ᠤᠳᠤᠮ ᠵᠠᠯᠭᠠᠭᠰᠠᠨ ᠬᠢᠯᠭᠠᠰᠤᠨ ᠤᠷᠠᠴᠢᠨ
ᠨᠡᠶᠢᠲᠡᠯᠡᠭᠰᠡᠨ ᠴᠠᠭ᠄
2020/7/29
       — ᠤᠷᠤᠨ ᠤ ᠲᠡᠰ ᠤᠨ ᠬᠢᠯᠭᠠᠰᠤᠨ ᠡᠳ᠋ᠯᠡᠯ ᠤᠨ ᠪᠤᠳᠠᠰ ᠤᠨ ᠪᠤᠰᠤ ᠰᠤᠶᠤᠯ ᠤᠨ ᠥᠪ ᠤᠨ ᠤᠯᠠᠮᠵᠢᠯᠠᠭᠴᠢ ᠠᠯᠳᠠᠨᠴᠡᠴᠡᠭ ᠢ ᠲᠡᠮᠳᠡᠭᠯᠡᠪᠡ                                   ᠰᠢᠯᠤᠭᠤᠨ ᠬᠦᠬᠡ ᠬᠤᠰᠢᠭᠤᠨ ᠤ ᠰᠠᠩ ᠤᠨ ᠲᠠᠯᠠᠢ ᠪᠠᠯᠭᠠᠰᠤᠨ ᠤ ᠲᠠᠪᠤᠨ ᠤᠳᠤ ᠭᠠᠴᠠᠭᠠᠨ ᠤ ᠤᠤᠭᠠᠯ᠂ ᠲᠠᠯᠠᠨ ᠨᠠᠰᠤᠨ ᠤ ᠲᠠᠪᠠᠭ᠎ᠠ ᠶᠢ ᠲᠠᠪᠠᠵᠤ ᠪᠠᠶᠢᠭ᠎ᠠ ᠪᠠᠶᠠᠳ ᠠᠯᠳᠠᠨᠴᠡᠴᠡᠭ ᠪᠤᠯ ᠤᠳᠤᠮ ᠵᠠᠯᠭᠠᠭᠰᠠᠨ ᠬᠢᠯᠭᠠᠰᠤᠨ ᠤᠷᠠᠴᠢᠨ ᠪᠦᠬᠡᠳ ᠡᠨᠡᠬᠦ ᠰᠤᠳᠤᠨ ᠰᠠᠶᠢᠬᠠᠨ ᠵᠦᠢᠯᠡᠰ ᠢᠶᠠᠨ ᠤᠯᠠᠮᠵᠢᠯᠠᠨ ᠪᠠᠳᠠᠷᠠᠭᠤᠯᠵᠤ᠂ ᠤᠷᠠᠯᠢᠭ ᠤᠨ ᠰᠠᠶᠢᠬᠠᠨ ᠢ ᠦᠢᠯᠡᠰ ᠪᠤᠯᠭᠠᠨ ᠬᠦᠭᠵᠢᠬᠦᠯᠵᠦ ᠶᠠᠪᠤᠭ᠎ᠠ ᠬᠦᠮᠦᠰ ᠤᠨ ᠨᠢᠬᠡ ᠪᠤᠯᠤᠨ᠎ᠠ᠃ ᠲᠡᠷᠡᠪᠡᠷ ᠰᠢᠯᠤᠭᠤᠨ ᠬᠦᠬᠡ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭᠠᠨ ᠤ ᠠᠷᠠᠳ ᠤᠨ ᠤᠷᠠᠯᠢᠭᠴᠢᠳ ᠤᠨ ᠨᠡᠶᠢᠬᠡᠮᠯᠢᠭ ᠤᠨ ᠦᠨᠳᠦᠰᠦᠳᠡᠨ ᠤ ᠭᠠᠷ ᠤᠷᠠᠯᠢᠭᠴᠢᠳ ᠤᠨ ᠵᠦᠪᠯᠡᠯ ᠤᠨ ᠬᠡᠰᠢᠬᠦᠨ᠂ ᠦᠪᠡᠷᠳᠡᠬᠡᠨ ᠵᠠᠰᠠᠬᠤ ᠤᠷᠤᠨ ᠤ ᠲᠡᠰ ᠤᠨ ᠬᠢᠯᠭᠠᠰᠤᠨ ᠡᠳ᠋ᠯᠠᠯ ᠤᠨ ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠭᠴᠢ ᠪᠤᠯᠤᠨ᠎ᠠ᠃     ᠠᠯᠳᠠᠨᠴᠡᠴᠡᠭ ᠤᠨ ᠲᠡᠬᠡᠳᠦᠰ ᠨᠢ ᠦᠶ᠎ᠡ ᠵᠠᠯᠭᠠᠮᠵᠢᠯᠠᠭᠰᠠᠨ ᠶᠡᠭᠡ ᠭᠠᠷ ᠤᠷᠠᠨ ᠬᠦᠮᠦᠰ ᠪᠠᠶᠢᠵᠠᠢ᠃ ᠲᠡᠬᠦᠨ ᠤ ᠡᠵᠢ ᠨᠢ ᠬᠠᠷᠠᠬᠠᠨ ᠪᠠᠭ᠎ᠠ ᠠᠴᠠ ᠪᠠᠨ ᠡᠮᠡᠭᠡ ᠡᠵᠢ ᠶᠢ ᠨᠢ ᠲᠠᠭᠠᠵᠤ᠂ ᠠᠶᠢᠯ ᠡᠷᠦᠬᠡ ᠪᠠᠷ ᠲᠤᠭᠤᠷᠢᠨ ᠲᠡᠪᠡᠯ ᠭᠤᠳᠤᠯ ᠤᠶᠤᠬᠤ ᠦᠢᠯᠡ ᠤᠳᠠᠰᠤᠨ ᠤ ᠠᠵᠢᠯ ᠬᠢᠵᠦ᠂ ᠮᠤᠩᠭᠤᠯ ᠬᠡᠷ ᠤᠨ ᠪᠦᠷᠢᠶᠡᠰᠦ ᠤᠶᠤᠬᠤ᠂ ᠲᠡᠭᠡᠰᠤ ᠲᠡᠮᠤᠬᠤ ᠵᠡᠷᠬᠡ ᠮᠤᠩᠭᠤᠯ ᠦᠨᠳᠤᠰᠤᠳᠡᠨ ᠤ ᠨᠡᠬᠦᠳᠡᠯ ᠪᠠᠭᠤᠳᠠᠯ ᠳᠤ ᠵᠠᠷᠤᠵᠤ ᠬᠡᠷᠡᠭᠯᠡᠳᠡᠭ ᠪᠦᠬᠦ᠋ᠢᠯᠡ ᠬᠢᠯᠭᠠᠰᠤᠨ ᠤ ᠵᠦᠢᠯ ᠢ ᠪᠦᠬᠦᠨ ᠢ ᠬᠢᠵᠤ᠂ ᠠᠮᠢᠳᠤᠷᠠᠯ ᠢᠶᠠᠨ ᠠᠷᠭᠠᠴᠠᠭᠠᠵᠤ ᠪᠠᠶᠢᠵᠠᠢ᠃ ᠠᠯᠳᠡᠨᠴᠡᠴᠡᠭ ᠤᠨ ᠡᠵᠢ ᠨᠢ ᠮᠤᠩᠭᠤᠯ ᠭᠡᠷ ᠤᠨ ᠵᠦᠢᠯ ᠢ ᠤᠷᠠᠯᠠᠵᠦ ᠬᠢᠵᠤ ᠴᠢᠳᠠᠳᠠᠭ ᠤᠨᠴᠠ ᠤᠷᠠᠨ ᠬᠦᠮᠤᠨ ᠪᠠᠶᠢᠵᠡᠢ᠃ ᠡᠵᠢ ᠨᠢ ᠠᠯᠳᠡᠨᠴᠡᠴᠡᠭ ᠢ ᠨᠠᠢᠮᠠᠨ ᠨᠠᠰᠣᠳᠠᠢ ᠠᠴᠠ ᠨᠢ ᠬᠢᠯᠭᠠᠰᠤᠨ ᠤ ᠠᠵᠢᠯ ᠬᠢᠯᠭᠡᠵᠤ᠂ ᠡᠬᠢᠯᠡᠬᠡᠳ ᠬᠢᠯᠭᠠᠰᠦ ᠤᠷᠠᠬᠤ ᠠᠵᠢᠯ ᠬᠢᠯᠬᠡᠬᠦ ᠳᠤ ᠠᠯᠳᠡᠨᠴᠡᠴᠡᠭ ᠤᠬᠢᠯᠠᠵᠤ ᠲᠤᠷ᠎ᠠ ᠦᠬᠡᠢ ᠪᠠᠶᠢᠭᠰᠠᠨ ᠪᠤᠯᠪᠠᠴᠤ ᠲᠤᠬᠠᠢ ᠶᠢᠨ ᠦᠶ᠎ᠠ ᠶᠢᠨ ᠭᠡᠷ ᠤᠨ ᠰᠤᠷᠭᠠᠯ ᠴᠢᠩᠭ᠎ᠠ ᠠᠴᠠ ᠬᠡᠤᠬᠡᠳ ᠤᠨ ᠲᠡᠷᠡᠬᠦ ᠪᠠᠭ᠎ᠠ ᠰᠠᠭ᠎ᠠ ᠲᠤᠷ᠎ᠠ ᠦᠬᠡᠶᠢᠴᠡᠬᠦ ᠶᠢ ᠡᠵᠢ ᠨᠢ ᠰᠠᠨᠠᠭᠠᠨ ᠳᠤ ᠴᠤ ᠠᠪᠬᠤ ᠦᠬᠡᠢ ᠴᠢᠩᠭ᠎ᠠ ᠬᠠᠳᠠᠭᠤ ᠱᠠᠭᠠᠷᠳᠠᠨ ᠬᠢᠯᠭᠡᠭᠰᠡᠨ ᠠᠴᠠ ᠰᠡᠭᠦᠯ ᠳᠡᠭᠡᠨ ᠮᠠᠯ ᠤᠨ ᠬᠤᠷᠢᠶ᠎ᠡ ᠡᠭᠦᠳᠡᠨ ᠤ ᠤᠶᠠᠭ᠎ᠠ ᠶᠢ ᠲᠡᠮᠤᠬᠤ ᠪᠤᠯᠵᠤ᠂ ᠵᠠᠷᠤᠵᠤ ᠬᠡᠷᠡᠭᠯᠡᠳᠡᠭ ᠲᠡᠭᠡᠰᠤ ᠲᠠᠮᠤᠵᠦ ᠴᠢᠳᠠᠳᠠᠭ ᠪᠤᠯᠤᠭᠰᠠᠨ ᠠᠴᠠ ᠤᠯᠠᠮ ᠵᠤᠷᠢᠭᠵᠢᠵᠤ ᠢᠷᠡᠭᠰᠡᠨ ᠪᠠᠶᠢᠨ᠎ᠠ᠃ ᠰᠡᠬᠦᠯᠡᠷ ᠨᠢ ᠬᠤᠷᠠᠭ᠎ᠠ ᠪᠠᠨ ᠬᠦᠬᠦᠬᠦᠯᠵᠦ ᠪᠠᠶᠢᠭ᠎ᠠ ᠬᠤᠨᠢ ᠬᠤᠷᠠᠭ᠎ᠠ ᠶᠢᠨ ᠵᠢᠷᠤᠭ ᠲᠠᠢ ᠬᠢᠯᠭᠠᠰᠣᠨ ᠡᠳ᠋ᠯᠡᠯ ᠤᠷᠠᠯᠠᠵᠦ ᠤᠶᠤᠬᠤ ᠵᠠᠷᠬᠡ ᠨᠡᠯᠢᠶᠡᠳ ᠤᠷᠠᠨ ᠨᠠᠷᠢᠯᠢᠭ ᠬᠢᠯᠭᠠᠰᠤᠨ ᠤᠷᠠᠯᠠᠯ ᠤᠷᠠᠯᠠᠬᠤ ᠪᠤᠯᠵᠡᠢ᠃ ᠲᠠᠷᠠ ᠰᠤᠷᠭᠠᠭᠤᠯᠢ ᠰᠤᠶᠤᠯ ᠤᠨ ᠮᠦᠷ ᠢ ᠬᠦᠬᠡᠬᠡᠵᠦ ᠬᠡᠷ ᠠᠴᠠ ᠪᠠᠨ ᠬᠤᠯᠠ ᠰᠤᠷᠭᠠᠭᠤᠯᠢ ᠳᠤ ᠰᠢᠯᠵᠢᠨ ᠰᠤᠷᠤᠯᠴᠠᠬᠰᠡᠨ ᠪᠤᠯᠪᠠᠴᠤ ᠴᠢᠯᠤᠭᠡ ᠪᠠᠷ ᠬᠠᠷᠢᠵᠤ ᠢᠷᠡᠪᠡᠯ ᠨᠠᠰᠤᠳᠠᠳ ᠨᠢ ᠬᠢᠯᠭᠠᠰᠤᠨ ᠡᠳ᠋ᠯᠡᠯ ᠤᠶᠤᠬᠤ᠂ ᠬᠢᠯᠭᠠᠰᠤᠨ ᠲᠡᠭᠡᠰᠤ ᠲᠠᠮᠤᠬᠤ ᠵᠡᠷᠭᠡ ᠲᠠᠰᠬᠠᠯ ᠬᠢᠯᠬᠡᠵᠦ᠂ ᠰᠡᠭᠦᠯ ᠳᠤᠨᠢ ᠰᠤᠷᠭᠠᠭᠤᠯᠢ ᠪᠠᠨ ᠲᠡᠭᠦᠰᠴᠤ᠂ ᠠᠷᠤ ᠭᠡᠷ ᠲᠡᠭᠡᠨ ᠬᠠᠷᠢᠵᠤ ᠮᠠᠯᠴᠢᠨ ᠠᠮᠢᠳᠤᠷᠠᠯ ᠢᠶᠠᠨ ᠬᠢᠭᠰᠡᠨ ᠠᠴᠠ ᠦᠪᠡᠷ ᠤᠨ ᠠᠮᠢᠳᠤᠷᠠᠯ ᠦᠢᠯᠡᠳᠪᠤᠷᠢᠯᠡᠯ ᠤᠨ ᠬᠡᠷᠡᠭᠴᠡᠭᠡᠨ ᠠᠴᠠ ᠪᠠᠨ ᠪᠤᠯᠤᠭᠠᠳ ᠦᠨᠤᠳᠤᠷ ᠪᠤᠯᠳᠠᠯ᠎ᠠ ᠡᠨᠡᠬᠦ ᠠᠵᠢᠯ ᠢᠶᠠᠨ ᠬᠢᠭᠰᠡᠬᠡᠷ ᠢᠷᠡᠵᠠᠢ᠃     ᠠᠯᠳᠠᠨᠴᠡᠴᠡᠭ ᠬᠢᠯᠭᠠᠰᠤᠨ ᠰᠤᠶᠤᠯ ᠤᠨ ᠤᠯᠠᠮᠵᠢᠯᠠᠯᠳᠦ ᠰᠤᠶᠤᠯ ᠤᠨ ᠦᠪ ᠢᠶᠠᠨ ᠪᠠᠳᠠᠷᠠᠭᠤᠯᠬᠤ ᠶᠢᠨ ᠬᠠᠮᠳᠦ ᠴᠠᠭ ᠡᠷᠢᠨ ᠤ ᠬᠦᠭᠵᠢᠯᠳᠠ ᠳᠤ ᠵᠤᠬᠢᠴᠠᠭᠤᠯᠤᠨ ᠰᠢᠨ᠎ᠠ ᠶᠢ ᠡᠬᠦᠳᠦᠨ ᠰᠤᠷᠤᠬᠰᠠᠨ ᠲᠤᠬᠠᠢ ᠪᠠᠨ᠄ ︽ᠪᠢ ᠤᠯᠠᠨ ᠵᠢᠯ ᠬᠢᠯᠭᠠᠰᠤᠨ ᠡᠳ᠋ᠯᠡᠯ ᠬᠢᠬᠦ ᠶᠢᠨ ᠲᠤᠮᠳᠠ᠂ ᠨᠠᠰᠣᠳᠠᠶᠢᠴᠣᠳ ᠮᠢᠨᠢ ᠬᠢᠯᠭᠠᠰᠤᠨ ᠰᠤᠶᠤᠯ ᠢᠶᠠᠨ ᠬᠤᠶᠢᠴᠢ ᠦᠶ᠎ᠡ ᠳᠡᠭᠡᠨ ᠦᠨᠢ ᠮᠦᠩᠬᠡ ᠤᠯᠠᠮᠵᠢᠯᠠᠨ ᠵᠠᠯᠭᠠᠮᠵᠢᠯᠠᠭᠤᠯᠬᠤ ᠬᠡᠰᠡᠨ ᠠᠤᠭ᠎ᠠ ᠰᠠᠨᠠᠭ᠎ᠠ ᠠᠯᠤᠰ ᠤᠨ ᠪᠤᠳᠤᠯ ᠲᠠᠢ ᠪᠠᠶᠢᠬᠰᠡᠨ ᠢ ᠬᠤᠵᠢᠮ ᠨᠢ ᠰᠠᠶ᠋ᠢ ᠤᠶᠢᠯᠠᠭᠠᠵᠤ ᠮᠡᠳᠡᠭᠰᠡᠨ ᠶᠤᠮ᠂ ᠡᠶᠢᠮᠦ ᠠᠴᠠ ᠪᠢ ᠲᠡᠬᠡᠳᠤᠰ ᠠᠴᠠ ᠤᠯᠠᠮᠵᠢᠯᠠᠵᠦ ᠢᠷᠡᠭᠰᠡᠨ ᠬᠢᠯᠭᠠᠰᠤᠨ ᠰᠤᠶᠤᠯ ᠢᠶᠠᠨ ᠰᠤᠷᠴᠦ ᠰᠤᠳᠤᠯᠬᠤ ᠦᠬᠡᠢ ᠦᠪ ᠰᠤᠶᠤᠯ ᠢ ᠤᠯᠠᠮᠵᠢᠯᠠᠨ ᠵᠠᠯᠭᠠᠮᠵᠢᠯᠠᠬᠤ ᠦᠬᠡᠢ ᠪᠤᠯ ᠨᠠᠰᠤᠳᠠᠳ ᠲᠡᠭᠡᠳᠤᠰ ᠲᠡᠭᠡᠨ ᠤᠰᠤᠯᠳᠠᠨ᠎ᠠ︾ ᠬᠡᠵᠦ ᠦᠷᠬᠦᠯᠵᠢ ᠶᠠᠷᠢᠳᠠᠭ ᠪᠦᠬᠡᠳ ᠲᠡᠷᠡ ᠬᠢᠯᠭᠠᠰᠤᠨ ᠡᠳ᠋ᠯᠠᠯ ᠤᠨ ᠤᠯᠠᠮᠵᠢᠯᠠᠯᠳᠦ ᠴᠢᠨᠠᠷ ᠢ ᠬᠠᠳᠠᠭᠠᠯᠠᠬᠤ ᠶᠢᠨ ᠰᠠᠭᠤᠷᠢᠨ ᠲᠡᠬᠡᠷ᠎ᠠ ᠰᠢᠨᠠᠴᠢᠯᠡᠬᠦ ᠶᠢ ᠵᠤᠷᠢᠵᠦ ᠤᠯᠠᠨ ᠭᠠᠵᠡᠷ ᠢᠶᠠᠷ ᠶᠠᠪᠤᠵᠦ ᠪᠤᠯᠪᠠᠰᠤᠷᠠᠯ ᠪᠠ ᠲᠡᠯᠬᠡᠨ ᠦᠵᠡᠬᠦᠯᠬᠡ ᠳᠤ ᠤᠷᠤᠯᠴᠠᠵᠦ ᠦᠩᠬᠡᠷᠡᠵᠡᠢ᠃ ᠲᠡᠭᠡᠭᠡᠤᠠ ᠲᠠᠷᠠ ᠬᠡᠴᠢᠨᠡᠨ ᠵᠢᠯ ᠤᠨ ᠲᠤᠷᠰᠢ ᠲᠤᠩ ᠶᠡᠭᠡ ᠬᠦᠴᠦ ᠬᠦᠳᠡᠯᠮᠦᠷᠢ ᠵᠠᠷᠤᠴᠠᠭᠤᠯᠵᠦ ᠨᠠᠶᠢᠷᠠᠭᠤᠯᠤᠬᠰᠡᠨ ︽ᠮᠤᠩᠭᠤᠯᠴᠤᠳ ᠤᠨ ᠬᠢᠯᠭᠠᠰᠣᠨ ᠡᠳ᠋ᠯᠡᠯ︾ ᠬᠡᠬᠦ ᠨᠤᠮ ᠢᠶᠠᠨ 2018 ᠤᠨ ᠤ 3 ᠰᠠᠷ᠎ᠠ ᠳᠤ ᠬᠡᠪᠯᠠᠬᠦᠯᠵᠡᠢ᠃ ᠪᠠᠰᠠ ︽ᠮᠤᠩᠭᠤᠯ ᠠᠳᠤᠭᠤᠨ ᠤ ᠬᠢᠯᠭᠠᠰᠤᠨ ᠤ ᠤᠨᠴᠠᠭᠠᠢ ᠴᠢᠨᠠᠷ︾ ᠬᠡᠬᠦ ᠬᠢᠯᠭᠠᠰᠤᠨ ᠤ ᠪᠤᠷᠤᠭᠠᠨ ᠬᠤᠷ᠎ᠠ ᠴᠢᠬᠢᠭ ᠨᠦᠢᠳᠠᠨ ᠠᠴᠠ ᠠᠶᠤᠬᠤ ᠦᠬᠡᠢ ᠮᠦᠷᠳᠡᠬᠡᠨ ᠤᠯᠠᠮ ᠴᠢᠩᠭᠠᠷᠠᠳᠠᠭ ᠤᠨᠴᠠᠭᠠᠢ ᠴᠢᠨᠠᠷ᠂ ᠲᠠᠪᠠᠭᠤᠯᠢᠭ ᠤᠨᠴᠠᠯᠢᠭ ᠵᠡᠷᠬᠡ ᠶᠢ ᠨᠠᠷᠢᠨ ᠲᠤᠳᠤᠷᠬᠠᠶᠢᠯᠠᠬᠰᠡᠨ ᠦᠬᠦᠯᠡᠯ ᠢᠶᠠᠨ ᠪᠢᠴᠢᠵᠦ ᠨᠠᠶᠢᠳᠡᠯᠡᠬᠦᠯᠦᠭᠰᠡᠡ ᠪᠠ ︽ᠮᠤᠩᠭᠤᠯᠴᠣᠳ ᠤᠨ ᠠᠳᠣᠭᠤ ᠲᠡᠯᠯᠡᠬᠦ ᠵᠠᠩ ᠣᠶᠢᠯᠡ︾ ᠬᠡᠰᠡᠨ ᠦᠬᠦᠯᠡᠯ ᠢᠶᠠᠨ ᠪᠢᠴᠢᠵᠦ ᠨᠡᠶᠢᠳᠡᠯᠡᠬᠦᠯᠦᠭᠰᠡᠡ ᠪᠠᠶᠢᠳᠠᠭ᠃ 2019 ᠤᠨ ᠤ 11 ᠰᠠᠷ᠎ᠠ ᠳᠤ᠂ ᠰᠢᠯᠢ ᠶᠢᠨ ᠭᠤᠤᠯ ᠠᠵᠢᠯ ᠮᠡᠷᠬᠡᠵᠢᠯ ᠤᠨ ᠳᠡᠭᠡᠳᠤ ᠰᠣᠷᠭᠠᠭᠤᠯᠢ ᠳᠤ ᠪᠤᠯᠤᠭᠰᠠᠨ ᠨᠤᠮ ᠪᠢᠴᠢᠭ ᠤᠨ ᠲᠤᠬᠠᠢ ᠲᠡᠶᠢᠯᠤᠮᠵᠢ ᠶᠢᠨ ᠬᠤᠷᠠᠯ ᠲᠡᠬᠡᠷ᠎ᠠ᠂ ᠡᠷᠳᠡᠮᠳᠡᠳ ᠰᠤᠳᠤᠯᠭᠠᠳᠡᠳ ᠵᠢᠴᠢ ᠦᠪᠤᠷ ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠬᠡᠵᠢᠯ ᠤᠨ ᠬᠡᠪᠯᠡᠯ ᠤᠨ ᠬᠤᠷᠢᠶᠠᠨ ᠤ ᠨᠠᠶᠢᠷᠠᠭᠤᠯᠤᠬᠴᠢᠳ ᠠᠴᠠ᠄ ︽ᠡᠨᠡᠬᠦ ︿ᠮᠤᠩᠭᠤᠯᠴᠣᠳ ᠤᠨ ᠬᠢᠯᠭᠠᠰᠤᠨ ᠡᠳ᠋ᠯᠡᠯ﹀ ᠬᠡᠬᠦ ᠨᠤᠮ ᠨᠢ ᠶᠡᠷᠤ ᠠᠴᠠ ᠬᠢᠯᠭᠠᠰᠤᠨ ᠤ ᠲᠣᠬᠠᠢ ᠨᠤᠮ ᠪᠠᠶᠢᠬᠤ ᠦᠬᠡᠢ ᠬᠤᠭᠤᠰᠤᠨ ᠢ ᠨᠦᠬᠦᠪᠤᠷᠢᠯᠡᠪᠡ︾ ᠬᠡᠵᠤ ᠦᠨᠡᠯᠡᠭᠰᠡᠨ ᠪᠠᠶᠢᠨ᠎ᠠ᠃     ᠠᠯᠳᠡᠨᠴᠡᠴᠡᠭ ᠤᠳᠦ ᠰᠢᠯᠣᠭᠤᠨ ᠬᠦᠬᠡ ᠬᠤᠰᠢᠭᠤᠨ ᠤ ᠲᠦᠪ ᠱᠠᠩᠳᠦ ᠪᠠᠯᠭᠠᠰᠤᠨ ᠳᠤ ︽ᠬᠢᠯᠭᠠᠰᠤᠨ ᠣᠷᠠᠯᠠᠯ ᠤᠨ ᠦᠷᠬᠦᠬᠡ︾ ᠪᠠᠶᠢᠭᠤᠯᠤᠨ ᠡᠷᠬᠢᠯᠡᠵᠦ ᠪᠠᠶᠢᠬᠤ ᠪᠦᠬᠡᠳ ︽ᠬᠢᠯᠭᠠᠰᠤᠨ ᠤᠷᠠᠯᠠᠯ ᠤᠨ ᠰᠦᠯᠵᠢᠶ᠎ᠠ ᠬᠤᠯᠪᠤᠭ᠎ᠠ︾ ᠪᠠᠶᠢᠭᠤᠯᠵᠤ᠂ ᠬᠤᠯᠪᠤᠭᠠᠨ ᠲᠡᠬᠡᠷ᠎ᠠ ᠪᠠᠨ ᠬᠢᠯᠭᠠᠰᠤᠨ ᠤᠷᠠᠯᠠᠯ ᠳᠤ ᠲᠤᠷ᠎ᠠ ᠪᠠᠭ᠋ᠠᠳᠡᠢ ᠬᠦᠮᠤᠰ ᠪᠤᠯᠤᠨ ᠵᠠᠯᠠᠭᠤᠴᠤᠳ ᠪᠠᠭᠠᠴᠤᠳ ᠲᠠᠭᠠᠨ ᠬᠢᠯᠭᠠᠰᠤᠨ ᠲᠡᠬᠡᠰᠤ ᠲᠠᠮᠤᠬᠤ ᠪᠠ ᠢᠰᠡᠬᠡᠢ ᠤᠷᠠᠯᠠᠯ ᠤᠨ ᠲᠤᠬᠠᠢ ᠵᠢᠭᠠᠨ ᠵᠢᠯᠤᠭᠤᠳᠤᠯᠭ᠎ᠠ ᠬᠢᠵᠦ ᠪᠤᠢ᠃ ᠲᠡᠬᠦᠨ ᠤ ᠤᠷᠠᠯᠠᠵᠦ ᠤᠶᠤᠬᠰᠡᠨ᠂ ᠲᠠᠮᠤᠵᠦ ᠬᠦᠷᠤᠭ᠍ᠰᠡᠨ ᠬᠢᠯᠭᠠᠰᠤᠨ ᠡᠳ᠋ᠯᠠᠯ ᠨᠢᠬᠡᠪᠤᠷᠢ ᠳᠤᠨᠢ ᠬᠠᠶᠢᠷ᠎ᠠ ᠰᠡᠳᠬᠢᠯᠬᠡ᠂ ᠤᠶᠤᠨ ᠬᠦᠳᠠᠯᠮᠤᠷᠢ ᠰᠢᠩᠬᠡᠭᠰᠡᠨ ᠠᠴᠠ ᠤᠯᠠᠮᠵᠢᠯᠠᠯᠳᠦ ᠬᠢᠯᠭᠠᠰᠤᠨ ᠡᠳ᠋ᠯᠡᠯ ᠬᠡᠷᠡᠭᠯᠡᠭᠴᠢᠳ ᠲᠤ ᠲᠤᠩ ᠲᠠᠭᠠᠰᠢᠶᠠᠬᠳᠠᠳᠠᠭ ᠪᠢᠯᠠ᠃ ᠲᠡᠷᠠ 2018 ᠤᠨ ᠤ 12 ᠰᠠᠷ᠎ᠠ ᠳᠤ᠂ ︽ᠬᠢᠯᠭᠠᠰᠤᠨ ᠣᠷᠠᠯᠠᠯ ᠤᠨ ᠦᠷᠬᠦᠬᠡ︾ ᠳᠡᠭᠡᠨ ᠰᠦᠢᠳᠬᠡᠯ ᠬᠤᠷᠢᠶᠠᠬᠤ ᠦᠬᠡᠢ ᠪᠠᠷ ᠬᠢᠯᠭᠠᠰᠤ ᠢᠰᠡᠬᠡᠢ ᠤᠷᠠᠯᠠᠯ ᠤᠨ ᠪᠤᠯᠪᠠᠰᠣᠷᠠᠯ ᠡᠷᠬᠢᠯᠡᠵᠦ᠂ ᠬᠢᠯᠭᠠᠰᠤᠨ ᠲᠡᠬᠡᠰᠣ ᠲᠠᠮᠤᠬᠤ ᠪᠠ ᠢᠰᠡᠬᠡᠢ ᠲᠡᠬᠡᠷ᠎ᠠ ᠤᠭᠠᠯᠵᠠ ᠰᠢᠷᠢᠬᠦ᠂ ᠰᠢᠪᠡᠮᠡᠯ ᠬᠤᠸᠠᠷ ᠤᠶᠤᠬᠤ ᠵᠡᠷᠬᠡ ᠮᠡᠷᠬᠡᠵᠢᠯ ᠢ ᠤᠯᠠᠮᠵᠢᠯᠡᠨ ᠰᠤᠷᠭᠠᠵᠦ᠂ ᠬᠢᠯᠭᠠᠰᠤᠨ ᠤᠷᠠᠯᠠᠯ ᠳᠤ ᠲᠤᠷ᠎ᠠ ᠪᠠᠭ᠋ᠠᠳᠡᠢ ᠪᠤᠯᠪᠠᠰᠤᠷᠠᠯ ᠳᠤ ᠤᠷᠤᠯᠴᠠᠬᠰᠡᠨ 25 ᠬᠦᠮᠤᠨ ᠲᠡᠬᠦᠨ ᠤ ᠵᠣᠷᠢᠭᠵᠢᠭᠤᠯᠣᠯ ᠢᠶᠠᠷ ᠭᠤᠷᠪᠠᠨ ᠡᠳᠤᠷ ᠤᠨ ᠰᠤᠷᠤᠯᠴᠠᠯᠭ᠎ᠠ ᠶᠢᠨ ᠬᠤᠭᠤᠴᠠᠭᠠᠨ ᠳᠤ ᠤᠷᠠᠯᠠᠵᠦ ᠤᠶᠤᠵᠦ ᠪᠦᠳᠤᠬᠡᠭᠰᠡᠨ ᠰᠢᠷᠡᠬᠡᠨ ᠤ ᠲᠡᠪᠢᠰᠬᠡᠷ᠂ ᠢᠰᠡᠬᠡᠢ ᠲᠡᠬᠡᠷ᠎ᠠ ᠰᠢᠪᠡᠮᠡᠯ ᠵᠡᠬᠦᠣ ᠪᠠᠷ ᠤᠶᠣᠭᠰᠠᠨ ᠴᠡᠴᠡᠭ ᠬᠤᠸᠠᠷ᠂ ᠪᠢᠷ ᠤᠨ ᠰᠠᠪᠠ᠂ ᠱᠠᠭ᠎ᠠ ᠶᠢᠨ ᠤᠭᠤᠳᠠ᠂ ᠬᠢᠯᠭᠠᠰᠤᠨ ᠲᠡᠬᠡᠰᠤ᠂ ᠮᠤᠩᠭᠤᠯ ᠬᠡᠷ ᠤᠨ ᠪᠦᠰᠡᠯᠡᠬᠦᠷ ᠵᠡᠷᠬᠡ 40 ᠭᠠᠷᠤᠢ ᠪᠦᠳᠦᠬᠡᠭᠳᠡᠬᠦᠨ ᠢᠶᠠᠨ  ᠦᠨ᠎ᠡ ᠲᠦᠯᠤᠪᠤᠷᠢ ᠦᠬᠡᠢ ᠪᠡᠯᠡᠭᠯᠡᠨ ᠬᠦᠷᠬᠡᠵᠡᠢ᠃     ᠲᠠᠷᠠ ᠬᠢᠯᠭᠠᠰᠤᠨ ᠰᠤᠶᠤᠯ ᠢᠶᠠᠨ ᠲᠡᠬᠡᠳᠤᠯᠡᠵᠦ ᠶᠠᠪᠤᠬᠤ ᠪᠠᠷ ᠪᠠᠷᠠᠬᠤ ᠦᠬᠡᠢ ᠪᠠᠰᠠ ᠢᠰᠡᠬᠡᠢ ᠤᠷᠠᠯᠠᠯ ᠤᠨ ᠪᠤᠯᠪᠠᠰᠣᠷᠠᠯ ᠵᠠᠷᠬᠡ ᠳᠤ ᠤᠷᠤᠯᠴᠠᠵᠦ᠂ ᠢᠰᠡᠬᠡᠢ ᠤᠷᠠᠯᠠᠯ᠂ ᠱᠠᠭ᠎ᠠ ᠶᠢᠨ ᠰᠤᠶᠤᠯ᠂ ᠦᠨᠳᠤᠰᠤᠳᠠᠨ ᠤ ᠤᠨᠴᠠᠯᠢᠬᠳᠦ ᠪᠤᠷᠭᠠᠰᠤᠨ ᠰᠠᠬᠰᠦ ᠬᠦᠷᠤᠬᠦ ᠵᠡᠷᠭᠡ ᠤᠯᠠᠨ ᠵᠦᠢᠯ ᠤᠨ ᠦᠨᠳᠤᠰᠤᠳᠠᠨ ᠤ ᠤᠨᠴᠠᠯᠢᠬᠳᠦ ᠰᠤᠶᠤᠯ ᠤᠷᠠᠯᠢᠭ ᠤᠨ ᠵᠦᠢᠯᠡᠰ ᠢ ᠰᠤᠷᠴᠦ ᠰᠤᠳᠤᠯᠤᠨ ᠬᠢᠵᠦ ᠪᠤᠢ᠃ ᠠᠯᠳᠠᠨᠴᠡᠴᠡᠭ ᠰᠢᠯᠤᠭᠤᠨ ᠬᠦᠬᠡ ᠬᠤᠰᠢᠭᠤᠨ ᠤ ᠪᠠᠨ ᠮᠣᠩᠭᠤᠯ ᠬᠡᠤᠬᠡᠳ ᠤᠨ ᠴᠡᠴᠡᠷᠯᠢᠭ ᠲᠤ ᠱᠠᠭ᠎ᠠ ᠲᠤᠬᠯᠠᠭᠠᠮ ᠪᠠ ᠱᠠᠭ᠎ᠠ ᠲᠤᠭᠯᠠᠭᠠᠮ ᠤᠨ ᠲᠡᠪᠢᠰᠬᠡᠷ᠂ ᠱᠠᠭ᠎ᠠ ᠶᠢᠨ ᠤᠭᠤᠳᠠ ᠶᠢ ᠤᠶᠤᠵᠤ ᠤᠷᠠᠯᠠᠬᠤ ᠬᠢᠴᠢᠶᠡᠯ ᠣᠷᠣᠵᠣ᠂ ᠬᠠᠨᠠᠨ ᠲᠡᠬᠡᠷ᠎ᠠ ᠡᠯᠬᠦᠬᠦ ᠢᠰᠡᠬᠡᠢ ᠲᠡᠬᠡᠷ᠎ᠠ ᠡᠷᠳᠡᠨ ᠤ ᠣᠯᠠᠨ ᠶᠠᠩᠵᠣ ᠶᠢᠨ ᠬᠡ ᠤᠭᠠᠯᠵᠠ ᠶᠢ ᠵᠢᠷᠤᠵᠤ ᠪᠡᠯᠡᠭᠯᠡᠭᠰᠡᠨ ᠶᠤᠮ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号