ᠪᠦᠬᠡ ᠪᠤᠯᠪᠠᠰᠤᠷᠠᠬᠤ ᠬᠢᠬᠡᠳ ᠬᠦᠴᠢᠷ ᠢ ᠲᠤᠭᠤᠯᠬᠤ
ᠨᠡᠶᠢᠲᠡᠯᠡᠭᠰᠡᠨ ᠴᠠᠭ᠄
2020/9/17
    ᠤᠳᠤ ᠮᠠᠨ ᠤ ᠮᠤᠩᠭᠤᠯ ᠵᠠᠯᠠᠭᠤᠴᠤᠳ ᠤᠨ ᠳᠤᠳᠤᠷ᠎ᠠ ᠪᠦᠭᠡ ᠪᠤᠯᠪᠠᠰᠤᠷᠠᠵᠤ ᠪᠠᠶᠢᠭ᠎ᠠ ᠪᠤᠶᠤ ᠪᠦᠭᠡ ᠪᠤᠯᠪᠠᠰᠤᠷᠠᠬᠤ ᠪᠤᠳᠤᠯ ᠲᠠᠢ ᠭᠦᠮᠦᠰ ᠤᠯᠠᠨ ᠪᠤᠯᠵᠤ ᠪᠠᠶᠢᠨ᠎ᠠ᠃ ᠡᠨᠡ ᠨᠢ ᠮᠤᠩᠭᠤᠯ ᠪᠦᠭᠡ ᠶᠢᠨ ᠦᠷᠭᠡᠨ ᠰᠠᠭᠤᠷᠢ ᠲᠠᠢ᠂ ᠦᠷᠨᠢᠭᠦᠨ ᠭᠦᠭᠵᠢᠯ ᠲᠠᠢ ᠪᠤᠯᠬᠤ ᠳᠤ ᠠᠰᠢᠬᠳᠠᠢ ᠶᠤᠮ᠃ ᠭᠡᠳᠡᠯ᠎ᠡ ᠵᠠᠷᠢᠮ ᠨᠢᠭᠡ ᠪᠦᠯᠦᠭ ᠵᠠᠯᠠᠭᠤᠴᠤᠳ ᠵᠦᠪᠭᠡᠨ ᠪᠦᠭᠡ ᠪᠤᠯᠤᠨ᠎ᠡ ᠭᠡᠳᠡᠭ ᠰᠠᠶᠢᠬᠠᠨ ᠭᠦᠰᠡᠯ ᠲᠠᠢ ᠯᠡ ᠪᠠᠶᠢᠵᠤ᠂ ᠪᠦᠭᠡ ᠪᠤᠯᠬᠤ ᠭᠦᠮᠦᠨ ᠤ ᠡᠷᠡᠰ ᠬᠠᠳᠠᠭᠤ ᠵᠤᠷᠢᠭ ᠢ ᠪᠦᠷᠢᠯᠳᠦᠭᠦᠯᠵᠤ ᠦᠯᠦ ᠴᠢᠳᠠᠬᠰᠠᠨ ᠠᠴᠠ ᠪᠤᠯᠪᠠᠰᠤᠷᠠᠯ ᠤᠨ ᠬᠠᠳᠠᠭᠤ ᠶᠢ ᠳᠤᠭᠤᠯᠵᠤ ᠳᠡᠶᠢᠯᠭᠦ ᠦᠭᠡᠢ ᠪᠤᠯᠬᠤ ᠳᠠᠭᠠᠨ ᠳᠤᠳᠠᠭᠤ ᠳᠤᠷᠭᠤᠨ ᠵᠤᠬᠰᠤᠵᠤ ᠪᠠᠶᠢᠭ᠎ᠠ ᠨᠢ ᠳᠠᠩᠴᠢ ᠬᠠᠷᠠᠮᠰᠠᠯᠳᠠᠢ᠃     ᠶᠠᠮᠠᠷ ᠨᠢᠭᠡᠨ ᠠᠵᠢᠯ ᠦᠢᠯᠡᠰ ᠢ ᠭᠢᠵᠤ ᠪᠦᠳᠦᠭᠡᠭᠦ ᠳᠤ ᠪᠦᠷ ᠵᠤᠷᠢᠭ ᠪᠠᠶᠢᠬᠤ ᠭᠡᠷᠡᠭᠳᠡᠢ ᠪᠠᠶᠢᠳᠠᠭ ᠤᠨ ᠤᠴᠢᠷ ᠪᠦᠭᠡ ᠪᠤᠯᠬᠤ ᠳᠤ ᠴᠤ ᠮᠦᠨ ᠠᠳᠠᠯᠢᠬᠠᠨ ᠰᠦᠰᠦ ᠵᠤᠷᠢᠭ ᠪᠠᠶᠢᠬᠤ ᠭᠡᠷᠡᠭᠳᠠᠢ᠃ ᠵᠤᠷᠢᠬ ᠰᠦᠰᠦ ᠪᠤᠯ ᠠᠯᠢᠪᠠ ᠭᠦᠴᠢᠷ ᠢ ᠢᠯᠠᠨ ᠳᠠᠪᠠᠭ᠋ᠤ ᠶᠢᠨ ᠰᠠᠭᠤᠷᠢ ᠪᠤᠯᠤᠨ᠎ᠠ᠃ ᠳᠠᠮᠢᠷᠴᠢᠳ ᠤᠨ ᠰᠤᠷᠢᠭ᠎ᠠ ᠪᠤᠯᠪᠠᠰᠤᠷᠠᠯ ᠭᠡᠵᠤ ᠶᠠᠷᠤᠨᠢ ᠬᠠᠳᠠᠭᠤ ᠪᠠᠶᠢᠳᠠᠭ ᠪᠦᠭᠡᠳ ᠭᠦᠴᠢᠷ ᠲᠦᠪᠡᠭ ᠲᠠᠢ ᠤᠯᠠᠨ ᠰᠤᠷᠢᠭ᠎ᠠ ᠪᠤᠯᠪᠠᠰᠤᠷᠠᠯ ᠢ ᠳᠤᠭᠤᠯᠵᠤ ᠭᠠᠷᠤᠮᠠᠨᠵᠢᠨ ᠰᠠᠶ᠋ᠢ ᠠᠮᠵᠢᠯᠳᠠ ᠳᠤ ᠭᠦᠷᠴᠤ ᠴᠢᠳᠠᠳᠠᠭ᠃ ᠪᠦᠭᠡ ᠪᠤᠯᠪᠠᠰᠤᠷᠠᠬᠤ ᠴᠤ ᠮᠦᠨ ᠳᠠᠮᠢᠷ ᠪᠤᠯᠪᠠᠰᠤᠷᠠᠬᠤ ᠲᠠᠢ ᠠᠳᠠᠯᠢᠬᠠᠨ ᠤᠯᠠᠨ ᠠᠷᠪᠢᠨ ᠬᠠᠳᠠᠭᠤ ᠳᠠᠪᠠᠭ᠎ᠠ ᠶᠢ ᠳᠠᠪᠠᠭ᠋ᠤ ᠭᠡᠷᠡᠭᠳᠡᠢ ᠶᠤᠮ᠃ ᠳᠤᠬᠠᠢᠢᠯᠠᠪᠠᠯ ᠦᠷᠯᠦᠭᠡ ᠡᠷᠳᠡ ᠪᠤᠰᠴᠤ ᠭᠦᠶᠦᠨ᠎ᠡ᠂ ᠮᠡᠭᠡ ᠮᠡᠷᠭᠡᠵᠢᠯ ᠤᠨ ᠪᠤᠯᠪᠠᠰᠤᠷᠠᠯ ᠭᠢᠨ᠎ᠠ᠂ ᠭᠦᠴᠦ ᠴᠢᠳᠠᠯ ᠢᠶᠠᠨ ᠪᠤᠯᠪᠠᠰᠤᠷᠠᠭᠤᠯᠤᠨ᠎ᠠ᠂ ᠪᠤᠰᠤᠳ ᠳᠠᠮᠢᠷᠴᠢᠳ ᠲᠠᠢ ᠪᠠᠨ ᠪᠠᠷᠢᠯᠳᠤᠵᠤ ᠮᠡᠷᠭᠡᠵᠢᠯ ᠢᠶᠠᠨ ᠳᠡᠭᠡᠭᠰᠢᠯᠡᠭᠦᠯᠦᠨ᠎ᠡ ᠁ ᠭᠡᠳ ᠤᠯᠠᠨ ᠠᠷᠪᠢᠨ ᠬᠠᠳᠠᠭᠤ ᠪᠤᠯᠪᠠᠰᠤᠷᠠᠯ ᠢ ᠭᠢᠳᠡᠭ᠃ ᠭᠡᠭᠦ ᠳᠤ ᠵᠠᠷᠢᠮ ᠵᠠᠯᠠᠭᠤᠴᠤᠳ ᠨᠢ ᠡᠪᠤᠯ ᠤᠨ ᠭᠦᠢᠳᠡᠨ ᠳᠤ ᠬᠠᠯᠠᠭᠤᠨ ᠡᠪᠤᠷ ᠠᠴᠠ ᠪᠠᠨ ᠪᠤᠰᠴᠤ ᠳᠡᠰᠭᠢᠮ᠎ᠡ ᠭᠦᠢᠳᠡᠨ ᠢ ᠰᠦᠷᠴᠤ ᠭᠦᠶᠦᠭᠦ ᠠᠴᠠ ᠬᠠᠯᠢᠷᠠᠨ ᠪᠤᠯᠪᠠᠰᠤᠷᠠᠯ ᠢᠶᠠᠨ ᠳᠤᠳᠠᠭᠤ ᠤᠷᠭᠢᠳᠠᠭ᠃ ᠪᠠᠰᠠ ᠵᠠᠷᠢᠮ ᠨᠢ ᠭᠦᠨᠳᠤ ᠭᠡᠴᠡᠭᠦᠦ ᠪᠤᠯᠪᠠᠰᠤᠷᠠᠯ ᠢ ᠳᠠᠭᠠᠭᠠᠵᠤ ᠳᠡᠶᠢᠯᠭᠦ ᠦᠭᠡᠢ ᠪᠤᠯᠬᠤ ᠳᠠᠭᠠᠨ ᠪᠦᠭᠡ ᠪᠤᠯᠬᠤ ᠭᠡᠰᠡᠨ ᠰᠠᠶᠢᠬᠠᠨ ᠭᠦᠰᠡᠯ ᠢᠶᠠᠨ ᠳᠤᠳᠠᠭᠤ ᠤᠷᠭᠢᠳᠠᠭ᠃ ᠨᠤᠳᠤᠭ ᠤᠨ ᠮᠢᠨᠢ ᠨᠢᠭᠡᠨ ᠳᠠᠨᠢᠯ ᠵᠠᠯᠠᠭᠤ ᠪᠦᠭᠡ ᠳᠤ ᠠᠷᠭ᠎ᠠ ᠦᠭᠡᠢ ᠬᠠᠶᠢᠷᠠᠳᠠᠢ ᠪᠠᠶᠢᠳᠠᠭ ᠠᠴᠠ ᠦᠪᠡᠷ ᠤᠨ ᠪᠦᠭᠡᠴᠢᠨ ᠪᠤᠯᠬᠤ ᠭᠡᠰᠡᠨ ᠭᠦᠰᠡᠯ ᠢᠶᠠᠨ ᠪᠡᠶᠡᠯᠡᠭᠦᠯᠭᠦ ᠭᠡᠵᠤ ᠰᠤᠷᠤᠯᠭ᠎ᠠ ᠪᠠᠨ ᠳᠤᠷᠭᠤᠨ ᠵᠤᠬᠰᠤᠵᠤ ᠠᠶᠢᠮᠠᠭ ᠤᠨ ᠪᠦᠭᠡ ᠶᠢᠨ ᠠᠩᠭᠢ ᠳᠤ ᠰᠤᠷᠢᠭ᠎ᠠ ᠭᠢᠭᠦ ᠪᠠᠷ ᠢᠷᠡᠵᠤ ᠪᠢᠯᠡ᠃ ᠭᠡᠳᠡᠯ᠎ᠡ ᠰᠤᠷᠢᠭᠠᠨ ᠳᠤ ᠰᠠᠭᠤᠭᠠᠳ ᠠᠷᠠᠢ ᠬᠠᠭᠠᠰ ᠵᠢᠯ ᠪᠤᠯᠤᠬᠰᠠᠨ ᠦᠭᠡᠢ ᠳᠡᠷᠡ ᠭᠡᠷ ᠲᠡᠭᠡᠨ ᠬᠠᠷᠢᠬᠰᠠᠨ ᠪᠠᠶᠢᠯ᠎ᠠ᠃ ᠳᠠᠨᠢᠵᠤ ᠮᠡᠳᠡᠳᠡᠭ ᠭᠦᠮᠦᠰ ᠨᠢ ᠳᠡᠭᠦᠨ ᠠᠴᠠ ︽ᠵᠠ᠂ ᠶᠠᠭᠠᠭᠢᠭᠠᠳ ᠰᠤᠷᠢᠭ᠎ᠠ ᠪᠤᠯᠪᠠᠰᠤᠷᠠᠯ ᠳᠠᠭᠠᠨ ᠰᠠᠭᠤᠬᠤ ᠦᠭᠡᠢ ᠬᠠᠷᠢᠭᠠᠳ ᠢᠷᠠᠪᠠᠤ︖︾ ᠭᠡᠭᠦ ᠳᠤ ︽ᠰᠤᠷᠢᠭᠠᠨ ᠳᠤ ᠰᠠᠭᠤᠨ᠎ᠠ ᠭᠡᠳᠡᠭ ᠴᠢᠨᠢ ᠦᠢᠯᠡ ᠳᠠᠮᠤ ᠪᠠᠨ ᠦᠵᠡᠭᠰᠡᠨ ᠠᠵᠤ᠂ ᠡᠳᠤᠷᠵᠢᠨ ᠪᠦᠭᠡᠴᠢᠳ ᠢᠶᠠᠷ ᠰᠢᠳᠡᠭᠳᠡᠭᠡᠳ ᠬᠠᠮᠤᠭ ᠪᠡᠶ᠎ᠡ ᠵᠠᠳᠠᠷᠠᠬᠤ ᠳᠤ ᠭᠦᠷᠴᠤ ᠪᠠᠶᠢᠨ᠎ᠠ᠃ ᠳᠠᠭᠢᠵᠤ ᠯᠡ ᠪᠦᠭᠡ ᠭᠡᠳ ᠳᠡᠷᠪᠡᠭᠦ ᠦᠭᠡᠢ︾ ᠭᠡᠰᠡᠨ ᠭᠡᠨ᠎ᠡ᠃ ᠡᠳᠤᠢ ᠵᠢᠭᠠᠬᠠᠨ ᠭᠦᠴᠢᠷ ᠢ ᠳᠡᠰᠪᠦᠷᠢᠯᠡᠵᠤ ᠳᠡᠶᠢᠯᠭᠦ ᠦᠭᠡᠢ ᠪᠠᠷ ᠪᠢᠳᠡ ᠶᠠᠭᠠᠭᠢᠵᠤ ᠦᠪᠡᠷ ᠤᠨ ᠭᠦᠰᠡᠯ ᠢᠶᠠᠨ ᠪᠡᠶᠡᠯᠡᠭᠦᠯᠭᠦ ᠪᠢᠯᠡ⁈     ᠪᠢᠳᠡ ᠨᠠᠷᠠᠲᠤ ᠪᠦᠭᠡᠴᠢᠳ ᠤᠨ ᠤᠷᠠᠨ ᠰᠠᠶᠢᠬᠠᠨ ᠪᠠᠷᠢᠯᠳᠤᠭᠠᠨ ᠢ ᠪᠠᠭ᠋ᠠᠳᠤᠵᠤ ᠪᠢᠰᠢᠷᠡᠵᠤ ᠶᠠᠪᠤᠬᠤ ᠳᠠᠭᠠᠨ ᠮᠦᠨ ᠳᠡᠳᠡᠨ ᠤ ᠭᠦᠴᠢᠷ ᠪᠡᠷᠭᠡ ᠶᠢ ᠳᠤᠭᠤᠯᠵᠤ ᠭᠠᠷᠤᠬᠰᠠᠨ ᠡᠷᠡᠰ ᠬᠠᠳᠠᠭᠤ ᠵᠤᠷᠢᠭ ᠰᠠᠨᠠᠭ᠎ᠠ ᠶᠢ ᠴᠤ ᠲᠠᠭᠠᠨ ᠰᠤᠷᠤᠯᠴᠠᠬᠤ ᠶᠤᠰᠤᠳᠠᠢ᠃ ᠠᠯᠳᠠᠷᠳᠤ ᠪᠦᠭᠡᠴᠢᠳ ᠤᠨ ᠠᠮᠵᠢᠯᠳᠠ ᠪᠦᠳᠦᠮᠵᠢ ᠳᠤ ᠳᠡᠳᠡᠨ ᠤ ᠭᠦᠴᠦ ᠭᠦᠯᠦᠰᠦ ᠰᠢᠩᠭᠡᠵᠤ ᠪᠠᠶᠢᠬᠤ ᠪᠠᠷ ᠦᠯᠦ ᠪᠠᠷᠠᠮ ᠪᠠᠰᠠ ᠳᠡᠳᠡᠨ ᠤ ᠭᠦᠴᠢᠷ ᠪᠡᠷᠭᠡ ᠶᠢ ᠳᠤᠭᠤᠯᠵᠤ ᠭᠠᠷᠬᠤ ᠵᠤᠷᠢᠭ ᠰᠦᠰᠦ ᠴᠤ ᠰᠢᠩᠭᠡᠵᠤ ᠪᠠᠶᠢᠳᠠᠭ᠃ ᠳᠡᠶᠢᠮᠤ ᠠᠴᠠ ᠪᠦᠭᠡ ᠪᠤᠯᠪᠠᠰᠤᠷᠠᠵᠤ ᠪᠠᠶᠢᠭ᠎ᠠ ᠵᠠᠯᠠᠭᠤᠴᠤᠳ ᠮᠢᠨᠢ ᠦᠪᠡᠷ ᠤᠨ ᠳᠤᠷᠠᠳᠠᠢ ᠬᠠᠶᠢᠷᠠᠳᠠᠢ ᠵᠦᠢᠯ ᠳᠡᠭᠡᠨ ᠵᠢᠳᠭᠦᠭᠦ ᠳᠡᠭᠡᠨ ᠠᠯᠢᠪᠠ ᠭᠦᠴᠢᠷ ᠪᠡᠷᠭᠡ ᠶᠢ ᠳᠤᠭᠤᠯᠵᠤ ᠭᠠᠷᠬᠤ ᠵᠤᠷᠢᠭ ᠲᠠᠢ ᠪᠠᠶᠢᠪᠠᠯ ᠵᠤᠭᠢᠨ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号