ᠦᠨᠳᠦᠰᠦᠳᠡᠨ ᠤ ᠤᠯᠠᠮᠵᠢᠯᠠᠯᠳᠣ ᠬᠤᠪᠴᠠᠰᠤ ᠵᠠᠰᠠᠯ ᠤᠨ ᠮᠡᠷᠬᠡᠵᠢᠯ ᠢ ᠤᠯᠠᠮᠵᠢᠯᠠᠨ ᠪᠠᠳᠠᠷᠠᠭᠤᠯᠵᠤ ᠪᠡᠶᠡᠵᠢᠯ  ᠤᠨ ᠵᠠᠮ ᠢᠶᠠᠷ ᠵᠠᠮᠨᠠᠵᠦ ᠪᠠᠶᠢᠭ᠎ᠠ ᠦᠷᠵᠢᠮ᠎ᠡ
ᠨᠡᠶᠢᠲᠡᠯᠡᠭᠰᠡᠨ ᠴᠠᠭ᠄
2020/5/29
       ᠦᠷᠡᠵᠢᠮ᠎ᠡ ᠪᠤᠯ ᠵᠡᠬᠦᠨ ᠦᠵᠦᠮᠦᠴᠢᠨ ᠬᠤᠰᠢᠭᠤᠨ ᠤ ᠬᠤᠳᠠ ᠳᠤ  ᠨᠡᠬᠦᠨ ᠰᠢᠯᠵᠢᠭᠰᠡᠨ ᠮᠠᠯᠴᠢᠨ ᠪᠤᠯᠤᠨ᠎ᠠ ᠃ ᠳᠠᠷᠠ ᠬᠤᠰᠢᠭᠤᠨ ᠤ ᠪᠠᠨ ᠦᠢᠯᠡᠰ  ᠪᠦᠲᠦᠬᠡᠬᠦ ᠰᠠᠭᠤᠷᠢᠨ ᠭᠠᠵᠠᠷ ᠲᠤ ᠤᠯᠠᠮᠵᠢᠯᠠᠯᠳᠤ ᠦᠨᠳᠦᠰᠦᠳᠡᠨ ᠤ ᠬᠤᠪᠴᠠᠰᠤ ᠵᠠᠰᠠᠯ ᠤᠨ ᠳᠡᠯᠬᠡᠬᠦᠷ ᠡᠷᠬᠢᠯᠡᠵᠤ᠂ ᠦᠵᠦᠮᠦᠴᠢᠨ ᠤᠯᠠᠮᠵᠢᠯᠠᠯᠳᠤ ᠬᠤᠪᠴᠠᠰᠤ ᠵᠠᠰᠠᠯ ᠤᠶᠤᠬᠤ ᠳᠤᠷ᠎ᠠ ᠪᠠᠬ᠎ᠠ ᠲᠠᠢ ᠪᠤᠯᠬᠤᠷ ᠦᠪᠡᠷ ᠤᠨ ᠴᠢᠷᠮᠠᠶᠢᠯᠭ᠎ᠠ ᠳᠤ ᠪᠠᠨ ᠲᠦᠰᠢᠭᠯᠡᠨ ᠰᠢᠯᠢᠳᠡᠭ ᠤᠯᠠᠮᠵᠢᠯᠠᠯᠳᠤ ᠭᠠᠷ ᠤᠷᠠᠯᠠᠯ ᠤᠨ ᠮᠡᠷᠬᠡᠵᠢᠯ ᠢ ᠤᠯᠠᠮᠵᠢᠯᠠᠬᠤ ᠶᠢᠨ ᠬᠠᠮᠳᠤ ᠪᠡᠶᠡᠵᠢᠯ ᠤᠨ ᠵᠠᠮ ᠢᠶᠠᠷ ᠵᠠᠮᠨᠠᠵᠤ ᠪᠠᠶᠢᠨ᠎ᠠ᠃      ᠰᠤᠷᠪᠤᠯᠵᠢᠯᠠᠭᠴᠢ ᠦᠷᠡᠵᠢᠮ᠎ᠡ ᠶᠢᠨ ᠦᠨᠳᠦᠰᠦᠳᠡᠨ ᠤ ᠬᠤᠪᠴᠠᠰᠤ ᠵᠠᠰᠠᠯ ᠤᠨ ᠤᠶᠤᠳᠠᠯ ᠤᠨ ᠳᠡᠯᠬᠡᠬᠦᠷ ᠲᠤ ᠬᠦᠷᠬᠦ ᠳᠤ᠂ ᠳᠠᠷᠠ ᠶᠠᠭ ᠳᠡᠷᠯᠢᠭ ᠤᠶᠤᠵᠤ ᠪᠠᠶᠢᠯ᠎ᠠ᠃ 2005 ᠤᠨ ᠠᠴᠠ ᠡᠬᠢᠯᠡᠨ᠂ ᠦᠷᠡᠵᠢᠮ᠎ᠡ ᠳᠤᠭᠤᠳᠤᠨᠠᠭᠤᠷ ᠪᠠᠯᠭᠠᠰᠤᠨ ᠳᠤ ︽ᠤᠷᠠᠨ ᠭᠤᠸ᠎ᠠ ᠦᠵᠦᠮᠦᠴᠢᠨ ᠤᠯᠠᠮᠵᠢᠯᠠᠯᠳᠤ ᠬᠤᠪᠴᠠᠰᠤ ᠵᠠᠰᠠᠯ ᠤᠨ ᠳᠡᠯᠬᠡᠬᠦᠷ ︾ ᠢ ᠡᠷᠬᠢᠯᠡᠨ ᠦᠢᠯᠡᠰ ᠤᠨ ᠵᠠᠮ ᠢᠶᠠᠨ ᠨᠡᠬᠡᠬᠡᠵᠦ᠂ 2010 ᠤᠨ ᠳᠤ ᠳᠠᠷᠠ ᠤᠶᠤᠳᠠᠯ ᠤᠨ ᠳᠡᠯᠬᠡᠬᠦᠷ ᠢᠶᠠᠨ ᠤᠯᠢᠶᠠᠰᠤᠳᠠᠢ ᠪᠠᠯᠭᠠᠰᠤᠨ ᠳᠤ ᠨᠡᠬᠦᠯᠬᠡᠵᠦ᠂ ᠡᠵᠡᠩᠨᠡᠯᠳᠡ ᠶᠢᠨ ᠬᠡᠪᠴᠢᠶ᠎ᠡ ᠪᠠᠨ ᠦᠷᠬᠡᠤᠡᠬᠡᠵᠤ᠂ ᠤᠷᠠᠨ ᠬᠠᠤᠠᠬᠤᠮᠠᠯ  ᠤᠨ ᠮᠡᠷᠬᠡᠵᠢᠯ ᠪᠤᠯᠤᠨ ᠰᠢᠯᠢᠳᠡᠭ ᠦᠢᠯᠡᠴᠢᠯᠡᠭᠡ ᠳᠡᠭᠡᠨ ᠲᠦᠰᠢᠭᠯᠡᠨ ᠠᠷᠠᠯᠵᠢᠶ᠎ᠠ ᠪᠠᠨ ᠬᠦᠭᠵᠢᠬᠡᠭᠰᠡᠨ ᠪᠠᠶᠢᠨ᠎ᠠ᠃      ᠤᠳᠤ ᠦᠷᠡᠵᠢᠮ᠎ᠡ ᠶᠢᠨ ᠤᠶᠤᠭᠰᠠᠨ ᠦᠵᠦᠮᠦᠴᠢᠨ ᠳᠡᠷᠯᠢᠭ ᠨᠢ ᠤᠶᠢᠷ᠎ᠠ ᠬᠠᠪᠢ ᠳᠤ ᠪᠠᠨ ᠨᠡᠷ᠎ᠡ ᠭᠠᠷᠴᠤ᠂ 2012 ᠤᠨ ᠳᠤ ᠦᠷᠡᠵᠢᠮ᠎ᠡ ᠬᠤᠰᠢᠭᠤᠨ ᠤ ᠳᠡᠰ ᠤᠨ ᠦᠵᠦᠮᠦᠴᠢᠨ ᠬᠠᠤᠠᠬᠤᠮᠠᠯ ᠤᠨ ᠤᠯᠠᠮᠵᠢᠯᠠᠭᠴᠢ ᠪᠠᠷ ᠦᠨᠡᠯᠡᠭᠳᠡᠵᠦ᠂ 2014  ᠤᠨ ᠳᠤ ᠪᠠᠰᠠ ᠠᠶᠢᠮᠠᠭ ᠤᠨ ᠳᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠲᠦᠷᠦᠯ ᠵᠦᠢᠯ ᠤᠨ ᠦᠵᠦᠮᠦᠴᠢᠨ ᠬᠠᠤᠠᠬᠤᠮᠠᠯ ᠤᠨ ᠲᠦᠯᠦᠬᠡᠯᠡᠭᠴᠢ ᠦᠪᠯᠡᠨ ᠤᠯᠠᠮᠵᠢᠯᠠᠭᠴᠢ ᠪᠠᠷ  ᠦᠨᠡᠯᠡᠭᠳᠡᠵᠤ᠂ ︽ᠬᠤᠳᠠ ᠤᠷᠤᠵᠤ ᠦᠢᠯᠡᠰ  ᠪᠦᠲᠦᠬᠡᠭᠰᠡᠨ ᠳᠡᠷᠢᠬᠦᠨ   ᠤ ᠡᠮᠡᠭᠳᠡᠢ︾᠂  ︽ᠠᠷᠪᠠᠨ ᠰᠤᠳᠤᠨ ᠦᠢᠯᠡᠰ ᠪᠦᠲᠦᠬᠡᠬᠦ ᠳᠠᠭᠠᠭᠤᠯᠤᠭᠴᠢ︾ ᠵᠡᠷᠬᠡ ᠢᠷᠠᠭᠤ ᠠᠯᠳᠠᠷ ᠢ ᠬᠦᠷᠲᠡᠵᠢ᠃ ᠡᠬᠦᠨ ᠠᠴᠠ ᠭᠠᠳᠠᠨ᠎ᠠ᠂ ᠳᠠᠷᠠ ᠪᠠᠰᠠ ᠡᠯ᠎ᠡ ᠲᠦᠷᠦᠯ ᠤᠨ ᠦᠵᠡᠬᠦᠯᠦᠯᠬᠡ᠂ ᠤᠷᠤᠯᠳᠤᠭᠠᠨ ᠳᠤ ᠤᠷᠤᠯᠴᠠᠵᠤ᠂ ᠦᠪᠡᠷ ᠤᠨ ᠤᠷᠠᠯᠠᠨ ᠤᠶᠤᠭᠰᠠᠨ ᠤᠯᠠᠮᠵᠢᠯᠠᠯᠳᠤ ᠦᠨᠳᠦᠰᠦᠳᠡᠨ ᠤ ᠬᠤᠪᠴᠠᠰᠤ ᠵᠠᠰᠠᠯ ᠪᠤᠯᠤᠨ ᠦᠵᠦᠮᠦᠴᠢᠨ ᠬᠠᠤᠠᠬᠤᠮᠠᠯ ᠢᠶᠠᠨ ᠤᠯᠠᠨ ᠳᠤ ᠳᠡᠯᠬᠡᠨ ᠦᠵᠡᠬᠦᠯᠵᠤ᠂ ︽ᠦᠵᠦᠮᠦᠴᠢᠨ ᠤᠯᠠᠮᠵᠢᠯᠠᠯᠳᠤ ᠠᠶᠠᠭᠠᠨ ᠤ  ᠳᠠᠭᠠᠷᠴᠤᠭ᠂ ᠪᠤᠭᠴᠤ︾ ᠨᠢ 2019 ᠤᠨ ᠳᠤ ︽ᠪᠦᠬᠦ ᠤᠷᠤᠨ  ᠤ ᠮᠤᠩᠭᠤᠯ ᠦᠨᠳᠦᠰᠦᠳᠡᠨ ᠤ ᠬᠠᠤᠠᠬᠤᠮᠠᠯ ᠤᠨ ᠶᠡᠭᠡ ᠤᠷᠤᠯᠳᠤᠭᠠᠨ︾ ᠤ ᠦᠩᠬᠡ ᠪᠤᠳᠤᠭ ᠳᠤᠬᠢᠷᠠᠭᠤᠯᠬᠤ ᠳᠤᠭᠤᠶᠢᠯᠠᠩ ᠤᠨ ᠨᠢᠬᠡᠳᠦᠬᠡᠷ ᠳᠡᠰ ᠤᠨ ᠱᠠᠩᠨᠠᠯ ᠢ ᠳᠤᠰᠤᠭᠰᠠᠨ ᠪᠠᠶᠢᠨ᠎ᠠ᠃     ᠦᠷᠡᠵᠢᠮ᠎ᠡ ᠤᠳᠤ ᠦᠪᠡᠷ ᠤᠨ ᠤᠶᠤᠭᠰᠠᠨ ᠤᠯᠠᠮᠵᠢᠯᠠᠯᠳᠤ ᠦᠵᠦᠮᠦᠴᠢᠨ ᠳᠡᠷᠯᠢᠭ ᠢᠶᠠᠨ ᠮᠠᠨ ᠤ ᠠᠶᠢᠮᠠᠭ  ᠤᠨ ᠡᠯ᠎ᠡ ᠠᠶᠢᠮᠠᠭ ᠬᠤᠳᠠ ᠵᠢᠴᠢ ᠰᠢᠨᠵᠢᠶᠠᠩ᠂ ᠬᠦᠬᠡᠨᠠᠭᠤᠷ᠂ ᠲᠦᠪᠡᠤᠨ ᠵᠡᠷᠬᠡ ᠤᠯᠠᠨ ᠭᠠᠵᠠᠷ ᠤᠷᠤᠨ ᠳᠤ ᠪᠤᠷᠤᠯᠠᠭᠤᠯᠵᠤ᠂ ᠤᠷᠴᠢᠮ ᠤᠨ ᠵᠢᠯ ᠮᠤᠩᠭᠤᠯ ᠳᠡᠷᠯᠢᠭ ᠪᠤᠷᠤᠯᠠᠭᠤᠯᠬᠤ ᠪᠠᠷ ᠳᠠᠮᠵᠢᠨ ᠳᠡᠬᠦᠨ ᠤ ᠵᠢᠯ ᠤᠨ ᠤᠷᠤᠯᠭ᠎ᠠ 20 ᠭᠠᠷᠤᠢ ᠲᠦᠮᠡᠨ ᠲᠦᠬᠦᠷᠢᠭ ᠲᠤ ᠬᠦᠷᠴᠦ᠂ ᠦᠪᠡᠷ ᠤᠨ ᠬᠦᠳᠡᠯᠮᠦᠷᠢ ᠳᠤ ᠪᠠᠨ ᠲᠦᠰᠢᠭᠯᠡᠨ ᠦᠵᠦᠮᠦᠴᠢᠨ ᠬᠤᠪᠴᠠᠰᠤ ᠤᠶᠤᠬᠤ ᠮᠡᠷᠬᠡᠵᠢᠯ ᠢ ᠤᠯᠠᠮᠵᠢᠯᠠᠨ ᠪᠠᠳᠠᠷᠠᠭᠤᠯᠵᠤ᠂ ᠪᠡᠶᠡᠵᠢᠯ ᠤᠨ ᠵᠠᠮ ᠢᠶᠠᠷ ᠵᠠᠮᠨᠠᠵᠤ ᠪᠠᠶᠢᠨ᠎ᠠ᠃
 
ᠢᠷᠡᠯᠲᠡ᠄ ᠰᠢᠯᠢ ᠶᠢᠨ ᠭᠤᠣᠯ ᠤᠨ ᠷᠠᠳᠢᠣ᠋ ᠲᠧᠯᠸᠢᠰ ᠤᠨ ᠮᠣᠩᠭᠤᠯ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号