ᠣᠪᠣᠭ᠎ᠠ ᠪᠠᠨ ᠤᠴᠢᠷ ᠶᠣᠰᠣ ᠲᠠᠢ ᠰᠠᠶᠢᠬᠠᠨ ᠲᠠᠬᠢᠵᠠᠭᠠᠶ᠎ᠠ
ᠨᠡᠶᠢᠲᠡᠯᠡᠭᠰᠡᠨ ᠴᠠᠭ᠄
2020/6/28
    ᠮᠤᠩᠭᠤᠯᠴᠤᠳ ᠤᠨ ᠤᠪᠤᠭ᠎ᠠ ᠪᠤᠰᠬᠠᠵᠤ ᠲᠠᠬᠢᠯ ᠡᠷᠭᠦᠳᠡᠭ ᠵᠡᠩ ᠤᠶᠢᠯᠠ ᠬᠡᠳᠤᠨ ᠮᠢᠩᠭᠠᠨ ᠵᠢᠯ ᠤᠨ ᠲᠡᠤᠬᠡ  ᠲᠠᠢ᠃ ᠲᠡᠷᠡ ᠨᠢ ᠮᠤᠩᠭᠤᠯᠴᠤᠳ ᠮᠤᠳᠤ᠂ ᠴᠢᠯᠠᠭᠤ᠂ ᠪᠤᠷᠭᠠᠰᠤ᠂ ᠵᠦᠯᠬᠡ᠂ ᠰᠢᠷᠦᠢ ᠪᠠᠷ ᠤᠪᠤᠭ᠎ᠠ ᠪᠤᠰᠬᠠᠵᠤ᠂ ᠲᠡᠭᠷᠢ᠂ ᠭᠠᠵᠡᠷ᠂ ᠯᠤᠤᠰ᠂ ᠠᠭᠤᠯᠠ ᠤᠰᠤᠨ ᠤ ᠨᠠᠪᠳᠠᠭ ᠰᠠᠪᠳᠠᠭ ᠢ ᠰᠢᠳᠤᠨ ᠳᠠᠬᠢᠵᠤ᠂ ᠠᠭᠤᠯᠠ ᠬᠠᠶᠢᠷᠬᠠᠨ᠂ ᠤᠰᠤ ᠪᠤᠯᠠᠭ᠂ ᠡᠪᠠᠰᠤ ᠮᠤᠳᠤ᠂ ᠠᠮᠢᠲᠠᠨ ᠭᠤᠣᠯᠲᠠᠨ ᠢᠶᠠᠨ ᠬᠠᠶᠢᠷᠠᠯᠠᠨ ᠬᠠᠮᠠᠭᠠᠯᠠᠬᠤ ᠴᠢᠬᠤᠯᠠ ᠵᠠᠩ ᠦᠢᠯᠡ᠃ ᠮᠣᠩᠭᠤᠯᠴᠤᠳ ᠡᠨᠡ ᠵᠠᠩ ᠦᠢᠯᠡ ᠪᠠᠨ ᠥᠪᠯᠡᠵᠦ ᠤᠯᠠᠮᠵᠢᠯᠠᠭᠠᠳ ᠶᠠᠪᠤᠵᠤ ᠪᠠᠶᠢᠭ᠎ᠠ ᠪᠣᠯᠪᠠᠴᠤ ᠰᠡᠭᠦᠯ ᠤᠨ ᠦᠶ᠎ᠡ ᠳᠤ ᠳᠠᠬᠢᠯᠭ᠎ᠠ ᠶᠢᠨ ᠶᠣᠰᠣ ᠵᠠᠩᠰᠢᠯ ᠠᠯᠳᠠᠭᠳᠠᠵᠤ ᠪᠠᠶᠢᠭ᠎ᠠ ᠦᠵᠡᠭᠳᠡᠯ ᠭᠠᠷᠬᠤ ᠪᠣᠯᠵᠤ ᠪᠠᠶᠢᠨ᠎ᠠ᠃     ᠡᠷᠭᠦᠴᠡ ᠳᠡᠭᠡᠵᠢ ᠪᠠᠨ ᠡᠷᠭᠦᠬᠦ ᠪᠢᠰᠢ ᠰᠠᠴᠤᠵᠤ᠂ ᠪᠠᠷᠢᠯᠭ᠎ᠠ ᠪᠠᠷᠢᠴᠠ ᠪᠠᠨ ᠲᠠᠯᠪᠢᠬᠤ ᠪᠢᠰᠢ ᠬᠠᠶᠠᠯᠠᠵᠤ᠂ ᠰᠦ ᠂ ᠠᠷᠢᠬᠢ ᠪᠠᠨ ᠱᠠᠯᠪᠠᠭ ᠲᠣᠭᠲᠠᠲᠠᠯ᠎ᠠ ᠴᠢᠳᠬᠤᠵᠤ᠂ ᠯᠣᠩᠬᠤ ᠰᠠᠪᠠ ᠤᠭᠤᠲᠠ ᠵᠡᠷᠭᠡ ᠬᠤᠭ ᠨᠣᠪᠰᠢ ᠪᠠᠨ ᠳᠤᠷ᠎ᠠ ᠪᠠᠷ ᠢᠶᠠᠨ ᠬᠠᠶᠠᠵᠤ᠂ ᠬᠠᠮᠤᠭ ᠤᠨ ᠡᠷᠬᠢᠮ ᠳᠡᠭᠡᠳᠦ ᠠᠷᠢᠭᠤᠨ ᠣᠷᠣᠨ ᠢᠶᠠᠨ ᠬᠤᠭ ᠤᠨ ︽ᠣᠪᠣᠭ᠎ᠠ︾ ᠪᠣᠯᠭᠠᠵᠤ᠂ ᠲᠠᠬᠢᠭᠰᠠᠨ ᠦᠭᠡᠢ ᠲᠠᠯᠬᠢᠳᠠᠭᠰᠠᠨ ᠰᠢᠭ᠋᠂ ᠠᠷᠠᠢ ᠴᠦ ᠶᠤᠮ ᠳ᠋ᠠ ᠭᠡᠮᠡᠷ ᠰᠡᠳᠬᠢᠯ ᠲᠥᠷᠥᠭᠦᠯᠬᠦ ᠦᠢᠯᠡ ᠦᠵᠡᠭᠳᠡᠯ ᠤᠳ ᠭᠠᠷᠴᠤ ᠪᠠᠶᠢᠨ᠎ᠠ᠃ ᠪᠢᠳᠠ ᠡᠶᠢᠮᠦ ᠪᠠᠶᠢᠳᠠᠯ ᠭᠠᠷᠭᠠᠬᠤ ᠠᠴᠠ ᠲᠠᠰᠤ ᠲᠡᠪᠴᠢᠵᠦ᠂ ᠬᠥᠬᠡ ᠮᠥᠩᠭᠦᠨ ᠲᠡᠭᠷᠢ ᠬᠥᠷᠥᠰᠥᠲᠦ ᠠᠯᠲᠠᠨ ᠳᠡᠯᠡᠬᠡᠢ ᠲᠠᠢ ᠪᠠᠨ ᠬᠠᠷᠢᠴᠠᠳᠠᠭ ᠠᠷᠢᠭᠤᠨ ᠲᠠᠭᠰᠢᠨ ᠣᠷᠣᠨ ᠳᠠᠭᠠᠨ ᠵᠢᠩᠬᠢᠨᠢ ᠶᠣᠰᠣ ᠨᠣᠮ ᠵᠠᠩ ᠵᠠᠩᠰᠢᠯ ᠤᠨ ᠶᠣᠰᠣᠭᠠᠷ ᠲᠠᠬᠢᠯᠭ᠎ᠠ ᠦᠢᠯᠡᠳᠴᠦ ᠪᠠᠶᠢᠬᠤ ᠶᠢ ᠰᠠᠨᠠᠭᠤᠯᠵᠤ ᠪᠠᠶᠢᠨ᠎ᠠ᠃     ᠰᠠᠷᠠᠨᠭᠡᠷᠡᠯ ᠪᠠᠭᠰᠢ ︽ᠡᠵᠡᠳ ᠪᠣᠯ ᠬᠡᠢ ᠪᠡᠶᠡᠲᠦ᠂ ᠢᠳᠡᠭᠡᠨ ᠤᠮᠳᠠᠭᠠᠨ ᠤ ᠦᠨᠦᠷ ᠢᠶᠠᠷ ᠴᠠᠳᠳᠠᠭ᠂ ᠰᠡᠳᠬᠢᠯ ᠢᠶᠠᠨ ᠭᠦᠢᠴᠡᠭᠡᠵᠦ ᠰᠡᠷᠵᠢᠮ ᠳᠡᠭᠡᠵᠢ ᠪᠠᠨ ᠡᠷᠭᠦᠪᠡᠯ ᠪᠣᠯᠴᠢᠬᠠᠨ᠎ᠠ᠂ ᠴᠠᠳᠬᠠᠬᠤ ᠪᠤᠶᠤ ᠶᠠᠮᠠᠷ ᠨᠢᠭᠡᠨ ᠶᠠᠭᠤᠮ᠎ᠠ ᠳᠤᠲᠠᠭᠠᠳ ᠲᠡᠭᠦᠨ ᠢ ᠨᠢ ᠳᠦᠭᠦᠷᠲᠡᠯ᠎ᠡ ᠥᠭᠬᠦ ᠭᠡᠬᠦ‍ ᠰᠢᠭ ᠶᠠᠪᠤᠳᠠᠯ ᠪᠢᠰᠢ︾ ᠭᠡᠵᠤ ᠲᠠᠶᠢᠯᠪᠤᠷᠢᠯᠠᠵᠤ ᠪᠠᠶᠢᠨ᠎ᠠ᠃ ᠣᠪᠣᠭᠠᠨ ᠳᠠᠭᠠᠨ ᠰᠡᠷᠵᠢᠮ᠂ ᠳᠡᠭᠡᠵᠢ ᠪᠠᠨ ᠡᠷᠭᠦᠨ᠎ᠡ ᠭᠡᠳᠡᠭ ᠴᠢᠨᠢ ᠰᠠᠪᠠ ᠪᠠᠷ ᠨᠢ ᠴᠢᠳᠬᠤᠵᠤ᠂ ᠰᠠᠭᠰᠤ ᠪᠠᠷ ᠨᠢ ᠴᠢᠯᠠᠭᠤᠳᠠᠬᠤ ᠶᠠᠪᠤᠳᠠᠯ ᠪᠢᠰᠢ ᠶᠤᠮ᠃ ᠭᠡᠲᠡᠯ᠎ᠡ ᠮᠠᠨ ᠤ ᠵᠠᠷᠢᠮ ᠬᠥᠮᠥᠰ ᠣᠪᠣᠭᠠᠨ ᠤ ᠡᠵᠡᠳ᠂ ᠨᠤᠲᠤᠭ ᠤᠰᠤᠨ ᠤ ᠨᠠᠪᠳᠠᠭ ᠰᠠᠪᠳᠠᠭ ᠢ ᠴᠠᠳᠬᠠᠨ᠎ᠠ ᠭᠡᠵᠤ ᠪᠣᠳᠣᠳᠠᠭ ᠴᠦ ᠶᠤᠮ ᠪᠣᠯᠪᠠ ᠦᠦ︖ ᠥᠪᠡᠷ ᠤᠨ ᠪᠠᠶᠠᠨ ᠲᠠᠩᠰᠤᠭ ᠢᠶᠠᠨ ᠭᠠᠶᠢᠬᠠᠭᠤᠯᠤᠨ᠎ᠠ ᠭᠡᠳᠡᠭ ᠴᠦ ᠶᠤᠮ ᠪᠣᠯᠪᠠ ᠦᠦ︖ ᠣᠪᠣᠭᠠᠨ ᠳᠡᠭᠡᠷ᠎ᠡ ᠪᠠᠨ ᠣᠪᠣᠭ᠎ᠠ ᠪᠣᠰᠬᠠᠲᠠᠯ᠎ᠠ ᠡᠳ᠋ ᠠᠭᠤᠷᠠᠰᠤᠨ ᠣᠪᠣᠭᠠᠯᠠᠵᠤ᠂ ᠲᠡᠭᠡᠭᠡᠳ ᠲᠡᠭᠦᠨ ᠤ ᠰᠠᠪᠠ ᠰᠠᠭᠤᠯᠭ᠎ᠠ ᠶᠢ ᠨᠢ ᠴᠦ ᠬᠠᠶᠠᠭᠠᠳ ᠶᠠᠪᠤᠳᠠᠭ ᠪᠠᠶᠢᠨ᠎ᠠ᠃     ᠣᠷᠴᠢᠯᠠᠩ ᠳᠡᠯᠡᠬᠡᠢ ᠶᠢ ᠪᠢᠳᠠ ᠣᠷᠣᠨ ᠭᠡᠷ ᠢᠶᠠᠨ ᠭᠡᠵᠤ ᠪᠣᠳᠣᠪᠠᠯ ᠣᠪᠣᠭ᠎ᠠ ᠮᠠᠨᠢ ᠪᠠᠷᠠᠭᠤᠨ ᠬᠤᠶᠢᠨ᠎ᠠ ᠳᠡᠭᠡᠷ᠎ᠡ ᠵᠠᠯᠠᠷᠠᠳᠠᠭ ᠪᠤᠷᠬᠠᠨ ᠲᠠᠷᠬᠠᠨ ᠰᠢᠲᠦᠭᠡᠨ ᠤ ᠭᠠᠵᠠᠷ ᠶᠤᠮ᠃ ᠪᠢᠳᠠ ᠭᠡᠷ ᠤᠨ ᠢᠶᠠᠨ ᠪᠤᠷᠬᠠᠨ ᠳᠠᠷᠬᠠᠨ ᠲᠠᠬᠢᠳᠠᠭ ᠭᠠᠵᠠᠷ ᠢᠶᠠᠨ ᠪᠤᠵᠠᠷ ᠪᠣᠯᠭᠠᠵᠤ᠂ ᠬᠤᠭ ᠤᠨ ᠭᠠᠵᠠᠷ ᠪᠣᠯᠭᠠᠵᠤ ᠪᠣᠯᠬᠤ ᠦᠭᠡᠢ ᠪᠢᠵᠡ ᠳ᠋ᠧ᠂ ᠲᠡᠶᠢᠮᠦ ᠶᠢᠨ ᠤᠴᠢᠷ ᠪᠢᠳᠠ ᠣᠪᠣᠭᠠᠨ ᠳᠡᠭᠡᠷ᠎ᠡ ᠪᠠᠨ ᠬᠤᠭ ᠨᠣᠪᠰᠢ ᠪᠠᠨ ᠬᠠᠮᠢᠶ᠎ᠠ ᠦᠭᠡᠢ ᠣᠷᠬᠢᠳᠠᠭ ᠲᠠᠭᠠᠨ ᠵᠣᠪᠠᠳᠠᠭ ᠪᠣᠯᠵᠤ᠂ ᠣᠪᠣᠭ᠎ᠠ ᠪᠠᠨ ᠴᠡᠪᠡᠷ ᠴᠡᠮᠴᠡᠭᠡᠷ ᠠᠷᠢᠭᠤᠨ ᠪᠠᠶᠢᠯᠭᠠᠵᠤ᠂ ᠮᠥᠨ ᠡᠭᠦᠨ ᠤ ᠳᠠᠭᠠᠤ ᠪᠠᠨ ᠥᠪᠡᠷ ᠤᠨ ᠣᠶᠣᠨ ᠤᠬᠠᠭᠠᠨ ᠤ ᠪᠠᠨ ᠳᠣᠲᠣᠷ᠎ᠠ ᠪᠠᠶᠢᠭ᠎ᠠ ᠶᠣᠰᠣ ᠵᠠᠩᠰᠢᠯ ᠤᠨ ᠪᠤᠰᠤ ︽ᠬᠤᠭ ᠨᠣᠪᠰᠢ︾ ᠪᠠᠨ ᠰᠠᠶᠢᠲᠤᠷ ᠴᠡᠪᠡᠷᠯᠡᠵᠦ ᠪᠠᠶᠢᠬᠤ ᠶᠢ ᠰᠠᠨᠠᠭᠤᠯᠵᠤ ᠪᠠᠶᠢᠨ᠎ᠠ᠃                 ᠰᠠᠷᠠᠨᠭᠡᠷᠡᠯ ᠪᠠᠭᠰᠢ ᠶᠢᠨ ᠲᠠᠨᠢᠯᠴᠠᠭᠤᠯᠭ᠎ᠠ     ᠲᠥᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠮᠣᠩᠭᠤᠯ ᠬᠡᠯᠡ ᠤᠳᠬ᠎ᠠ ᠵᠣᠬᠢᠶᠠᠯ ᠤᠨ ᠰᠠᠯᠪᠤᠷᠢ ᠶᠢᠨ ᠳ᠋ᠣᠺᠲ᠋ᠣᠷ ᠫᠷᠣᠹᠧᠰᠰᠣᠷ ᠰᠠᠷᠠᠨᠭᠡᠷᠡᠯ 1958 ᠣᠨ ᠤ 12 ᠳ᠋ᠤᠭᠠᠷ ᠰᠠᠷ᠎ᠠ ᠳᠤ ᠬᠥᠬᠡᠨᠠᠭᠤᠷ ᠮᠤᠵᠢ ᠶᠢᠨ ᠬᠠᠶᠢᠰᠢ ᠶᠢᠨ ᠮᠣᠩᠭᠤᠯ ᠲᠥᠪᠡᠳ ᠥᠪᠡᠷᠲᠡᠭᠡᠨ ᠵᠠᠰᠠᠬᠤ ᠵᠧᠦ ᠶᠢᠨ ᠲᠥᠪ ᠳᠡᠯᠡᠬᠡᠢ ᠬᠤᠲᠠ ᠶᠢᠨ ᠣᠶᠢᠷᠠᠯᠴᠠᠭ᠎ᠠ ᠭᠤᠪᠢ ᠨᠤᠲᠤᠭ ᠲᠤ ᠲᠥᠷᠥᠵᠡᠢ᠂ 1982 ᠣᠨ ᠳᠤ ᠪᠠᠷᠠᠭᠤᠨ ᠬᠤᠶᠢᠲᠤ ᠶᠢᠨ ᠦᠨᠳᠦᠰᠦᠲᠡᠨ ᠤ ᠳᠡᠭᠡᠳᠦ ᠰᠤᠷᠭᠠᠭᠤᠯᠢ ᠶᠢᠨ ᠮᠣᠩᠭᠤᠯ ᠬᠡᠯᠡᠨ ᠤ ᠰᠠᠯᠪᠤᠷᠢ ᠳᠤ ᠣᠶᠤᠲᠠᠨ ᠲᠡᠭᠦᠰᠬᠡᠵᠦ᠂ 1993 ᠣᠨ ᠳᠤ ᠮᠣᠩᠭᠤᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠬᠡᠯᠡ ᠵᠣᠬᠢᠶᠠᠯ ᠤᠨ ᠬᠦᠷᠢᠶᠡᠯᠡᠩ ᠳᠤ ᠳᠡᠳ᠋ ᠳ᠋ᠣᠺᠲ᠋ᠣᠷ ᠴᠣᠯᠠ ᠬᠠᠮᠠᠭᠠᠯᠠᠵᠤ᠂ 1998 ᠣᠨ ᠳᠤ ᠳᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠦᠨᠳᠦᠰᠦᠲᠡᠨ ᠤ ᠤᠳᠬ᠎ᠠ ᠵᠣᠬᠢᠶᠠᠯ ᠰᠤᠳᠤᠯᠬᠤ ᠬᠦᠷᠢᠶᠡᠯᠡᠩ ᠳᠤ ᠳ᠋ᠣᠺᠲ᠋ᠣᠷ ᠴᠣᠯᠠ ᠬᠠᠮᠠᠭᠠᠯᠠᠭᠰᠠᠨ ᠡᠷᠳᠡᠮᠲᠡᠨ᠃ ︽ᠲᠤᠤᠯᠢ ︵ᠵᠠᠩᠭᠠᠷ︶ ᠪᠠ ᠮᠣᠩᠭᠤᠯ ᠰᠣᠶᠣᠯ︾᠂ ︽ᠮᠣᠩᠭᠤᠯ ᠪᠠᠭᠠᠲᠤᠷᠯᠢᠭ ᠲᠤᠤᠯᠢ ᠶᠢᠨ ᠡᠭᠦᠰᠦᠯ ᠤᠨ ᠣᠨᠣᠯ ︾᠂ ︽ᠳᠡᠭᠡᠳᠦ ᠮᠣᠩᠭᠤᠯᠴᠤᠳ ᠤᠨ ᠵᠠᠩ ᠰᠣᠶᠣᠯ ᠤᠨ ᠮᠠᠲ᠋ᠧᠷᠢᠶᠠᠯ ᠪᠠ ᠲᠡᠭᠦᠨ ᠤ ᠲᠠᠶᠢᠯᠤᠮᠵᠢ︾᠂ ︽ᠮᠣᠩᠭᠤᠯ ᠤᠭᠰᠠᠭᠠᠲᠠᠨ ᠤ ᠵᠠᠩᠰᠢᠯ ᠰᠣᠶᠣᠯ ᠤᠨ ᠦᠨᠳᠦᠰᠦ︾᠂ ︽ᠡᠵᠡᠨ᠎ᠡ ᠶᠢᠨ ᠡᠵᠢ ᠨᠠᠷ ᠤᠨ ᠠᠮᠠᠨ ᠲᠡᠦᠬᠡ︾ ︵ᠬᠠᠮᠲᠤᠷᠠᠭᠰᠠᠨ︶ ᠵᠡᠷᠭᠡ ᠣᠯᠠᠨ ᠪᠦᠲᠦᠭᠡᠯ ᠲᠠᠢ᠃
 
ᠢᠷᠡᠯᠲᠡ᠄ ᠲᠣᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号