ᠭᠥᠢᠯᠡᠰᠣᠲᠡᠢ ᠷᠠᠰᠢᠶᠠᠨ
ᠨᠡᠶᠢᠲᠡᠯᠡᠭᠰᠡᠨ ᠴᠠᠭ᠄
2020/4/24
     ᠬᠦᠢᠯᠡᠰᠣᠲᠠᠢ ᠷᠠᠰᠢᠶᠠᠨ ᠨᠢ ᠵᠡᠭᠦᠨ ᠦᠵᠦᠮᠦᠴᠢᠨ ᠬᠤᠰᠢᠭᠤᠨ ᠤ ᠭᠠᠬᠢᠯ ᠰᠤᠮᠤᠨ ᠤ ᠨᠣᠳᠤᠭ ᠡᠷᠢᠶᠡᠨ ᠭᠤᠪᠢ ᠲᠣᠭᠤᠷᠢᠭ ᠠᠴᠠ ᠪᠠᠷᠠᠭᠤᠨᠰᠢ ᠨᠠᠢᠮᠠᠨ ᠭᠠᠵᠠᠷ ᠤᠨ ᠵᠠᠢ ᠳᠤ ᠪᠠᠶᠢᠷᠢᠯᠠᠳᠠᠭ᠃ ᠡᠨᠡ ᠷᠠᠰᠢᠶᠠᠨ ᠨᠢ ᠨᠠᠢᠮᠠᠨ ᠬᠤᠳᠳᠤᠭ ᠲᠠᠢ᠃ ᠲᠥᠪ ᠲᠣᠮᠳᠠ ᠨᠢ ᠲᠣᠮᠣᠬᠠᠨ ᠪᠣᠯᠠᠭ ᠲᠠᠢ᠂ ᠡᠷᠭᠢᠨ ᠲᠣᠭᠤᠷᠢᠨ ᠲᠣᠯᠣᠭᠠᠨ ᠵᠢᠵᠢᠭ ᠪᠣᠯᠠᠭ ᠲᠠᠢ ᠃ ᠡᠨᠡ ᠷᠠᠰᠢᠶᠠᠨ ᠤ ᠲᠣᠬᠠᠢ ᠭᠠᠬᠢᠯ ᠰᠥᠮ᠎ᠡ ᠶᠢᠨ ᠬᠤᠶᠠᠳᠣᠭᠠᠷ ᠲᠥᠷᠢ ᠶᠢᠨ ᠬᠠᠮᠪᠤ ᠵᠠᠮᠢᠶᠠᠩᠳᠠᠨᠽᠠᠨᠵᠠᠮᠰᠣ ᠶᠢᠨ ᠪᠢᠴᠢᠭᠰᠡᠨ ︽ᠭᠥᠢᠯᠡᠰᠣᠲᠡᠢ ᠶᠢᠨ ᠰᠠᠩ︾ ᠳᠤ ᠲᠡᠮᠳᠡᠭᠯᠠᠬᠦ ᠳᠡᠭᠡᠨ᠄ ︽ᠨᠠᠢᠮᠠᠨ ᠪᠣᠯᠠᠭ ᠤᠨ ᠵᠠᠭᠦᠨ ᠲᠠᠯ᠎ᠠ ᠶᠢᠨ ᠬᠢᠨᠢ ᠲᠣᠯᠣᠭᠠᠢ ᠶᠢᠨ ᠷᠠᠰᠢᠶᠠᠨ᠂ ᠵᠡᠭᠦᠨ ᠬᠤᠶᠢᠳᠣ ᠲᠠᠯ᠎ᠠ ᠶᠢᠨ ᠬᠢᠨᠢ ᠪᠠᠷᠠᠭᠤᠨ ᠨᠢᠳᠣ ᠴᠢᠬᠢ ᠶᠢᠨ ᠷᠠᠰᠢᠶᠠᠨ᠂ ᠵᠡᠭᠦᠨ ᠡᠮᠥᠨ᠎ᠡ ᠲᠠᠯ᠎ᠠ ᠶᠢᠨ ᠬᠢᠨᠢ ᠵᠠᠭᠦᠨ ᠨᠢᠳᠣ ᠴᠢᠬᠢ ᠶᠢᠨ ᠷᠠᠰᠢᠶᠠᠨ᠂ ᠬᠤᠶᠢᠳᠣ ᠲᠠᠯ᠎ᠠ ᠶᠢᠨ ᠬᠢᠨᠢ ᠪᠣᠷᠣ ᠰᠢᠷ᠎ᠠ ᠪᠠ ᠡᠯᠢᠭᠡᠨ ᠤ ᠷᠠᠰᠢᠶᠠᠨ᠂ ᠡᠮᠥᠨ᠎ᠡ ᠲᠠᠯ᠎ᠠ ᠶᠢᠨ ᠬᠢᠨᠢ ᠲᠠᠪᠣᠨ ᠴᠣᠯᠣ ᠶᠢᠨ ᠷᠠᠰᠢᠶᠠᠨ᠂ ᠭᠤᠣᠯ ᠲᠣᠮᠳᠠ ᠶᠢᠨ ᠬᠢᠨᠢ ᠬᠤᠳᠣᠭᠤᠳᠣ ᠶᠢᠨ ᠷᠠᠰᠢᠶᠠᠨ᠂ ᠪᠠᠷᠠᠭᠤᠨ ᠬᠤᠶᠢᠳᠣ ᠲᠠᠯ᠎ᠠ ᠶᠢᠨ ᠬᠢᠨᠢ ᠪᠠᠷᠠᠭᠤᠨ ᠬᠥᠯ ᠪᠠ ᠬᠤᠶᠠᠩ ᠰᠢᠷ᠎ᠠ ᠣᠰᠣᠨ ᠤ ᠷᠠᠰᠢᠶᠠᠨ᠂ ᠪᠠᠷᠠᠭᠤᠨ ᠡᠮᠣᠨ᠎ᠠ ᠲᠠᠯ᠎ᠠ ᠶᠢᠨ ᠬᠢᠨᠢ ᠵᠠᠭᠦᠨ ᠬᠥᠯ ᠪᠠ ᠶᠠᠷ᠎ᠠ ᠰᠢᠷᠬᠠᠨ ᠤ ᠷᠠᠰᠢᠶᠠᠨ︾ ᠭᠡᠵᠣ ᠲᠣᠳᠣᠷᠬᠠᠢ ᠵᠢᠭᠠᠭᠰᠠᠨ ᠪᠠᠶᠢᠳᠠᠭ᠃ ᠷᠠᠰᠢᠶᠠᠨ ᠤ ᠡᠮᠥᠨ᠎ᠡ ᠲᠠᠯ᠎ᠠ ᠳᠤ ᠲᠠᠭᠢᠯᠭ᠎ᠠ ᠶᠢᠨ ᠣᠪᠣᠭ᠎ᠠ ᠪᠠᠶᠢᠷᠢᠯᠠᠵᠣ᠂ ᠵᠡᠭᠦᠨ ᠡᠳᠡᠭᠡᠳ ᠲᠤ ᠷᠠᠰᠢᠶᠠᠨ ᠰᠣᠪᠢᠯᠠᠯᠳᠠ ᠳᠤ ᠵᠣᠷᠢᠭᠤᠯᠣᠭᠰᠠᠨ ᠣᠷᠴᠢᠮ ᠤᠨ ᠵᠢᠯ ᠳᠤ ᠪᠠᠷᠢᠭᠰᠠᠨ ᠬᠤᠶᠠᠷ ᠮᠥᠷ ᠪᠠᠶᠢᠰᠢᠩ ᠪᠠᠶᠢᠳᠠᠭ᠃ ᠬᠤᠶᠠᠷ ᠵᠠᠭᠤ ᠭᠠᠷᠣᠢ ᠵᠢᠯ ᠤᠨ ᠲᠡᠣᠬᠡ ᠲᠠᠢ ᠡᠨᠡ ᠷᠠᠰᠢᠶᠠᠨ ᠨᠢ ᠣᠳᠣ ᠪᠣᠯᠳᠠᠯ᠎ᠠ ᠬᠥᠮᠥᠨ ᠠᠷᠠᠳ ᠤᠨ ᠪᠡᠶ᠎ᠡ ᠰᠣᠪᠢᠯᠠᠯᠳᠠ ᠶᠢᠨ ᠬᠡᠷᠡᠭᠯᠡᠭᠳᠡᠭᠦᠨ ᠪᠣᠯᠣᠭᠰᠠᠭᠠᠷ ᠪᠠᠶᠢᠨ᠎ᠠ᠃
 
ᠢᠷᠡᠯᠲᠡ᠄ ᠵᠡᠭᠦᠨ ᠦᠵᠦᠮᠦᠴᠢᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号