ᠰᠤᠷ ᠡᠳ᠋ᠯᠡᠯ ᠢ ᠱᠤᠮᠲᠠᠢ ᠬᠢᠳᠡᠭ ᠮᠠᠯᠴᠢᠨ ᠰᠡᠴᠡᠨᠪᠢᠯᠢᠭ
ᠨᠡᠶᠢᠲᠡᠯᠡᠭᠰᠡᠨ ᠴᠠᠭ᠄
2020/7/1
    ᠬᠠᠷ᠎ᠠ ᠪᠠᠭ᠎ᠠ ᠠᠴᠠ ᠪᠠᠨ ᠠᠲᠤᠭᠤ ᠲᠡᠮᠡᠭᠡ ᠬᠠᠷᠢᠭᠤᠯᠬᠤ ᠵᠡᠷᠭᠡ ᠬᠦᠲᠡᠭᠡ ᠨᠤᠲᠤᠭ ᠤᠨ ᠬᠠᠷ᠎ᠠ ᠪᠤᠷᠤ ᠠᠵᠢᠯ ᠳᠤ ᠬᠦᠯ ᠬᠤᠶᠢᠰᠢ ᠦᠭᠡᠢ ᠵᠢᠳᠬᠦᠵᠥ ᠢᠷᠡᠭᠰᠡᠨ ᠰᠡᠴᠡᠨᠪᠢᠯᠢᠭ ᠬᠦᠪᠡᠭᠡᠲᠤ ᠰᠢᠷ᠎ᠠ ᠬᠤᠰᠢᠭᠤᠨ ᠤ ᠤᠩᠭᠤᠬᠠᠭᠤᠯᠠ ᠰᠤᠮᠤ ᠶᠢᠨ ᠪᠦᠷᠢᠲᠤᠨᠠᠭᠤᠷ ᠭᠠᠴᠠᠭ᠎ᠠ ᠪᠠᠷ ᠨᠤᠲᠤᠭ ᠲᠠᠢ᠃ ᠨᠠᠰᠤ ᠵᠢᠯ ᠨᠡᠮᠡᠭᠲᠡᠭᠡᠳ ᠵᠢᠷᠠ ᠠᠶᠠᠲᠠᠬᠤ ᠪᠠᠷ ᠬᠦᠨᠲᠤ ᠠᠵᠢᠯ ᠬᠢᠬᠦ ᠳᠤ ᠬᠦᠴᠢᠷ ᠪᠤᠯᠤᠭᠰᠠᠨ ᠲᠡᠷᠡ ᠮᠠᠨᠢ ᠬᠤᠶᠡᠷ ᠵᠢᠯ ᠤᠨ ᠡᠮᠤᠨ᠎ᠡ ᠮᠠᠯ ᠨᠤᠲᠤᠭ ᠲᠡᠭᠡᠷ᠎ᠡ ᠪᠠᠨ ᠬᠦᠯᠤᠰᠤᠨ ᠤ ᠬᠦᠮᠤᠨ ᠠᠪᠴᠤ᠂ ᠰᠢᠨᠠᠪᠤᠯᠠᠭ ᠪᠠᠯᠭᠠᠰᠤᠨ ᠳᠤ ᠠᠮᠠ ᠪᠦᠯᠢ ᠭᠤᠷᠪᠠᠭᠤᠯᠠ ᠰᠠᠭᠤᠷᠢᠰᠢᠨ ᠂ ᠬᠤᠲᠠ ᠬᠦᠲᠡᠭᠡ ᠶᠢᠨ ᠬᠤᠭᠤᠷᠤᠨᠲᠤ ᠶᠠᠪᠤᠵᠤ ᠰᠠᠭᠤᠬᠤ ᠪᠤᠯᠵᠡᠢ᠃     ᠰᠡᠴᠡᠨᠪᠢᠯᠢᠭ ᠶᠡᠷᠤ ᠠᠴᠠ ᠵᠦᠭᠡᠷ ᠰᠠᠭᠤᠵᠤ ᠴᠢᠲᠠᠲᠠᠭ ᠦᠭᠡᠢ ᠠᠵᠢᠯᠴᠢ ᠬᠦᠮᠤᠨ ᠪᠤᠯᠬᠤᠷ ᠦᠩᠭᠡᠷᠡᠬᠦ ᠵᠢᠯ ᠤᠨ 3 ᠰᠠᠷ᠎ᠠ ᠠᠴᠠ ᠡᠬᠢᠯᠡᠨ ᠡᠮᠡᠭᠡᠯ ᠬᠠᠵᠠᠭᠠᠷ ᠲᠦᠬᠦᠭᠡᠷᠴᠤ᠂ ᠰᠤᠷ ᠡᠳ᠋ᠯᠡᠯ ᠬᠢᠬᠦ ᠪᠤᠯᠪᠠ᠃ ᠶᠡᠷᠥᠨᠢ ᠡᠨᠡ ᠲᠠᠯ᠎ᠠ ᠪᠠᠷ ᠴᠥ ᠭᠠᠷ ᠲᠦᠢ ᠲᠠᠢ ᠪᠠᠶᠢᠵᠤ᠂ ᠤᠷᠴᠢᠮ ᠤᠨ ᠵᠢᠯ ᠠᠴᠠ ᠮᠤᠷᠢ ᠲᠡᠮᠡᠭᠡ ᠡᠳ᠋ᠯᠡᠬᠦ ᠬᠦᠮᠤᠰ ᠤᠯᠠᠰᠢᠷᠠᠬᠤ ᠶᠢ ᠲᠠᠭᠠᠯᠲᠤᠨ᠂ ᠬᠦᠲᠡᠭᠡ ᠨᠤᠲᠤᠭ ᠢᠶᠠᠷ ᠰᠤᠷ ᠡᠳ᠋ᠯᠠᠯ ᠬᠢᠯᠭᠡᠬᠦ ᠬᠦᠮᠤᠨ ᠵᠦᠩᠲᠡᠭᠡᠨ ᠤᠯᠠᠨ ᠪᠤᠯᠤᠭᠰᠠᠨ ᠪᠠᠶᠢᠲᠠᠭ᠃ ᠡᠨᠡ ᠪᠠᠶᠢᠲᠠᠯ ᠳᠤ ᠴᠢᠭᠯᠡᠬᠦᠯᠤᠨ ᠬᠦᠲᠡᠭᠡ ᠪᠠᠶᠢᠬᠤ ᠳᠠᠭᠠᠨ ᠠᠵᠢᠯ ᠤᠨ ᠵᠠᠪ ᠢᠶᠠᠷ ᠴᠢᠲᠤᠷ ᠨᠤᠭᠲᠤ ᠮᠤᠰᠬᠢᠵᠤ ᠵᠠᠩᠬᠢᠳᠬᠤ ᠠᠴᠠ ᠡᠮᠡᠭᠡᠯ ᠬᠠᠵᠠᠭᠠᠷ ᠲᠦᠬᠦᠭᠡᠷᠬᠦ᠂ ᠠᠷᠠᠰᠤ ᠰᠢᠷᠢ ᠢᠲᠡᠭᠡᠯᠡᠵᠤ ᠱᠠᠤᠯᠠᠨ ᠡᠯᠲᠡᠬᠦ ᠵᠡᠷᠭᠡ ᠰᠤᠷ ᠡᠳ᠋ᠯᠡᠯ ᠬᠡᠷᠡᠭᠰᠡᠯ ᠤᠨ ᠠᠵᠢᠯ ᠢ ᠪᠠᠭ᠎ᠠ ᠦᠭᠡᠢ ᠬᠢᠵᠥ ᠪᠠᠶᠢᠵᠠᠢ᠃ ᠨᠡᠩ ᠴᠤ ᠬᠤᠲᠠ ᠤᠷᠤᠭᠰᠠᠨ ᠤ ᠲᠠᠷᠠᠭ᠎ᠠ ᠬᠢᠲᠡᠯ ᠠᠯᠲᠠᠨ ᠵᠦᠭᠡᠷ ᠰᠠᠭᠤᠬᠤ ᠨᠢ ᠡᠲᠤᠷ ᠦᠩᠭᠡᠷᠡᠭᠡᠬᠦ ᠳᠤ ᠤᠢᠢᠳᠬᠠᠷ ᠲᠠᠢ ᠪᠠᠶᠢᠲᠠᠯ ᠲᠤᠤᠷ᠎ᠠ ᠰᠤᠷ ᠡᠳ᠋ᠯᠡᠯ ᠢᠶᠠᠨ ᠲᠡᠬᠢᠨᠲᠠ ᠡᠯᠬᠦᠨ ᠠᠪᠴᠠᠢ᠃ ᠢᠩᠭᠢᠭᠡᠳ ᠲᠡᠷᠡ ᠵᠡᠭᠡᠯᠢ ᠨᠢᠭᠤᠷᠯᠠᠭᠰᠠᠨ ᠴᠢᠬᠢᠨ ᠭᠡᠷ ᠲᠦᠷᠢᠶᠡᠰᠤᠯᠡᠵᠥ ᠂ ᠠᠵᠢᠯ ᠡᠬᠢᠯᠡᠬᠦᠯᠤᠭ᠍ᠰᠡᠨ ᠤᠬᠤᠷᠬᠠᠨ 10 ᠰᠠᠷ᠎ᠠ ᠶᠢᠨ ᠲᠤᠲᠤᠷ᠎ᠠ ᠤᠯᠠᠨ ᠵᠠᠬᠢᠶᠠᠯᠠᠭ᠎ᠠ ᠲᠤᠰᠴᠥ᠂ ᠰᠠᠷ᠎ᠠ ᠶᠢᠨ ᠴᠠᠪᠠᠷ ᠤᠷᠤᠯᠭ᠎ᠠ ᠨᠢ 3000 ᠲᠦᠬᠦᠷᠢᠭ ᠲᠤ ᠤᠢᠢᠷᠠᠲᠤᠭᠰᠠᠨ ᠨᠢ ᠤᠯᠠᠮ ᠵᠤᠷᠢᠭ ᠤᠷᠤᠭᠤᠯᠪᠠ᠃ ᠦᠩᠭᠡᠷᠡᠬᠦ ᠡᠪᠤᠯ ᠤᠨ ᠢᠲᠡᠰᠢᠨ ᠤ ᠦᠶ᠎ᠡ ᠪᠠᠷ 20 ᠭᠠᠷᠤᠢ ᠦᠬᠡᠷ ᠤᠨ ᠠᠷᠠᠰᠤ ᠠᠪᠴᠤ᠂ ᠢᠲᠡᠭᠡᠯᠡᠵᠤ ᠱᠠᠤᠯᠠᠭᠠᠳ ᠦᠯᠡᠮᠵᠢᠬᠡᠨ ᠪᠤᠷᠤ ᠮᠠᠲ᠋ᠧᠷᠢᠶᠠᠯ ᠪᠡᠯᠡᠳᠭᠡᠭᠰᠡᠨ ᠢᠶᠠᠷ ᠡᠨᠡ ᠵᠢᠯ ᠠᠵᠢᠯ ᠨᠢ ᠤᠯᠠᠮ ᠶᠠᠭᠠᠷᠠᠤ᠂ ᠠᠰᠢᠭ ᠤᠷᠤᠯᠭ᠎ᠠ ᠨᠢ ᠴᠥ ᠤᠯᠠᠮ ᠨᠡᠮᠡᠭᠲᠡᠵᠥ ᠪᠠᠶᠢᠯ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号