ᠨᠠᠮᠤᠷ
ᠨᠡᠶᠢᠲᠡᠯᠡᠭᠰᠡᠨ ᠴᠠᠭ᠄
2020/9/10
                ᠨᠠᠮᠤᠷ                    ᠵᠣᠬᠢᠶᠠᠭᠴᠢ᠄  ᠠᠯᠳᠠᠨᠭᠠᠷᠣᠳᠢ     ᠨᠠᠪᠴᠢᠰ ᠰᠢᠷᠠᠯᠠᠬᠤ ᠠᠯᠳᠠᠨ ᠨᠠᠮᠣᠷ     ᠨᠠᠷᠠᠨ ᠰᠠᠴᠣᠷᠠᠬᠤ ᠣᠶᠠᠬᠠᠨ ᠨᠠᠮᠣᠷ     ᠰᠠᠭᠠᠯᠢ ᠡᠯᠪᠡᠭ ᠪᠠᠶᠠᠨ ᠨᠠᠮᠣᠷ     ᠰᠠᠷᠠ ᠲᠣᠯᠠᠶᠢᠬᠤ ᠲᠡᠷᠭᠡᠯ ᠨᠠᠮᠣᠷ     ᠮᠠᠯ ᠲᠠᠷᠭᠤᠯᠠᠭᠰᠠᠨ ᠲᠣᠰᠣᠨ ᠨᠠᠮᠣᠷ     ᠮᠠᠨᠠᠨ ᠲᠠᠲᠠᠭᠰᠠᠨ ᠭᠤᠶᠣᠬᠠᠨ ᠨᠠᠮᠣᠷ     ᠠᠳᠣᠭᠤ ᠰᠠᠶᠢᠳᠠᠢ ᠰᠢᠯᠢ ᠶᠢᠨ ᠨᠠᠮᠣᠷ     ᠠᠳᠠᠭ᠎ᠠ ᠮᠠᠭᠤᠳᠠᠢ ᠰᠢᠯᠦᠭ ᠤᠨ ᠨᠠᠮᠣᠷ     ᠭᠤᠭᠤᠳ ᠰᠡᠩᠭᠢᠨᠡᠮ᠎ᠡ ᠬᠠᠳᠣᠯᠠᠩ ᠤᠨ ᠨᠠᠮᠣᠷ     ᠭᠤᠣᠯ ᠵᠢᠩᠭᠢᠨᠡᠮ᠎ᠠ ᠣᠷᠴᠢᠯᠠᠩ ᠤᠨ ᠨᠠᠮᠣᠷ     ᠭᠠᠯᠠᠭᠤᠳ ᠴᠣᠪᠣᠭᠰᠠᠨ ︽ᠡᠮᠧ ᠶᠢᠨ ᠨᠠᠮᠣᠷ︾     ᠭᠠᠵᠠᠷ ᠲᠤ ᠦᠭᠭᠦᠭᠰᠡᠨ ᠰᠧᠮ᠎ᠡ ᠶᠢᠨ ᠨᠠᠮᠣᠷ     ᠬᠤᠷᠮᠣᠰᠳᠠ ᠶᠢᠨ ᠣᠳᠣᠳ ᠤᠨ ᠭᠤᠷᠪᠠᠯᠵᠢᠨ ᠨᠠᠮᠣᠷ     ᠬᠤᠷᠣᠳ ᠲᠠᠢ ᠠᠶᠢᠯ ᠤᠨ ᠲᠦᠷᠪᠡᠯᠵᠢᠨ ᠨᠠᠮᠣᠷ     ᠮᠣᠷᠢᠨ ᠬᠤᠭᠤᠷ ᠤᠨ ᠰᠢᠭᠤᠷᠭᠠᠨᠳᠦ ᠨᠠᠮᠣᠷ     ᠮᠣᠩᠭᠤᠯ ᠭᠠᠵᠠᠷ ᠤᠨ ᠰᠢᠪᠠᠭᠤᠳᠦ ᠨᠠᠮᠣᠷ     ᠣᠶᠠᠷᠠᠬᠤ ᠳᠤ ᠨᠠᠪᠴᠢᠰ ᠨᠢ ᠣᠨᠠᠳᠠᠭ ᠨᠠᠮᠣᠷ     ᠠᠭᠤᠵᠢᠷᠠᠬᠤ ᠳᠤ ᠲᠡᠭᠷᠢ ᠨᠢ ᠣᠷᠭᠤᠳᠠᠭ ᠨᠠᠮᠣᠷ     ᠲᠠᠭᠤᠯᠠᠬᠤ ᠳᠤ ᠠᠭᠤᠯᠠᠰ ᠨᠢ ᠴᠢᠩᠨᠠᠳᠠᠭ ᠨᠠᠮᠣᠷ     ᠲᠣᠷᠠᠯᠠᠬᠤ ᠳᠤ ᠠᠯᠢᠮ᠎ᠠ ᠨᠢ ᠱᠠᠩᠨᠠᠳᠠᠭ ᠨᠠᠮᠣᠷ     ᠣᠰᠣ ᠡᠷᠭᠢᠮᠯᠡᠳᠡᠭ ᠪᠠᠭᠤᠴᠠ ᠨᠠᠮᠣᠷ     ᠣᠳᠠᠰᠣ ᠢᠷᠡᠳᠡᠭ ᠨᠢᠭᠤᠴᠠ ᠨᠠᠮᠣᠷ     ᠴᠡᠩᠭᠡᠷ ᠲᠡᠷᠯᠢᠭ ᠲᠠᠢ ᠡᠭᠦᠯᠡᠨ ᠲᠠᠭᠢᠨᠢ     ᠴᠢ ᠮᠢᠨᠦ ᠬᠤᠩᠭᠤᠷ ᠨᠠᠮᠣᠷ ᠡ︕
 
ᠢᠷᠡᠯᠲᠡ᠄ ᠣᠷᠳᠣᠰ ᠤᠨ ᠮᠣᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号