ᠡᠭᠡ ᠪᠠᠶᠢᠭᠠᠯᠢ ᠶᠢᠨ ᠠᠮᠢᠨ ᠬᠡᠯᠬᠢᠶ᠎ᠠ ᠠᠮᠢᠳᠠᠨ ᠭᠤᠤᠯᠳᠠᠨ ᠤ ᠮᠦᠡᠭᠭᠡ ᠤᠷᠤᠰᠢᠯ
ᠨᠡᠶᠢᠲᠡᠯᠡᠭᠰᠡᠨ ᠴᠠᠭ᠄
2020/9/17
    ᠬᠦᠮᠦᠨ ᠤ ᠠᠮᠢᠨ ᠰᠤᠳᠠᠰᠤ ᠭᠠᠵᠠᠷ ᠲᠠᠷᠢᠶᠠᠨ ᠳᠤ ᠪᠠᠶᠢᠵᠤ  ᠭᠠᠵᠠᠷ ᠲᠠᠷᠢᠶᠠᠨ ᠤ  ᠠᠮᠢᠨ  ᠰᠤᠳᠠᠰᠤ  ᠤᠰᠤᠨ  ᠎ ᠳᠤ ᠪᠠᠶᠢᠵᠤ᠂ ᠤᠰᠤᠨ ᠤ ᠠᠮᠢᠨ ᠰᠤᠳᠠᠰᠤ ᠠᠭᠤᠯᠠᠨ ᠳᠤ ᠪᠠᠶᠢᠵᠤ᠂ ᠠᠭᠤᠯᠠᠨ ᠤ ᠠᠮᠢᠨ ᠰᠤᠳᠠᠰᠤ ᠭᠠᠵᠠᠷ  ᠰᠢᠷᠦᠢ  ᠎ ᠳᠤ  ᠪᠠᠶᠢᠵᠤ᠂ ᠭᠠᠵᠠᠷ ᠰᠢᠷᠦᠢ ᠶᠢᠨ ᠠᠮᠢᠨ ᠰᠤᠳᠠᠰᠤ ᠣᠢ ᠮᠣᠳᠣ ᠪᠠ ᠨᠣᠲᠤᠭ ᠪᠡᠯᠴᠢᠭᠡᠷ ᠲᠤ ᠪᠠᠶᠢᠳᠠᠭ᠂ ᠠᠭᠤᠯᠠ ᠤᠰᠤ ᠣᠢ ᠮᠣᠳᠣ  ᠭᠠᠵᠠᠷ ᠲᠠᠷᠢᠶ᠎ᠠ ᠨᠠᠭᠤᠷ ᠪᠦᠷᠢᠳᠦ ᠨᠣᠲᠤᠭ ᠪᠡᠯᠴᠢᠭᠡᠷ ᠪᠣᠯ ᠠᠮᠢ ᠨᠠᠰᠤᠨ ᠤ ᠬᠠᠮᠲᠤ ᠶᠢᠨ ᠴᠤᠭᠴᠠ ᠶᠤᠮᠰᠠᠨ᠃  ᠦᠨᠦᠳᠤᠷ ᠤᠨ ᠦᠪᠦᠷ ᠮᠤᠩᠭᠤᠯ ᠤᠨ ᠲᠠᠯ᠎ᠠ ᠨᠢ ᠨᠡᠩ ᠴᠡᠯᠡᠭᠡᠷᠡᠨ᠂ ᠨᠠᠭᠤᠷ ᠨᠢ  ᠨᠡᠩ  ᠲᠤᠩᠭᠠᠯᠠᠭᠰᠢᠨ᠂  ᠤᠢ ᠨᠢ ᠨᠡᠩ ᠢᠬᠴᠤᠷᠡᠨ ᠨᠤᠮᠢᠨ ᠲᠠᠪᠠᠯᠭᠠᠨ ᠬᠠᠶᠠᠯᠠᠨ᠎ᠠ᠃ ᠨᠤᠭᠤᠭᠠᠨ ᠥᠡᠭᠭᠡ ᠪᠤᠯ ᠥᠪᠥᠷ ᠮᠤᠩᠭᠤᠯ ᠤᠨ ᠦᠪᠡᠷᠮᠢᠴᠡ  ᠲᠠᠪᠠᠭᠤᠯᠢᠭ ᠪᠠ ᠥᠨ᠎ᠠ ᠥᠷᠳᠡᠭ ᠮᠦᠨ᠂ ᠠᠮᠢ ᠠᠬᠤᠢ ᠪᠤᠯ ᠥᠪᠥᠷ ᠮᠤᠩᠭᠤᠯ ᠤᠨ ᠬᠠᠷᠢᠭᠤᠴᠠᠯᠭ᠎ᠠ ᠪᠠ ᠲᠠᠯᠳᠠ ᠬᠥᠴᠥᠨ ᠶᠤᠮ᠃ ᠦᠪᠦᠷ ᠮᠤᠩᠭᠤᠯᠴᠤᠳ ᠤᠨ ᠤᠢᠢᠭ᠎ᠠ ᠦᠭᠡᠢ ᠴᠢᠷᠮᠠᠶᠢᠯᠭ᠎ᠠ ᠪᠠᠷ᠂ ᠠᠮᠢ ᠠᠬᠤᠢ ᠶᠢᠨ ᠬᠠᠮᠠᠭᠠᠯᠠᠯᠳᠠ ᠪᠦᠳᠦᠭᠡᠨ ᠪᠠᠶᠢᠭᠤᠯᠤᠯᠳᠠ ︽ᠪᠦᠭᠦᠯᠢ ᠴᠤᠬᠴᠠ ᠪᠠᠷ ᠬᠢᠵᠠᠭᠠᠷᠯᠠᠵᠤ᠂ ᠬᠡᠰᠡᠭ ᠲᠠᠯ᠎ᠠ ᠪᠠᠷ ᠰᠠᠶᠢᠵᠢᠷᠠᠬᠰᠡᠨ︾ ᠠᠮᠵᠢᠯᠳᠠ ᠳᠤ  ᠬᠦᠷᠪᠡ᠃  ᠲᠡᠷᠡ  ᠭᠦ  ︽ᠤᠷᠤᠭᠰᠢᠯᠠᠪᠠᠯ ᠢᠯᠠᠯᠳᠠ  ᠤᠯᠵᠤ᠂  ᠤᠷᠤᠬᠰᠢᠯᠠᠬᠤ  ᠦᠭᠡᠢ  ᠪᠤᠯ  ᠤᠬᠤᠷᠢᠬᠤ︾  ᠵᠠᠩᠭᠢᠯᠠᠭ᠎ᠠ ᠶᠢᠨ  ᠴᠠᠭ  ᠦᠶ᠎ᠠ ᠳᠤ᠂  ᠪᠦᠭᠦ  ᠤᠷᠤᠨ‌‍ᠲ᠋ᠠᠶᠠᠭᠠᠷ ᠢᠶᠠᠨ ᠠᠭᠤᠯᠠ ᠤᠰᠤ᠂ ᠤᠢ ᠮᠤᠳᠤ᠂ ᠭᠤᠤᠯ ᠮᠦᠷᠡᠨ᠂ ᠨᠠᠭᠤᠷ ᠪᠦᠷᠢᠳᠤ᠂ ᠨᠤᠳᠤᠭ  ᠪᠡᠯᠴᠢᠭᠡᠷ ᠢᠶᠠᠨ  ᠦᠵᠡᠭᠦ ᠨᠢᠳᠤᠨ ᠤ ᠴᠡᠴᠡᠭᠡᠢ ᠰᠢᠭ ᠢᠶᠠᠨ ᠬᠠᠮᠠᠭᠠᠯᠠᠵᠤ᠂ ᠦᠷᠭᠦᠯᠵᠢᠯᠡᠨ ᠵᠢᠳᠬᠦᠨ ᠴᠢᠷᠮᠠᠶᠢᠬᠤ ᠠᠯᠬᠤᠭ᠎ᠠ ᠪᠠᠨ ᠶᠡᠷᠤ  ᠰᠤᠯᠠᠷᠠᠭᠤᠯᠤᠭ᠎ᠠ‌ᠦᠭᠡᠢ ᠪᠢᠯᠡ᠃ ᠦᠪᠦᠷ ᠮᠤᠩᠭᠤᠯ ᠮᠠᠨᠢ ᠡᠭᠡ  ᠤᠯᠤᠰ ᠤᠨ  ᠤᠮᠠᠷᠠᠳᠤ ᠶᠢᠨ  ᠳᠠᠯᠠᠪᠠᠢ ᠪᠠᠷ  ᠬᠠᠮᠤᠭ ᠤᠨ  ᠶᠡᠭᠡ᠂  ᠲᠦᠷᠦᠯ ᠵᠦᠢᠯ ᠢᠶᠠᠷ ᠬᠠᠮᠤᠭ ᠤᠨ ᠪᠦᠷᠢᠨ ᠠᠮᠢ ᠠᠬᠤᠢ ᠶᠢᠨ ᠴᠢᠳᠠᠮᠵᠢᠳᠤ ᠤᠷᠤᠨ ᠪᠤᠯᠤᠭᠰᠠᠨ ᠤ ᠬᠤᠪᠢ ᠳᠤ᠂ ᠲᠦᠪ ᠠᠴᠠ ᠠᠮᠢ ᠠᠬᠤᠢ ᠤᠷᠴᠢᠨ ᠳᠤᠭᠤᠷᠢᠨ ᠤ ᠬᠠᠮᠠᠭᠠᠯᠠᠯᠳᠠ ᠪᠠ ᠪᠦᠳᠦᠬᠡᠨ ᠪᠠᠶᠢᠭᠤᠯᠤᠯᠳᠠ ᠶᠢ ᠢᠮᠠᠭᠳᠠ ᠳᠡᠬᠡᠳᠤ ᠬᠡᠮᠵᠢᠶ᠎ᠠ ᠪᠠᠷ  ᠴᠢᠬᠤᠯᠠᠴᠢᠯᠠᠭᠰᠠᠭᠠᠷ ᠢᠷᠡᠵᠡᠢ᠃                   ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠰᠢ᠂ ᠶᠡᠷᠦᠩᠭᠡᠢ ᠱᠦᠵᠢ ᠰᠢ ᠶᠢᠨ  ᠫᠢᠩ  ᠠᠮᠢ  ᠠᠬᠤᠢ ᠶᠢᠨ ᠪᠤᠯᠪᠠᠰᠤᠨ ᠤ ᠪᠠᠶᠢᠭᠤᠯᠤᠯᠳᠠ ᠶᠢᠨ ᠪᠦᠭᠦᠯᠢ ᠴᠤᠬᠴᠠ ᠶᠢᠨ ᠬᠠᠷᠠᠭᠠᠰᠤ ᠠᠴᠠ ︽ᠠᠭᠤᠯᠠ ᠤᠰᠤ ᠤᠢ  ᠮᠤᠳᠤ  ᠭᠠᠵᠠᠷ  ᠲᠠᠷᠢᠶ᠎ᠠ ᠨᠠᠭᠤᠷ ᠪᠦᠷᠢᠳᠦ ᠨᠤᠳᠤᠭ ᠪᠡᠯᠴᠢᠭᠡᠷ ᠪᠤᠯ ᠠᠮᠢ ᠨᠠᠰᠤᠨ ᠤ  ᠬᠠᠮᠳᠤ ᠶᠢᠨ  ᠴᠤᠬᠴᠠ  ᠪᠤᠯᠬᠤ︾ ᠨᠤᠳᠠᠯᠠᠯᠳᠠ ᠶᠢ ᠲᠤᠷᠠᠳᠴᠤ᠂ ︽ᠠᠭᠤᠯᠠ ᠤᠰᠤ ᠤᠢ ᠮᠤᠳᠤ ᠭᠠᠵᠠᠷ  ᠲᠠᠷᠢᠶ᠎ᠠ  ᠨᠠᠭᠤᠷ  ᠪᠦᠷᠢᠳᠦ  ᠨᠤᠳᠤᠭ  ᠪᠡᠯᠴᠢᠭᠡᠷ ᠢ  ᠨᠢᠭᠡᠳᠦᠯᠳᠡᠢ  ᠲᠦᠯᠦᠪᠵᠢᠭᠦᠯᠤᠨ ᠰᠢᠰᠲ᠋ᠧᠮ ᠲᠠᠢ  ᠵᠠᠰᠠᠬᠤ︾  ︽ᠪᠦᠭᠦ  ᠲᠠᠯ᠎ᠠ ᠪᠠᠷ᠂  ᠪᠦᠭᠦ  ᠤᠷᠤᠨ  ᠪᠦᠰᠠ ᠳᠤ᠂  ᠪᠦᠭᠦ  ᠶᠠᠪᠤᠴᠠ ᠳᠤ  ᠠᠮᠢ  ᠠᠬᠤᠢ ᠶᠢᠨ ᠪᠤᠯᠪᠠᠰᠤᠨ ᠤ ᠪᠠᠶᠢᠭᠤᠯᠤᠯᠳᠠ ᠬᠢᠭᠦ︾᠎ ᠶᠢ  ᠴᠢᠬᠤᠯᠠᠴᠢᠯᠠᠬᠰᠠᠨ  ᠪᠠᠶᠢᠨ᠎ᠠ᠃  ᠡᠨᠡ ᠨᠢ  ᠮᠠᠨ ᠤ  ᠤᠷᠤᠨ ᠤ  ᠠᠮᠢ  ᠠᠬᠤᠢ ᠶᠢᠨ ᠪᠤᠯᠪᠠᠰᠤᠨ ᠤ  ᠪᠠᠶᠢᠭᠤᠯᠤᠯᠳᠠ ᠳᠠᠭᠠᠨ  ᠶᠡᠭᠡ  ᠲᠠᠯ᠎ᠠ ᠶᠢᠨ  ᠦᠵᠠᠯᠳᠠ᠂  ᠪᠦᠭᠦ  ᠲᠠᠯ᠎ᠠ ᠶᠢᠨ  ᠦᠵᠠᠯᠳᠠ ᠶᠢ  ᠪᠤᠢ  ᠪᠤᠯᠭᠠᠨ ᠪᠦᠷᠢᠯᠳᠦᠭᠦᠯᠭᠦ ᠭᠡᠷᠡᠭᠳᠡᠢ ᠭᠡᠳᠡᠭ ᠢ ᠲᠠᠬᠢᠨᠳᠠ ᠲᠠᠨᠢᠭᠤᠯᠤᠬᠰᠡᠨ ᠪᠠᠶᠢᠨ᠎ᠠ᠃                     ᠠᠮᠢ ᠠᠬᠤᠢ ᠪᠤᠯ ᠨᠢᠭᠡᠲᠦᠮᠡᠯ ᠪᠠᠶᠢᠭᠠᠯᠢ ᠶᠢᠨ ᠰᠢᠰᠲ᠋ᠧᠮ ᠪᠠᠶᠢᠵᠦ᠂  ᠬᠠᠷᠢᠯᠴᠠᠨ  ᠲᠦᠰᠢᠯᠴᠡᠬᠦ  ᠨᠢᠬᠲᠠ  ᠬᠠᠷᠢᠴᠠᠭ᠎ᠠ ᠬᠤᠯᠪᠤᠭ᠎ᠠ ᠲᠠᠢ ᠤᠷᠭᠠᠨᠢᠭ ᠬᠡᠯᠬᠢᠶ᠎ᠡ ᠮᠦᠨ᠃ ᠬᠦᠮᠦᠨ ᠤ ᠠᠮᠢᠨ ᠰᠤᠲᠠᠰᠤ ᠭᠠᠵᠠᠷ ᠲᠠᠷᠢᠶᠠᠨ ᠳᠤ ᠪᠠᠶᠢᠵᠦ᠂ ᠭᠠᠵᠠᠷ ᠲᠠᠷᠢᠶᠠᠨ ᠤ ᠠᠮᠢᠨ ᠰᠤᠲᠠᠰᠤ ᠤᠰᠤᠨ ᠳᠤ ᠪᠠᠶᠢᠵᠦ᠂ ᠤᠰᠤᠨ ᠤ ᠠᠮᠢᠨ ᠰᠤᠲᠠᠰᠤ ᠠᠭᠤᠯᠠᠨ ᠳᠤ ᠪᠠᠶᠢᠵᠦ᠂  ᠠᠭᠤᠯᠠᠨ ᠤ  ᠠᠮᠢᠨ  ᠰᠤᠳᠠᠰᠤ ᠭᠠᠵᠠᠷ ᠰᠢᠷᠤᠢ ᠳᠤ ᠪᠠᠶᠢᠵᠦ᠂ ᠭᠠᠵᠠᠷ ᠰᠢᠷᠤᠢ ᠶᠢᠨ ᠠᠮᠢᠨ ᠰᠤᠲᠠᠰᠤ  ᠤᠢ  ᠮᠤᠳᠤ  ᠪᠠ  ᠨᠤᠳᠤᠭ  ᠪᠡᠯᠴᠢᠭᠡᠷ ᠲᠤ  ᠪᠠᠶᠢᠳᠠᠭ᠂ ᠠᠭᠤᠯᠠ ᠤᠰᠤ ᠤᠢ ᠮᠤᠳᠤ ᠭᠠᠵᠠᠷ ᠲᠠᠷᠢᠶ᠎ᠠ ᠨᠠᠭᠤᠷ ᠪᠦᠷᠢᠲᠦ ᠨᠤᠳᠤᠭ ᠪᠡᠯᠴᠢᠭᠡᠷ ᠪᠤᠯ ᠠᠮᠢ ᠨᠠᠰᠤᠨ ᠤ ᠬᠠᠮᠲᠦ ᠶᠢᠨ ᠴᠤᠬᠴᠠ ᠶᠤᠮᠰᠠᠨ᠃ ᠪᠤᠬᠢᠷᠳᠤᠯ ᠦᠭᠡᠢ ᠬᠦᠭᠵᠢᠯᠳᠠ ᠶᠢᠨ ᠤᠢᠢᠯᠠᠭᠠᠬᠳᠠᠬᠤᠨ ᠢ ᠪᠠᠳᠤ ᠪᠤᠢ ᠪᠤᠯᠭᠠᠵᠤ᠂ ᠠᠮᠢ ᠠᠬᠤᠢ ᠶᠢ ᠤᠷᠢᠳ ᠢᠶᠠᠷ ᠪᠤᠳᠤᠯᠬᠢᠯᠠᠬᠰᠡᠨ ᠪᠤᠬᠢᠷᠳᠤᠯ ᠦᠭᠡᠢ ᠬᠦᠭᠵᠢᠯᠳᠠ ᠪᠠᠷ ᠤᠳᠤᠷᠢᠳᠤᠭᠤᠯᠤᠬᠰᠡᠨ ᠴᠢᠨᠠᠷ ᠰᠠᠶᠢᠳᠠᠢ ᠬᠦᠭᠵᠢᠯᠳᠠ ᠶᠢᠨ ᠰᠢᠨ᠎ᠠ  ᠵᠠᠮ ᠢ ᠬᠠᠶᠢᠨ ᠰᠦᠪᠡᠭᠴᠢᠯᠡᠭᠦ ᠪᠤᠯ ᠠᠮᠢ ᠠᠬᠤᠢ ᠶᠢᠨ ᠪᠤᠯᠪᠠᠰᠤᠨ ᠤ ᠪᠠᠶᠢᠭᠤᠯᠤᠯᠳᠠ ᠶᠢ ᠠᠬᠢᠭᠤᠯᠬᠤ ᠦᠷᠳᠡᠭ ᠤᠨ  ᠬᠦᠭᠡᠭᠡᠴᠡᠯᠳᠦᠯ ᠪᠤᠯᠤᠨ᠎ᠠ᠃ ᠮᠦᠨ ᠴᠤ ᠠᠮᠢ ᠠᠬᠤᠢ ᠶᠢᠨ ᠰᠢᠰᠲ᠋ᠧᠮ ᠤᠨ ᠬᠠᠮᠠᠭᠠᠯᠠᠯᠳᠠ ᠶᠢᠨ ᠡᠷᠴᠢᠮ ᠢᠶᠠᠨ  ᠴᠢᠩᠭᠠᠷᠠᠭᠤᠯᠬᠤ ᠶᠢᠨ  ᠤᠷᠢᠳᠠᠴᠢ ᠨᠦᠭᠦᠴᠡᠯ ᠪᠤᠯᠤᠨ᠎ᠠ᠃                   ᠤᠢ ᠰᠢᠭᠤᠢ᠂ ᠨᠤᠳᠤᠭ ᠪᠡᠯᠴᠢᠭᠡᠷ᠂ ᠨᠤᠭᠤ ᠭᠠᠵᠠᠷ᠂ ᠭᠤᠤᠯ ᠮᠦᠷᠡᠨ᠂ ᠨᠠᠭᠤᠷ  ᠴᠦᠬᠦᠷᠦᠮ᠂  ᠡᠯᠡᠰᠦ  ᠮᠠᠩᠬ᠎ᠠ ᠨᠢ ᠮᠠᠨ ᠤ ᠤᠷᠤᠨ ᠳᠤ ᠤᠯᠠᠨ ᠵᠦᠢᠯ ᠤᠨ ᠪᠠᠶᠢᠭᠠᠯᠢ ᠶᠢᠨ ᠬᠡᠯᠪᠡᠷᠢ ᠪᠠᠶᠢᠳᠠᠯ ᠨᠢᠭᠡᠲᠦᠭᠰᠡᠨ ᠤᠯᠠᠨ  ᠶᠠᠩᠵᠦᠳᠤ  ᠠᠮᠢ  ᠠᠬᠤᠢ ᠶᠢᠨ ᠰᠢᠰᠲ᠋ᠧᠮ ᠢ ᠪᠦᠷᠢᠯᠲᠦᠭᠦᠯᠦᠭᠰᠡᠨ  ᠪᠦᠬᠡᠳ  ᠬᠦᠮᠦᠨ  ᠬᠢᠬᠡᠳ  ᠪᠠᠶᠢᠭᠠᠯᠢ  ᠡᠶ᠎ᠡ  ᠵᠤᠬᠢᠴᠠᠩᠭᠤᠢ ᠪᠠᠷ  ᠬᠠᠮᠲᠦ  ᠤᠷᠤᠰᠢᠬᠰᠠᠨ‌ᠦᠵᠡᠰᠭᠦᠯᠡᠩᠲᠦ ᠰᠠᠶᠢᠬᠠᠨ ᠦᠩᠭᠡ ᠦᠵᠡᠮᠵᠢ ᠶᠢ  ᠴᠦ  ᠪᠦᠷᠢᠯᠲᠦᠭᠦᠯᠵᠡᠢ᠃  ᠦᠡᠭᠭᠡᠷᠡᠭᠰᠡᠨ ᠳᠤ᠂  ᠬᠦᠮᠦᠰ ᠤᠨ  ᠰᠢᠨᠵᠢᠯᠡᠭᠦ ᠤᠬᠠᠭᠠᠨᠴᠢ ᠪᠤᠰᠤ ᠨᠡᠭᠡᠭᠡᠨ ᠠᠰᠢᠬᠯᠠᠯᠳᠠ ᠪᠠ ᠪᠠᠶᠢᠭᠠᠯᠢ ᠶᠢᠨ ᠨᠦᠭᠦᠴᠡᠯ ᠠᠴᠠ ᠪᠤᠯᠵᠤ᠂ ᠨᠤᠳᠤᠭ ᠪᠡᠯᠴᠢᠭᠡᠷ ᠤᠨ  ᠠᠮᠢ  ᠠᠬᠤᠢ ᠡᠪᠳᠡᠭᠳᠡᠨ᠂ ᠭᠤᠤᠯ ᠮᠦᠷᠡᠨ ᠲᠠᠳᠠᠷᠠᠨ ᠨᠠᠭᠤᠷ ᠪᠦᠷᠢᠳᠤ ᠬᠠᠳᠠᠨ ᠰᠢᠷᠬᠢᠵᠤ᠂ ᠡᠯᠡᠰᠦᠷᠭᠡᠭᠵᠢᠯ ᠴᠦᠯᠯᠡᠷᠭᠡᠭᠵᠢᠯ  ᠭᠡᠴᠡᠭᠦᠳᠡᠭᠦ ᠭᠡᠭᠦ ᠮᠡᠳᠤ ᠶᠢᠨ ᠰᠢᠷᠢᠰ ᠠᠮᠢ ᠠᠬᠤᠢ ᠶᠢᠨ ᠠᠰᠠᠭᠤᠳᠠᠯ ᠢᠯᠡᠷᠡᠪᠡ᠃ ᠡᠨᠡ ᠭᠦ  ᠰᠤᠷᠭᠠᠮᠵᠢ ᠨᠢ᠂  ᠦᠪᠦᠷ  ᠮᠤᠩᠭᠤᠯᠴᠤᠳ ᠲᠤ ᠠᠮᠢ ᠠᠬᠤᠢ ᠶᠢᠨ ᠰᠢᠰᠲ᠋ᠧᠮ ᠢ ᠬᠠᠮᠠᠭᠠᠯᠠᠬᠤ ᠡᠷᠴᠢᠮ ᠢᠶᠠᠨ ᠴᠢᠩᠭᠠᠷᠠᠭᠤᠯᠬᠤ ᠳᠤ  ᠡᠷᠬᠡᠪᠰᠢ  ᠠᠮᠢ  ᠠᠬᠤᠢ ᠶᠢᠨ  ᠰᠢᠰᠲ᠋ᠧᠮ ᠤᠨ ᠳᠤᠳᠤᠭᠠᠳᠤ ᠵᠢᠮ᠎ᠡ ᠬᠠᠤᠯᠢ  ᠪᠣᠯᠤᠨ  ᠵᠢᠮ᠎ᠠ  ᠶᠤᠰᠤ ᠶᠢ  ᠵᠢᠷᠤᠮᠯᠠᠵᠤ᠂  ᠠᠶᠠᠨᠳᠠᠭᠠᠨ ᠤ  ᠰᠡᠷᠭᠦᠭᠡᠯᠳᠡ ᠪᠠᠷ  ᠭᠤᠣᠯ  ᠪᠤᠯᠭᠠᠬᠤ ᠴᠢᠭᠯᠡᠯᠲᠡ ᠶᠢ ᠪᠠᠷᠢᠮᠲᠠᠯᠠᠨ᠂ ᠠᠭᠤᠯᠠ ᠤᠰᠤ ᠤᠢ ᠮᠤᠳᠤ ᠭᠠᠵᠠᠷ ᠲᠠᠷᠢᠶ᠎ᠠ ᠨᠠᠭᠤᠷ ᠪᠦᠷᠢᠳᠦ ᠨᠤᠳᠤᠭ ᠪᠡᠯᠴᠢᠭᠡᠷ ᠤᠨ ᠰᠢᠰᠲ᠋ᠧᠮᠳᠤ ᠵᠠᠰᠠᠯᠲᠠ ᠶᠢ ᠨᠢᠭᠡᠳᠦᠯᠲᠡᠢ ᠲᠥᠯᠥᠪᠵᠢᠭᠦᠯᠦᠨ ᠠᠬᠢᠭᠤᠯᠬᠤ ᠬᠡᠷᠡᠭᠳᠠᠢ ᠭᠡᠳᠡᠭ ᠵᠢᠮ᠎ᠠ ᠶᠢ ᠤᠢᠢᠯᠠᠭᠠᠭᠤᠯᠤᠬᠰᠡᠨ ᠶᠤᠮᠰᠠᠨ᠃ ᠦᠪᠦᠷ‌ᠮᠤᠩᠭᠤᠯᠴᠤᠳ ᠲᠦᠪ ᠤᠨ ᠰᠢᠢᠳᠪᠦᠷᠢᠳᠤ ᠪᠤᠳᠤᠯᠭ᠎ᠠ  ᠪᠠᠶᠢᠷᠢᠯᠠᠭᠤᠯᠤᠯᠳᠠ ᠶᠢ  ᠨᠠᠷᠢᠨ  ᠬᠢᠨᠠᠮᠠᠭᠠᠢ  ᠳᠤᠭᠤᠰᠢᠯᠠᠭᠤᠯᠵᠤ᠂  ᠠᠮᠢ ᠠᠬᠤᠢ ᠶᠢᠨ ᠪᠤᠯᠪᠠᠰᠤᠨ ᠤ ᠪᠠᠶᠢᠭᠤᠯᠤᠯᠳᠠ ᠶᠢ ᠴᠢᠩᠭᠠᠳᠬᠠᠬᠤ ᠪᠠᠶᠢᠯᠳᠤᠬᠤ ᠪᠤᠳᠤᠯᠭ᠎ᠠ ᠶᠢᠨ ᠲᠤᠬᠳᠠᠯ ᠬᠥᠴᠥᠨ ᠢᠶᠠᠨ ᠪᠠᠳᠤᠯᠠᠨ᠂ ᠠᠮᠢ ᠠᠬᠤᠢ ᠶᠢ ᠤᠷᠢᠳ ᠢᠶᠠᠷ ᠪᠤᠳᠤᠯᠬᠢᠯᠠᠬᠰᠡᠨ  ᠪᠤᠬᠢᠷᠳᠤᠯ  ᠥᠬᠡᠢ  ᠬᠥᠭᠵᠢᠯᠳᠠ ᠪᠠᠷ  ᠤᠳᠤᠷᠢᠳᠤᠮᠵᠢ  ᠪᠤᠯᠭᠠᠬᠰᠠᠨ  ᠴᠢᠨᠠᠷ ᠰᠠᠶᠢᠳᠠᠢ  ᠬᠥᠭᠵᠢᠯᠳᠠ ᠶᠢᠨ  ᠰᠢᠨ᠎ᠠ  ᠵᠠᠮ ᠢ  ᠡᠷᠢᠯᠬᠢᠯᠡᠵᠥ᠂  ᠠᠮᠢ  ᠠᠬᠤᠢ ᠶᠢᠨ  ᠰᠢᠰᠲ᠋ᠧᠮ ᠢ  ᠬᠠᠮᠠᠭᠠᠯᠠᠬᠤ  ᠡᠷᠴᠢᠮ ᠵᠶ᠋ᠠᠨ‌‍ᠴᠢᠩᠭᠠᠷᠠᠭᠤᠯᠤᠨ᠂ ᠪᠤᠬᠢᠷᠳᠤᠯ ᠢ ᠰᠡᠷᠭᠡᠶᠢᠯᠡᠨ ᠵᠠᠰᠠᠬᠤ  ᠪᠤᠭᠤᠮᠳᠠ  ᠰᠢᠪᠳᠤᠯᠬᠤ  ᠲᠠᠶᠢᠯᠠᠯᠳᠤᠭᠠᠨ ᠢ  ᠰᠠᠶᠢᠳᠤᠷ  ᠬᠢᠵᠦ᠂  ᠡᠭᠡ‌ᠤᠯᠤᠰ ᠤᠨ ᠤᠮᠠᠷᠠᠳᠦ ᠬᠢᠯᠢ ᠶᠢᠨ ᠡᠨᠡ ᠬᠦ  ᠦᠵᠡᠰᠭᠦᠯᠡᠩᠳᠦ  ᠰᠠᠶᠢᠬᠠᠨ  ᠦᠵᠡᠮᠵᠢ ᠶᠢᠨ  ᠤᠷᠤᠨ ᠢᠶᠠᠨ  ᠰᠠᠶᠢᠳᠤᠷ  ᠰᠠᠬᠢᠨ ᠬᠠᠮᠠᠭᠠᠯᠠᠬᠤ ᠶᠢᠨ ᠲᠦᠯᠦᠭᠡ ᠠᠮᠢ ᠠᠬᠤᠢ ᠶᠢᠨ ᠬᠠᠮᠠᠭᠠᠯᠠᠯᠳᠠ ᠶᠢᠨ ᠤᠯᠠᠭᠠᠨ ᠱᠤᠭᠤᠮ ᠢ ᠴᠢᠩᠭ᠎ᠠ ᠰᠠᠬᠢᠨ᠂ ︽ᠭᠤᠤᠯ ᠮᠦᠷᠡᠨ ᠤ ᠳᠠᠷᠤᠭ᠎ᠠ︾ ︽ᠨᠠᠭᠤᠷ ᠤᠨ ᠲᠠᠷᠤᠭ᠎ᠠ︾᠎ ᠶᠢᠨ ᠳᠦᠷᠢᠮ ᠭᠡᠭᠦ  ᠮᠡᠳᠤ ᠶᠢᠨ  ᠨᠢᠭᠡ  ᠰᠢᠷᠢᠰ  ᠠᠷᠭ᠎ᠠ  ᠪᠤᠳᠤᠯᠭ᠎ᠠ ᠶᠢ  ᠲᠤᠬᠳᠠᠭᠠᠨ ᠬᠡᠷᠡᠭᠵᠢᠭᠦᠯᠵᠤ᠂ ᠠᠮᠢ ᠠᠬᠤᠢ ᠶᠢᠨ ᠰᠢᠰᠲ᠋ᠧᠮ ᠤᠨ ᠲᠤᠳᠤᠭᠠᠳᠤ ᠶᠢᠨ ᠵᠢᠮ᠎ᠠ ᠶᠢ ᠬᠦᠨᠳᠦᠳᠭᠡᠵᠤ᠂ ᠠᠶᠠᠨᠳᠠᠭᠠᠨ ᠤ ᠰᠡᠷᠭᠦᠯᠳᠠ ᠪᠠᠷ ᠭᠤᠤᠯ  ᠪᠤᠯᠭᠠᠵᠤ᠂  ᠭᠠᠵᠠᠷ  ᠤᠷᠤᠨ ᠤ  ᠤᠨᠴᠠᠯᠢᠭ ᠲᠤᠨᠢ  ᠲᠤᠬᠢᠷᠠᠭᠤᠯᠵᠤ᠂  ᠲᠦᠷᠦᠯ  ᠬᠤᠪᠢᠶᠠᠨ  ᠠᠷᠭ᠎ᠠ  ᠪᠤᠳᠤᠯᠭ᠎ᠠ ᠬᠡᠷᠡᠭᠵᠢᠭᠦᠯᠦᠭᠰᠡᠨ ᠠᠴᠠ ᠠᠮᠢ ᠠᠬᠤᠢ ᠶᠢᠨ ᠠᠵᠢᠯ ᠳᠠᠭᠠᠨ ᠳᠤᠪᠤᠶᠢᠮ᠎ᠠ  ᠠᠮᠵᠢᠯᠳᠠ  ᠪᠦᠲᠦᠮᠵᠢ  ᠤᠯᠵᠤ᠂  ᠤᠢ  ᠰᠢᠭᠤᠢ ᠶᠢᠨ ᠲᠠᠯᠠᠪᠠᠢ ᠪᠠ ᠤᠷᠭᠤᠭ᠎ᠠ ᠮᠤᠳᠤᠨ ᠤ ᠬᠠᠳᠠᠭᠠᠯᠠᠬᠳᠠᠴᠠ ᠶᠢᠨ ︽ᠬᠤᠤᠰ ᠨᠡᠮᠡᠭᠳᠡᠯ︾᠎ ᠢ  ᠪᠡᠶᠡᠯᠡᠭᠦᠯᠵᠤ᠂  ᠪᠦᠭᠦ  ᠤᠷᠤᠨ ᠤ  ᠤᠢ ᠮᠤᠳᠤᠨ ᠤ ᠪᠦᠷᠭᠦᠴᠠ ᠶᠢᠨ ᠨᠤᠷᠮ᠎ᠠ 22.1%᠎ ᠳᠤ ᠬᠦᠷᠴᠤ᠂ 3.02 ᠳ᠋ᠥ᠋ᠩᠰᠢᠭᠤᠷ ᠮᠦ ᠪᠠᠶᠢᠭᠠᠯᠢ ᠶᠢᠨ ᠤᠢ ᠶᠢ ᠪᠦᠭᠦᠨ ᠢ ᠬᠠᠮᠠᠭᠠᠯᠠᠯᠳᠠ ᠶᠢᠨ  ᠬᠠᠷᠢᠶᠠᠨ ᠳᠤ  ᠤᠷᠤᠭᠤᠯᠵᠤ᠂ ᠴᠦᠯᠯᠡᠷᠭᠡᠭᠵᠢᠯ ᠪᠠ   ᠡᠯᠡᠰᠦᠷᠭᠡᠭᠵᠢᠯ ᠤᠨ  ᠲᠠᠯᠠᠪᠠᠢ ᠶᠢᠨ  ︽ᠬᠤᠤᠰ ᠬᠠᠰᠤᠬᠳᠠᠯ︾᠎ ᠢ ᠪᠡᠶᠡᠯᠡᠭᠦᠯᠵᠤ᠂ ᠮᠠᠯ ᠪᠡᠯᠴᠢᠭᠡᠷ ᠤᠨ ᠲᠡᠩᠴᠡᠭᠦᠷᠢ ᠶᠢ ᠪᠠᠳᠤᠯᠠᠬᠰᠡᠨ ᠲᠠᠯᠠᠪᠠᠢ  6.16  ᠳ᠋ᠥ᠋ᠩᠰᠢᠭᠤᠷ  ᠮᠦ ᠳᠤ ᠬᠦᠷᠴᠤ᠂ ᠤᠢ ᠮᠤᠳᠤ ᠨᠤᠳᠤᠭ ᠪᠡᠯᠴᠢᠭᠡᠷ ᠤᠨ  ᠠᠮᠢ  ᠠᠬᠤᠢ ᠶᠢᠨ  ᠴᠢᠳᠠᠪᠬᠢ  ᠪᠦᠳᠦᠮᠵᠢᠳᠡᠢ ᠪᠠᠷ  ᠰᠡᠷᠭᠦᠨ  ᠰᠠᠶᠢᠵᠢᠷᠡᠪᠡ᠂ ︽ᠬᠦᠯᠦᠨ ᠨᠠᠭᠤᠷ᠂ ᠤᠯᠠᠭᠠᠨᠰᠤᠬᠠᠢ᠂ ᠰᠤᠪᠨᠠᠭᠤᠷ︾᠎ ᠤᠨ ᠶᠡᠷᠦᠩᠭᠡᠶᠢᠯᠡᠨ ᠵᠠᠰᠠᠯᠳᠠ ᠳᠤ  ᠲᠤᠪᠤᠶᠢᠮ᠎ᠠ  ᠠᠮᠵᠢᠯᠳᠠ  ᠤᠯᠪᠡ᠃ ᠡᠶᠢᠨ ᠬᠦ ᠲᠤᠪᠤᠶᠢᠮ᠎ᠠ ᠠᠮᠵᠢᠯᠳᠠ ᠶᠢ ᠤᠯᠤᠭᠰᠠᠨ  ᠪᠤᠯᠪᠠᠴᠦ  ᠲᠡᠷᠡ ᠨᠢ  ᠪᠦᠬᠦ  ᠲᠠᠯ᠎ᠠ ᠶᠢᠨ  ᠪᠢᠰᠢ᠂  ᠲᠦᠢᠯᠪᠤᠷᠢᠳᠠᠢ  ᠪᠢᠰᠢ ᠪᠠᠶᠢᠭᠰᠠᠭᠠᠷ᠂ ᠠᠮᠢ ᠠᠬᠤᠢ ᠶᠢᠨ ᠪᠤᠯᠪᠠᠰᠤᠨ ᠤ ᠪᠠᠶᠢᠭᠤᠯᠤᠯᠳᠠ ᠶᠢᠨ ᠵᠠᠩᠬᠢᠯᠠᠭ᠎ᠠ ᠶᠢᠨ  ᠬᠤᠭᠤᠴᠠᠭ᠎ᠠ᠂  ᠪᠤᠭᠤᠮᠲᠠ  ᠰᠢᠪᠲᠤᠯᠬᠤ ᠬᠤᠭᠤᠴᠠᠭ᠎ᠠ ᠪᠠ ᠴᠤᠩᠬᠤᠪᠴᠢ ᠬᠤᠭᠤᠴᠠᠭᠠᠨ ᠳᠤ ᠤᠷᠤᠰᠢᠬᠰᠠᠨ  ᠦᠨᠤᠳᠤᠷ  ᠪᠢᠲᠡ  ᠨᠡᠩ  ᠶᠡᠭᠡ  ᠡᠷᠴᠢ  ᠵᠤᠷᠢᠭ᠂  ᠨᠡᠩ ᠬᠠᠲᠠᠭᠤᠵᠢᠯᠲᠠᠢ ᠴᠢᠷᠮᠠᠶᠢᠯᠭ᠎ᠠ ᠪᠠᠷ ᠠᠮᠢ  ᠠᠬᠤᠢ ᠶᠢᠨ  ᠰᠢᠰᠲ᠋ᠧᠮ ᠢ  ᠬᠠᠮᠠᠭᠠᠯᠠᠬᠤ  ᠡᠷᠴᠢᠮ ᠢᠶᠠᠨ  ᠴᠢᠩᠭᠠᠷᠠᠭᠤᠯᠵᠤ᠂  ᠮᠠᠨ ᠤ ᠤᠯᠤᠰ ᠤᠨ ᠤᠮᠠᠷᠠᠲᠦ ᠶᠢᠨ ᠴᠢᠬᠤᠯᠠ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ ᠶᠢ ᠪᠠᠲᠦ ᠴᠤᠬᠴᠠᠯᠠᠬᠤ ᠪᠠᠷ ᠴᠢᠷᠮᠠᠶᠢᠨ‌‍ᠲ᠋ᠡᠮᠡᠴᠡᠭᠰᠡᠭᠡᠷ︕                   ᠥᠵᠡᠯ ᠰᠠᠨᠠᠭ᠎ᠠ ᠤᠢᠢᠯᠠᠭᠠᠬᠳᠠᠬᠤᠨ ᠨᠢ ᠠᠵᠢᠯᠯᠠᠭᠠᠨ ᠤ ᠵᠥᠭᠯᠡᠬᠦᠷ ᠪᠤᠯᠳᠠᠭ᠃ ᠨᠠᠮ ᠤᠨ ᠠᠷᠪᠠᠨ  ᠨᠠᠢᠮᠠᠳᠤᠭᠠᠷ  ᠶᠡᠭᠡ ᠬᠤᠷᠠᠯ ᠠᠴᠠ  ᠨᠠᠰᠢ᠂ ᠰᠢ ᠶᠢᠨ ᠫᠢᠩ ᠤᠨ ᠠᠮᠢ ᠠᠬᠤᠢ ᠶᠢᠨ ᠪᠤᠯᠪᠠᠰᠤᠨ ᠤ ᠦᠵᠡᠯ ᠰᠠᠨᠠᠭ᠎ᠠ ᠶᠢᠨ ᠵᠢᠯᠤᠭᠤᠳᠤᠯᠭ᠎ᠠ  ᠲᠤᠤᠷ᠎ᠠ  ᠂ᠠᠮᠢ ᠠᠬᠤᠢ ᠶᠢᠨ ᠪᠤᠯᠪᠠᠰᠤᠨ ᠤ ᠤᠢᠢᠯᠠᠭᠠᠬᠳᠠᠬᠤᠨ  ᠡᠳᠦᠷ  ᠢᠷᠡᠭᠦᠶ᠎ᠠ  ᠬᠦᠮᠦᠰ ᠤᠨ  ᠰᠡᠳᠬᠢᠯ ᠳᠤ  ᠬᠦᠨ  ᠰᠠᠭᠤᠬᠳᠠᠬᠰᠡᠨ ᠪᠠᠶᠢᠨ᠎ᠠ᠃ ︽ᠠᠭᠤᠯᠠ ᠤᠰᠤ ᠤᠢ ᠮᠤᠳᠤ ᠭᠠᠵᠠᠷ  ᠲᠠᠷᠢᠶ᠎ᠠ  ᠨᠠᠭᠤᠷ  ᠪᠦᠷᠢᠳᠤ  ᠨᠤᠳᠤᠭ  ᠪᠡᠯᠴᠢᠭᠡᠷ  ᠪᠤᠯ  ᠠᠮᠢ  ᠨᠠᠰᠤᠨ ᠤ ᠬᠠᠮᠳᠤ ᠶᠢᠨ ᠴᠤᠬᠴᠠ ᠪᠤᠯᠤᠨ᠎ᠠ︾  ᠭᠡᠭᠦ  ᠲᠤᠬᠠᠢ  ᠲᠠᠨᠢᠯᠳᠠ  ᠤᠢᠢᠯᠠᠭᠠᠯᠳᠠ ᠪᠠᠨ  ᠬᠦᠨᠵᠡᠭᠡᠶᠢᠷᠡᠭᠦᠯᠤᠨ᠂  ᠠᠮᠢ  ᠡᠬᠠᠤᠢ ᠶᠢᠨ ᠵᠠᠰᠠᠯᠳᠠ ᠳᠠᠭᠠᠨ  ᠰᠢᠰᠲ᠋ᠧᠮᠳᠤ  ᠰᠡᠳᠬᠢᠭᠦᠢ ᠪᠠᠷ  ᠭᠡᠮᠵᠢᠶ᠎ᠠ ᠶᠢ  ᠪᠤᠳᠤᠯᠬᠢᠯᠠᠵᠤ᠂  ᠪᠦᠭᠦᠯᠢ   ᠴᠤᠬᠴᠠ ᠶᠢᠨ   ᠦᠵᠡᠯᠳᠠ ᠪᠠᠷ ᠬᠠᠮᠠᠭᠠᠯᠠᠯᠳᠠ ᠪᠦᠳᠦᠭᠡᠨ ᠪᠠᠶᠢᠭᠤᠯᠤᠯᠳᠠ ᠶᠢ ᠠᠬᠢᠭᠤᠯᠪᠡᠯ ᠰᠠᠶ᠋ᠢ ᠠᠮᠢ ᠠᠬᠤᠢ ᠶᠢᠨ  ᠲᠤᠳᠤᠭᠠᠳᠤ  ᠵᠢᠮ᠎ᠠ ᠶᠢ  ᠵᠢᠷᠤᠮᠯᠡᠨ᠂  ᠠᠮᠢ ᠠᠬᠤᠢ ᠶᠢᠨ ᠵᠠᠰᠠᠯᠳᠠ ᠳᠠᠭᠠᠨ ᠬᠠᠮᠤᠭ ᠤᠨ ᠰᠠᠶᠢᠨ ᠦᠷ᠎ᠠ ᠪᠦᠳᠦᠮᠵᠢ ᠶᠢ ᠤᠯᠵᠤ ᠴᠢᠳᠠᠨ᠎ᠠ᠃                     ᠠᠮᠢ ᠠᠬᠤᠢ ᠶᠢᠨ ᠰᠢᠰᠲ᠋ᠧᠮ ᠢ ᠬᠠᠮᠠᠭᠠᠯᠠᠬᠤ ᠨᠢ  ᠡᠭᠡ  ᠪᠠᠶᠢᠭᠠᠯᠢ ᠶᠢᠨ  ᠠᠮᠢᠨ  ᠬᠡᠯᠬᠢᠶ᠎ᠠ ᠶᠢ  ᠬᠠᠮᠠᠭᠠᠯᠠᠵᠤ  ᠪᠠᠶᠢᠭ᠎ᠠ ᠶᠠᠪᠤᠳᠠᠯ᠂ ᠠᠮᠢᠳᠠᠨ ᠭᠤᠤᠯᠳᠠᠨ ᠤ ᠮᠦᠡᠭᠭᠡ ᠤᠷᠤᠰᠢᠯ ᠢ ᠪᠠᠳᠤᠯᠠᠵᠤ ᠪᠠᠶᠢᠭ᠎ᠠ ᠶᠠᠪᠤᠳᠠᠯ ᠶᠤᠮ᠃ ᠠᠮᠢ ᠠᠬᠤᠢ ᠶᠢᠨ ᠰᠢᠰᠲ᠋ᠧᠮ ᠤᠨ ᠬᠠᠮᠠᠭᠠᠯᠠᠯᠳᠠ ᠶᠢᠨ ᠡᠷᠴᠢᠮ ᠢᠶᠠᠨ ᠴᠢᠩᠭᠠᠷᠠᠭᠤᠯᠵᠤ᠂ ᠪᠤᠬᠢᠷᠳᠤᠯ ᠢ ᠰᠡᠷᠭᠡᠶᠢᠯᠡᠨ ᠵᠠᠰᠠᠬᠤ ᠪᠤᠭᠤᠮᠳᠠ ᠰᠢᠪᠳᠤᠯᠬᠤ ᠲᠠᠶᠢᠯᠠᠯᠳᠤᠭᠠᠨ ᠢ ᠰᠠᠶᠢᠳᠤᠷ ᠬᠢᠭᠦ ᠪᠤᠯ ᠠᠮᠢ ᠠᠬᠤᠢ ᠶᠢᠨ ᠪᠤᠯᠪᠠᠰᠤᠨ ᠤ ᠪᠠᠶᠢᠭᠤᠯᠤᠯᠳᠠ ᠶᠢᠨ ᠬᠤᠷᠢᠭ᠎ᠠ ᠱᠤᠭᠤᠮ ᠤᠨ ᠡᠭᠦᠷᠭᠡ  ᠪᠤᠯᠤᠨ᠎ᠠ᠃  ᠠᠮᠢ ᠠᠬᠤᠢ ᠶᠢᠨ ᠰᠢᠰᠲ᠋ᠧᠮ ᠢ ᠬᠠᠮᠠᠭᠠᠯᠠᠬᠤ ᠡᠷᠴᠢᠮ ᠢᠶᠠᠨ ᠴᠢᠩᠭᠠᠷᠠᠭᠤᠯᠬᠤ ᠳᠤ ᠡᠷᠬᠡᠪᠰᠢ ᠰᠢᠰᠲ᠋ᠧᠮᠲᠦ ᠴᠢᠨᠠᠷ᠂ ᠪᠦᠬᠦᠯᠢ  ᠴᠤᠬᠴᠠᠲᠦ ᠴᠢᠨᠠᠷ᠂ ᠪᠦᠬᠦ ᠲᠠᠯ᠎ᠠ ᠶᠢᠨ ᠴᠢᠨᠠᠷ ᠤᠨ ᠬᠠᠷᠠᠭᠠᠰᠤ ᠠᠴᠠ  ᠲᠤᠩᠭᠠᠨ  ᠪᠤᠳᠤᠯᠬᠢᠯᠠᠵᠤ᠂  ᠨᠢᠭᠡᠲᠦᠯᠲᠡᠢ  ᠲᠦᠯᠦᠪᠵᠢᠭᠦᠯᠦᠨ  ᠪᠦᠬᠦ ᠲᠠᠯ᠎ᠠ ᠶᠢ ᠬᠠᠷᠠᠭᠠᠯᠵᠠᠵᠦ᠂ ᠪᠦᠬᠦᠯᠢ  ᠴᠤᠬᠴᠠ ᠪᠠᠷ  ᠲᠦᠷᠦ ᠶᠢᠨ  ᠪᠤᠳᠤᠯᠭ᠎ᠠ  ᠬᠡᠷᠡᠭᠵᠢᠭᠦᠯᠤᠨ᠂  ᠤᠯᠠᠨ ᠠᠷᠭ᠎ᠠ ᠠᠪᠴᠠᠯ ᠢ ᠬᠠᠮᠳᠤ ᠳᠤᠨᠢ ᠬᠡᠷᠡᠭᠵᠢᠭᠦᠯᠵᠦ᠂ ᠪᠦᠬᠦ ᠤᠷᠤᠨ ᠪᠠᠶᠢᠷᠢ᠂  ᠪᠦᠬᠦ  ᠤᠷᠤᠨ  ᠪᠦᠰᠡ᠂  ᠪᠦᠬᠦ  ᠶᠠᠪᠤᠴᠠ ᠪᠠᠷ ᠠᠮᠢ ᠠᠬᠤᠢ ᠶᠢᠨ ᠰᠢᠰᠲ᠋ᠧᠮ ᠢ ᠬᠠᠮᠠᠭᠠᠯᠠᠵᠤ᠂ ᠠᠮᠢ ᠠᠬᠤᠢ ᠶᠢᠨ ᠰᠢᠰᠲ᠋ᠧᠮ ᠢ ᠬᠠᠮᠠᠭᠠᠯᠠᠬᠤ ᠠᠵᠢᠯ ᠤᠨ ᠬᠤᠯᠪᠤᠯᠳᠤᠬᠤ ᠴᠢᠨᠠᠷ ᠪᠠ ᠬᠠᠮᠵᠢᠯᠴᠠᠬᠤ ᠴᠢᠨᠠᠷ ᠢ ᠲᠠᠰᠤᠷᠠᠯᠲᠠ ᠦᠭᠡᠢ ᠴᠢᠩᠭᠠᠳᠬᠠᠬᠤ ᠴᠢᠬᠤᠯᠠᠳᠠᠢ᠃                   ︽ᠬᠦᠬᠡ  ᠲᠡᠭᠷᠢ  ᠴᠡᠯᠡᠶᠢᠨ  ᠬᠦᠳᠡᠭᠡ  ᠲᠠᠯ᠎ᠠ  ᠨᠡᠯᠦ᠋ᠢᠵᠥ᠂  ᠠᠶᠠᠰ ᠤᠨ  ᠰᠠᠯᠬᠢᠨ  ᠦᠯᠢᠶᠡᠬᠦᠶ᠎ᠠ  ᠠᠳᠤᠭᠤ  ᠮᠠᠯ ᠢᠷᠠᠯᠵᠠᠮᠤᠢ︾᠃ ᠡᠬᠡ ᠤᠯᠤᠰ ᠤᠨ ᠤᠮᠠᠷᠠᠲᠤ ᠶᠢᠨ ᠡᠨᠡ ᠭᠦ ᠦᠵᠡᠰᠬᠦᠯᠡᠩᠳᠤ ᠰᠠᠶᠢᠬᠠᠨ ᠦᠵᠡᠮᠵᠢ ᠶᠢᠨ ᠣᠷᠣᠨ ᠢᠶᠠᠨ ᠰᠠᠶᠢᠲᠤᠷ ᠰᠠᠬᠢᠨ ᠬᠠᠮᠠᠭᠠᠯᠠᠬᠤ ᠳᠤ ᠳᠡᠭᠡᠷ᠎ᠡ ᠠᠴᠠ  ᠳᠣᠷᠣᠭᠰᠢᠬᠢ  ᠲᠦᠷᠢᠮ ᠤᠨ  ᠵᠢᠷᠤᠭ  ᠲᠥᠰᠦᠪᠯᠡᠭᠡ  ᠪᠠᠶᠢᠬᠤ  ᠴᠢᠬᠤᠯᠠᠳᠠᠢ᠂  ᠪᠠᠰᠠ‌‍ᠲ᠋ᠣᠣᠷ᠎ᠠ ᠠᠴᠠ ᠳᠡᠭᠡᠭᠰᠢᠬᠢ ᠤᠬᠠᠮᠰᠠᠷᠲᠤ ᠠᠵᠢᠯᠯᠠᠭ᠎ᠠ ᠪᠠᠶᠢᠬᠤ ᠴᠢᠬᠤᠯᠠᠳᠠᠢ᠂ ᠬᠥᠮᠦᠨ ᠪᠤᠯᠭᠠᠨ ᠣᠷᠣᠯᠴᠠᠭᠰᠠᠨ᠂ ᠬᠥᠮᠦᠨ ᠪᠤᠯᠭᠠᠨ‌ᠬᠠᠮᠲᠤ ᠪᠠᠷ ᠬᠦᠷᠳᠡᠬᠦ ᠬᠦᠴᠦᠷᠬᠡᠭ ᠶᠡᠭᠡ ᠬᠠᠮᠳᠤᠷᠠᠯ ᠬᠦᠴᠦᠨ ᠢ ᠪᠦᠷᠢᠯᠳᠦᠭᠦᠯᠬᠦ ᠴᠢᠬᠤᠯᠠᠳᠠᠢ  ᠶᠤᠮ᠃  ᠬᠦᠬᠡ  ᠤᠭᠳᠠᠷᠭᠤᠢ᠂  ᠬᠦᠷᠦᠰᠦᠳᠤ   ᠳᠡᠯᠡᠬᠡᠢ᠂ ᠠᠭᠤᠯᠠ ᠤᠰᠤ᠂ ᠤᠢ ᠰᠢᠭᠤᠢ ᠰᠠᠶᠢᠨ ᠰᠠᠶᠢᠬᠠᠨ  ᠠᠮᠢ  ᠠᠬᠤᠢ ᠶᠢᠨ  ᠤᠷᠴᠢᠨ  ᠳᠤᠭᠤᠷᠢᠨ ᠨᠢ ᠪᠢᠳᠡᠨ ᠤ ᠬᠦᠮᠦᠨ ᠪᠦᠬᠦᠨ ᠲᠠᠢ ᠨᠢᠭᠳᠠ ᠬᠤᠯᠪᠤᠭ᠎ᠠ ᠲᠠᠢ᠂ ᠪᠢᠳᠡ  ᠪᠦᠬᠦᠨ  ᠴᠥᠮ  ᠠᠮᠢ  ᠠᠬᠤᠢ  ᠣᠷᠴᠢᠨ  ᠲᠣᠭᠤᠷᠢᠨ ᠤ ᠬᠠᠮᠠᠭᠠᠯᠠᠭᠴᠢ᠂ ᠪᠦᠲᠦᠭᠡᠨ  ᠪᠠᠶᠢᠭᠤᠯᠤᠭᠴᠢ  ᠪᠠ  ᠠᠰᠢᠭ  ᠬᠦᠷᠳᠡᠭᠴᠢ  ᠪᠠᠶᠢᠵᠤ᠂  ᠪᠤᠳᠠᠳᠤ  ᠠᠵᠢᠯᠯᠠᠭ᠎ᠠ ᠪᠠᠷ ᠢᠶᠠᠨ ᠦᠪᠡᠷ ᠦᠪᠡᠷ ᠤᠨ ᠡᠬᠦᠷᠬᠡ ᠬᠠᠷᠢᠭᠤᠴᠠᠯᠭ᠎ᠠ ᠪᠠᠨ ᠬᠦᠢᠴᠡᠳᠬᠡᠵᠤ᠂  ᠡᠭᠡ ᠤᠯᠤᠰ ᠤᠨ ᠤᠮᠠᠷᠠᠳᠤ ᠶᠢᠨ ᠠᠮᠢ  ᠠᠬᠤᠢ ᠶᠢᠨ ᠠᠮᠤᠷ ᠲᠦᠪᠰᠢᠨ ᠤ ᠬᠠᠯᠬᠠᠪᠴᠢ ᠪᠤᠯᠵᠤ ᠪᠠᠶᠢᠭ᠎ᠠ ᠡᠨᠡ ᠭᠦ ᠦᠵᠡᠮᠵᠢ ᠶᠢᠨ ᠤᠷᠤᠨ ᠢᠶᠠᠨ ᠨᠡᠩ  ᠦᠵᠡᠰᠬᠦᠯᠡᠩᠳᠤ  ᠰᠠᠶᠢᠬᠠᠨ  ᠪᠤᠯᠭᠠᠨ‌‍ᠪᠦ᠋ᠳᠦᠬᠡᠨ ᠪᠠᠶᠢᠭᠤᠯᠬᠤ ᠠᠷᠢᠭᠤᠨ ᠳᠠᠷᠬᠠᠨ ᠡᠭᠦᠷᠭᠡ ᠶᠢ ᠡᠬᠦᠷᠬᠡᠯᠡᠨ ᠬᠠᠮᠳᠤ ᠪᠠᠷ ᠢᠶᠠᠨ ᠪᠦᠯᠬᠦᠮᠳᠡᠨ ᠲᠠᠮᠡᠴᠡᠵᠤ᠂  ᠬᠦᠬᠡ  ᠲᠩᠷᠢ ᠬᠦᠬᠡᠮᠳᠦᠭ ᠠᠭᠤᠯᠠ ᠴᠡᠩᠬᠡᠭ ᠤᠰᠤ ᠴᠡᠪᠡᠷ ᠠᠭᠠᠷ ᠲᠠᠢ ᠥᠪᠥᠷ ᠮᠣᠩᠭᠤᠯ ᠢᠶᠠᠨ ᠨᠡᠩ  ᠦᠵᠡᠰᠬᠦᠯᠡᠩᠳᠤ  ᠰᠠᠶᠢᠬᠠᠨ  ᠪᠤᠯᠭᠠᠨ ᠪᠦᠳᠦᠬᠡᠨ ᠪᠠᠶᠢᠭᠤᠯᠰᠤᠭᠠᠢ᠃
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号