ᠶᠢᠰᠥᠨ ᠨᠥᠭᠡ ᠪᠤᠶᠤ ᠤᠬᠤᠭᠤᠷᠢᠳᠤ ᠰᠠᠴᠣᠯᠢ ᠶᠢᠨ ᠬᠠᠯᠪᠠᠭ᠎ᠠ ︿ᠰᠢᠨᠠᠭ᠎ᠠ᠂ ᠴᠠᠪᠳᠤᠭᠤᠷ﹀ ᠶᠢ ᠭᠡᠷᠡᠭᠯᠡᠳᠡᠭ ᠵᠠᠩᠰᠢᠯ ᠲᠠᠢ᠃ ᠰᠠᠴᠣᠯᠢ ᠡᠷᠭᠦᠬᠦ ᠡᠨᠡᠬᠦ ᠲᠤᠰᠬᠠᠢ ᠪᠠᠭᠠᠵᠢ ᠶᠢᠨ ᠪᠥᠳᠥᠴᠡ ᠨᠢ ᠡᠰᠢ ᠶᠢᠨ ᠬᠢᠨᠢ ᠪᠠᠷᠢᠭᠤᠯ ᠳᠤ ᠥᠯᠵᠡᠢ ᠤᠳᠠᠰᠤ ᠤᠷᠠᠯᠠᠨ ᠰᠡᠶᠢᠯᠥᠭᠰᠡᠨ᠂ ᠵᠠᠷᠢᠮ ᠨᠢ ᠨᠠᠢᠮᠠᠨ ᠲᠠᠬᠢᠯ ᠲᠠᠢ ᠵᠡᠷᠭᠡ ᠲᠡᠯᠳᠡ ᠰᠤᠶᠤᠯ ᠤᠨ ᠠᠭᠤᠯᠭ᠎ᠠ ᠤᠴᠢᠷ ᠠᠭᠤᠯᠣᠬᠳᠠᠬᠰᠠᠨ ᠢᠯᠡ ᠭᠡᠷᠡᠭᠯᠡᠭᠡᠨ ᠤ ᠲᠤᠰᠬᠠᠢ ᠪᠠᠭᠠᠵᠢ ᠳᠤ ᠬᠠᠷᠢᠶᠠᠯᠠᠬᠳᠠᠨ᠎ᠠ᠃ ᠰᠠᠴᠣᠯᠢ ᠡᠷᠭᠦᠬᠦ ᠲᠤᠰᠬᠠᠢ ᠪᠠᠭᠠᠵᠢ ᠶᠢ ᠤᠨᠳᠤᠤ ᠵᠥᠢᠯ ᠳᠤ ᠬᠡᠷᠡᠭᠯᠡᠳᠡᠭ ᠦᠭᠡᠢ ᠮᠥᠷᠳᠡᠭᠡᠨ ᠬᠠᠮᠢᠶ᠎ᠠ ᠨᠠᠮᠢᠶ᠎ᠠ ᠥᠬᠡᠢ ᠬᠠᠶᠠᠬᠤ ᠥᠬᠡᠢ᠂ ᠲᠠᠬᠡᠷ᠎ᠠ ᠭᠠᠵᠠᠷ ᠲᠤ ᠲᠠᠯᠪᠢᠨ᠎ᠠ᠃     ᠰᠠᠴᠣᠯᠢ ᠡᠷᠭᠦᠬᠦ ᠶᠤᠰᠤᠨ ᠳᠤ ᠰᠥ ᠴᠠᠭᠠᠨ ᠢᠳᠡᠭᠡᠨ ᠤ ᠵᠥᠢᠯ ᠢᠶᠠᠨ ᠡᠷᠭᠦᠬᠦ   ᠳᠤ ᠪᠠᠨ ᠨᠠᠷᠠᠨ ᠵᠥᠪ ᠢᠶᠠᠷ ᠲᠥᠷᠪᠡᠨ ᠵᠥᠭ ᠨᠠᠢᠮᠠᠨ ᠵᠤᠪᠬᠢᠰ ᠲᠤ ᠰᠠᠴᠣᠯᠢ ᠡᠷᠭᠦᠵᠥ᠂ ᠲᠤᠳᠤᠭᠠᠳᠤ ᠰᠡᠳᠭᠢᠯᠭᠡ ᠪᠠᠨ ᠠᠷᠢᠭᠤᠨ ᠲᠤᠩᠭᠠᠯᠠᠭ ᠪᠠᠶᠢᠯᠭᠠᠨ ︽ᠤᠮ᠂ ᠠ᠂ ᠬᠥᠮ ᠪᠤᠶᠤ ᠥᠷᠥᠰᠢᠶᠡ︾ ᠭᠡᠬᠦ ᠥᠭᠡ ᠶᠢ ᠬᠠᠵᠠᠭᠤ ᠬᠠᠪᠢ ᠶᠢᠨ ᠬᠥᠮᠥᠰ ᠲᠤ ᠪᠠᠨ ᠲᠤᠳᠤ ᠪᠤᠰᠤ ᠰᠤᠨᠤᠰᠳᠠᠬᠤ ᠬᠡᠮᠵᠢᠶᠡᠨ᠎ᠡ ᠡᠷᠭᠦᠬᠦ ᠪᠤᠯᠭᠠᠨ ᠳᠤ ᠤᠡᠭᠰᠢᠵᠤ ᠰᠢᠪᠡᠨᠡᠨ᠎ᠡ᠃     ᠶᠠᠮᠠᠷᠪᠠ ᠨᠢᠭᠡᠨ ᠠᠮᠢᠳᠤᠷᠠᠯ ᠠᠬᠤᠢ ᠶᠢᠨ ᠭᠡᠷᠡᠭᠯᠡᠭᠡᠨ ᠤ ᠪᠤᠳᠠᠰ ᠪᠤᠶᠤ ᠪᠠᠭᠠᠵᠢ ᠶᠢ ᠭᠡᠷᠡᠭᠯᠡᠵᠥ ᠠᠰᠢᠬᠯᠠᠬᠤ ᠳᠤ ᠪᠥᠷ ᠬᠠᠤᠯᠢ ᠲᠥᠷᠢᠮ ᠪᠠ ᠶᠤᠰᠤ ᠰᠤᠷᠳᠠᠬᠤᠨ ᠵᠠᠩ ᠵᠢᠷᠤᠮᠯᠠᠯ ᠤᠨ ᠤᠨᠴᠠᠯᠢᠭ ᠲᠠᠢ ᠪᠠᠶᠢᠳᠠᠭ᠃ ᠰᠠᠴᠣᠯᠢ ᠡᠷᠭᠦᠬᠦ ᠲᠤᠰᠬᠠᠢ ᠪᠠᠭᠠᠵᠢ ᠳᠤ ᠴᠦ ᠡᠶᠢᠮᠥ ᠤᠨᠴᠠᠯᠢᠭ ᠲᠠᠢ ᠶᠤᠮ᠃ ᠡᠶᠢᠮᠥ ᠠᠴᠠ ᠪᠢᠳᠡ ᠲᠡᠭᠡᠳᠥᠰ ᠠᠴᠠ ᠪᠠᠨ ᠤᠯᠠᠮᠵᠢᠯᠠᠬᠳᠠᠵᠤ ᠢᠷᠡᠭᠰᠡᠨ ᠥᠪ ᠰᠤᠶᠤᠯ ᠢᠶᠠᠨ ᠬᠠᠶᠢᠷᠠᠯᠠᠨ ᠬᠠᠮᠠᠭᠠᠯᠠᠵᠤ ᠲᠡᠯᠭᠡᠷᠡᠭᠦᠯᠥᠨ ᠬᠥᠭᠵᠢᠬᠦᠯᠭᠦ ᠳᠤ ᠥᠪᠡᠷ ᠤᠨ ᠪᠡᠶᠡᠴᠢ ᠲᠠᠯ᠎ᠠ ᠠᠴᠠ ᠪᠠᠨ ᠢᠷᠡᠵᠥ ᠤᠶᠢᠯᠠᠭᠠᠨ ᠡᠵᠡᠮᠰᠢᠪᠠᠯ ᠵᠣᠬᠢᠨ᠎ᠠ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号