ᠤᠯᠠᠭᠠᠨ ᠤᠲᠠᠢ ᠶᠢᠨ ᠠᠭᠤᠯᠠ ᠨᠢ ᠲᠡᠦᠬᠡᠨ ᠳᠡᠭᠡᠷᠡᠬᠢ ︽ᠲᠠᠪᠤᠨ ᠤᠲᠠᠢ ᠠᠭᠤᠯᠠ︾ ᠶᠢᠨ ᠨᠢᠭᠡ ᠨᠢ ᠪᠠᠶᠢᠵᠤ | ᠂ ᠱᠠᠨᠰᠢ ᠳᠤ ᠪᠠᠶᠢᠭ᠎ᠠ ᠤᠲᠠᠢ ᠠᠭᠤᠯᠠ ᠲᠠᠢ ᠠᠳᠠᠯᠢ ᠪᠠᠷ ᠠᠯᠳᠠᠷ ᠨᠡᠷ᠎ᠡ ᠪᠠᠨ ᠳᠡᠯᠡᠬᠡᠢ ᠳ᠋ᠠᠬᠢᠨ ᠳᠤ | ᠳᠠᠭᠤᠷᠢᠰᠤᠭᠤᠯᠤᠭᠰᠠᠨ ᠪᠠᠶᠢᠳᠠᠭ᠃ | ᠤᠯᠠᠮᠵᠢᠯᠠᠯ ᠶᠠᠷᠢᠶᠠᠨ ᠳᠤ᠂ ᠰᠢᠷ᠎ᠠ ᠶᠢᠨ ᠱᠠᠰᠢᠨ ᠤ ᠪᠤᠷᠬᠠᠨ ᠪᠠᠭᠰᠢ ᠱᠠᠭᠵᠠᠮᠤᠨᠢ ᠶᠢᠨ ᠲᠣᠯᠣᠭᠠᠢ ᠶᠢᠨ | ᠦᠰᠦᠨ ᠠᠴᠠ ᠲᠠᠪᠤᠨ ᠦᠩᠭᠡ ᠶᠢᠨ ᠭᠡᠷᠡᠯ ᠰᠠᠴᠤᠷᠠᠬᠤ ᠳᠤ᠂ ᠭᠡᠷᠡᠯ ᠳᠣᠰᠤᠭᠰᠠᠨ ᠭᠠᠵᠠᠷ ᠨᠢ ᠲᠠᠪᠤᠨ ᠤᠲᠠᠢ | ᠪᠦᠲᠦᠭᠰᠡᠨ ᠪᠦᠭᠡᠳ ᠤᠯᠠᠭᠠᠨ ᠦᠩᠭᠡ ᠨᠢ ᠠᠳᠡ ᠲᠤᠰᠤᠭᠰᠠᠨ ᠪᠣᠯᠬᠤᠷ ᠡᠨᠡ ᠭᠠᠵᠠᠷ ᠢ ᠤᠯᠠᠭᠠᠨ ᠤᠲᠠᠢ ᠭᠡᠵᠦ᠂ | ᠱᠠᠨᠰᠢ ᠳᠤ ᠪᠠᠶᠢᠭ᠎ᠠ ᠤᠲᠠᠢ ᠨᠢ ᠰᠢᠷ᠎ᠠ ᠭᠡᠷᠡᠯ ᠲᠤᠰᠤᠭᠰᠠᠨ ᠭᠠᠵᠠᠷ ᠪᠣᠯᠬᠤᠷ ᠲᠡᠭᠦᠨ ᠢ ᠰᠢᠷ᠎ᠠ ᠤᠲᠠᠢ ᠭᠡᠳᠡᠭ ᠠᠵᠢ᠃ | ᠲᠡᠤᠭᠡ ᠶᠢᠨ ᠲᠡᠮᠳᠡᠭᠯᠡᠯ ᠳᠤ᠂ ᠤᠯᠠᠭᠠᠨ ᠤᠲᠠᠢ ᠶᠢ ᠣᠳᠣ ᠠᠴᠠ 1900 ᠭᠠᠷᠤᠢ ᠵᠢᠯ ᠤᠨ ᠡᠮᠤᠨ᠎ᠠ ᠱᠠᠨᠰᠢ | ᠮᠤᠵᠢ ᠶᠢᠨ ᠰᠢᠷ᠎ᠠ ᠤᠲᠠᠢ ᠡᠭᠦᠰᠦᠭᠰᠡᠨ ᠲᠡᠷᠡ ᠴᠠᠭ ᠦᠶ᠎ᠠ ᠳᠤ ᠮᠦᠷᠭᠦᠯ ᠤᠨ ᠤᠷᠤᠨ ᠪᠤᠯᠤᠬᠰᠡᠨ ᠭᠡᠳᠡᠭ ᠪᠢᠯᠠ᠃ | ᠤᠯᠠᠭᠠᠨ ᠤᠲᠠᠢ ᠨᠢ ᠵᠢᠷ ᠤᠨ ᠭᠤᠣᠯ ᠪᠠᠯᠭᠠᠰᠤᠨ ᠠᠴᠠ 25 ᠺᠢᠯᠣᠮᠧᠲᠷ ᠤᠨ ᠵᠠᠢ ᠳᠤ᠂ ᠠᠶᠢᠮᠠᠭ ᠤᠨ ᠲᠦᠪ | ᠰᠢᠯᠢ ᠶᠢᠨ ᠬᠤᠲᠠ ᠠᠴᠠ 110 ᠺᠢᠯᠣᠮᠧᠲᠷ ᠤᠨ ᠵᠠᠢ ᠳᠤ᠂ ᠬᠤᠰᠢᠭᠤᠨ ᠲᠦᠪ ᠪᠠᠯᠭᠠᠷᠭᠤᠣᠯ ᠪᠠᠯᠭᠠᠰᠤᠨ ᠠᠴᠠ | 68 ᠺᠢᠯᠣᠮᠧᠲᠷ ᠤᠨ ᠵᠠᠢ ᠳᠤ᠂ ᠮᠣᠵᠢ ᠶᠢᠨ ᠳᠡᠰ ᠤᠨ ᠵᠠᠮ S307 ᠠᠴᠠ 20 ᠺᠢᠯᠣᠮᠧᠲᠷ ᠤᠨ ᠵᠠᠢ ᠳᠤ | ᠪᠠᠶᠢᠷᠢᠯᠠᠵᠣ ᠪᠠᠶᠢᠳᠠᠭ᠃ | 2006 ᠣᠨ ᠳᠤ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠣᠷᠳᠣᠨ ᠠᠴᠠ ᠤᠯᠠᠭᠠᠨ ᠤᠲᠠᠢ ᠶᠢ | ᠵᠠᠰᠠᠨ ᠰᠡᠯᠪᠢᠵᠤ᠂ ︽ᠲᠡᠭᠷᠢᠯᠢᠭ ᠣᠪᠤᠭ᠎ᠠ᠂ ᠴᠢᠩᠭᠢᠰ ᠬᠠᠭᠠᠨ ᠠᠭᠤᠳᠠᠮ ᠲᠠᠯᠠᠪᠠᠢ᠂ ᠤᠯᠠᠭᠠᠨ ᠤᠲᠠᠢ ᠶᠢᠨ ᠰᠦᠮ᠎ᠡ | ᠂ ᠠᠷᠪᠠᠨ ᠵᠢᠷᠭᠤᠭᠠᠨ ᠰᠤᠪᠤᠷᠭ᠎ᠠ ᠵᠢᠴᠢ ᠣᠯᠠᠨ ᠠᠷᠪᠢᠨ ᠲᠡᠦᠬᠡᠲᠦ ᠳᠤᠷᠠᠰᠬᠠᠯ ᠵᠦᠢᠯ︾ ᠤᠳ ᠢ ᠰᠡᠷᠭᠦᠭᠡᠨ | ᠴᠣᠭᠴᠠᠯᠠᠭᠰᠠᠨ ᠶᠤᠮ᠃ | ᠦᠨᠦ ᠶᠢᠨ ᠤᠯᠠᠭᠠᠨ ᠤᠲᠠᠢ ᠨᠢ ᠡᠮᠦᠨᠡᠲᠦ ᠣᠷᠣᠨ ᠪᠣᠯᠣᠨ ᠬᠤᠶᠢᠲᠤ ᠣᠷᠣᠨ ᠬᠡᠮᠡᠬᠦ ᠬᠤᠶᠠᠷ ᠬᠡᠰᠡᠭ ᠠᠴᠠ | ᠪᠦᠷᠢᠯᠳᠦᠵᠦ᠂ ᠬᠤᠶᠢᠲᠦ ᠣᠷᠣᠨ ᠨᠢ ᠪᠠᠯᠳᠠᠨᠯᠾᠠᠮᠤ᠂ ᠮᠠᠨᠽᠤᠰᠢᠷᠢ᠂ ᠭᠤᠮᠪᠤ ᠵᠡᠷᠭᠡ ᠪᠤᠷᠬᠠᠨ ᠪᠣᠳᠢᠰᠡᠳ᠋ᠸᠠ | ᠣᠷᠣᠰᠢᠭᠰᠠᠨ ᠠᠷᠢᠭᠤᠨ ᠲᠠᠭᠰᠢᠨ ᠣᠷᠣᠨ ᠪᠠᠶᠢᠵᠦ᠂ ᠠᠳᠡ ︽ᠡᠬᠡ ᠶᠢᠨ ᠠᠭᠤᠢ᠂ ᠠᠯᠲᠠᠨ ᠮᠡᠯᠡᠬᠡᠢ ᠶᠢᠨ | ᠰᠢᠷᠭᠤᠭᠤᠯᠢ᠂ ᠲᠠᠮᠤ ᠶᠢᠨ ᠵᠠᠮ᠂ ᠭᠠᠨᠵᠤᠤᠷ ᠬᠠᠳᠠ᠂ ᠯᠾᠠᠮᠤ ᠡᠵᠢ ᠶᠢᠨ ᠦᠯᠮᠡᠢ ᠶᠢᠨ ᠮᠦᠷ᠂ ᠰᠡᠨᠵᠢ ᠬᠠᠳᠠ᠂ | ᠪᠦᠷᠭᠦᠳ ᠤᠨ ᠬᠤᠰᠢᠭᠤ᠂ ᠴᠢᠩᠭᠢᠰ ᠬᠠᠭᠠᠨ ᠤ ᠰᠠᠭᠤᠳᠠᠯ᠂ ᠴᠢᠩᠭᠢᠰ ᠤᠨ ᠭᠡᠷ ᠤᠨ ᠪᠠᠭᠤᠴᠠ᠂ ᠴᠢᠩᠭᠢᠰ ᠤᠨ | ᠬᠦᠯᠦᠭ ᠤᠨ ᠮᠦᠷ᠂ ᠴᠢᠩᠭᠢᠰ ᠤᠨ ᠤᠨᠠᠭᠠᠨ ᠵᠡᠯ᠎ᠡ᠂ ᠦᠷ᠎ᠡ ᠶᠢᠨ ᠬᠤᠲᠤᠭ ᠢᠪᠡᠭᠡᠭᠴᠢ ᠬᠠᠳ᠋ᠨ᠂ ᠰᠦᠮ᠎ᠡ ᠳᠤᠭᠠᠩ | ᠵᠡᠷᠭᠡ ᠮᠠᠰᠢ ᠣᠯᠠᠨ ᠰᠣᠶᠣᠯ ᠤᠨ ᠦᠪ ᠤᠳ ᠪᠠᠶᠢᠳᠠᠭ᠃ | ᠬᠤᠶᠢᠲᠦ ᠣᠷᠣᠨ ᠤ ᠭᠤᠣᠯ ᠦᠵᠡᠮᠵᠢ ᠨᠦᠭᠦᠳ ᠤᠨ ᠨᠢᠭᠡᠨ ᠪᠣᠯᠬᠤ ᠴᠢᠩᠭᠢᠰ ᠬᠠᠭᠠᠨ ᠠᠭᠤᠳᠠᠮ ᠲᠠᠯᠠᠪᠠᠢ ᠶᠢ | 2013 ᠣᠨ ᠳᠤ ᠪᠠᠶᠢᠭᠤᠯᠵᠤ᠂ ᠪᠦᠬᠦ ᠲᠠᠯᠠᠪᠠᠢ ᠨᠢ 5000 ᠲᠡᠭᠰᠢ ᠳᠦᠷᠪᠡᠯᠵᠢᠨ ᠮᠧᠲᠷ ᠪᠦᠭᠡᠳ ᠴᠢᠩᠭᠢᠰ ᠤᠨ | ᠱᠣᠭᠤᠮᠠᠯ ᠤᠨ ᠦᠨᠳᠦᠷ ᠨᠢ 18 ᠮᠧᠲᠷ᠂ ᠦᠷᠭᠡᠨ ᠨᠢ 7 ᠮᠧᠲᠷ ᠪᠠᠶᠢᠳᠠᠭ᠃ | ᠡᠮᠦᠨᠡᠲᠦ ᠣᠷᠣᠨ ᠨᠢ ᠮᠢᠩᠭ᠎ᠠ ᠪᠦᠭᠡᠳ ᠨᠠᠶᠠᠨ ᠱᠠᠲᠦ ᠲᠠᠢ ᠬᠡᠶᠢᠮᠤᠷᠢ ᠶᠢᠨ ᠠᠯᠲᠠᠨ ᠣᠪᠣᠭ᠎ᠠ ᠪᠣᠯᠣᠨ ᠬᠠᠷ᠎ᠠ | ᠯᠤᠤᠰ ᠤᠨ ᠬᠠᠭᠠᠨ ᠵᠡᠷᠭᠡ ᠵᠢᠭᠤᠯᠴᠢᠯᠠᠯ ᠤᠨ ᠭᠤᠶᠣ ᠭᠤᠶᠣ ᠦᠵᠡᠮᠵᠢ ᠨᠦᠭᠦᠳ ᠲᠠᠢ᠃ | | ᠬᠤᠶᠢᠲᠦ ᠣᠷᠣᠨ | | 1. ᠤᠯᠠᠭᠠᠨ ᠤᠲᠠᠢ ᠶᠢᠨ ᠰᠦᠮ᠎ᠡ | ᠯᠦᠸᠧᠩᠵᠢᠯᠪᠤ ᠪᠤᠷᠬᠠᠨ᠂ ᠰᠡᠩᠭᠡᠵᠢᠶᠠ ᠪᠤᠷᠬᠠᠨ᠂ ᠪᠠᠯᠳᠠᠨᠯᠾᠠᠮᠤ ᠪᠤᠷᠬᠠᠨ ᠵᠡᠷᠭᠡ ᠭᠤᠷᠪᠠᠨ | ᠰᠢᠲᠦᠭᠡᠨ ᠲᠠᠢ᠃ | 2. ᠴᠢᠩᠭᠢᠰ ᠬᠠᠭᠠᠨ ᠠᠭᠤᠳᠠᠮ ᠲᠠᠯᠠᠪᠠᠢ | ᠴᠢᠩᠭᠢᠰ ᠬᠠᠭᠠᠨ ᠠᠭᠤᠳᠠᠮ ᠲᠠᠯᠠᠪᠠᠢ ᠶᠢ 2013 ᠣᠨ ᠳᠤ ᠪᠠᠶᠢᠭᠤᠯᠵᠤ᠂ ᠪᠦᠬᠦ ᠲᠠᠯᠠᠪᠠᠢ ᠨᠢ 5000 | ᠲᠡᠭᠰᠢ ᠳᠦᠷᠪᠡᠯᠵᠢᠨ ᠮᠧᠲᠷ ᠪᠦᠭᠡᠳ ᠴᠢᠩᠭᠢᠰ ᠤᠨ ᠱᠣᠭᠤᠮᠠᠯ ᠤᠨ ᠦᠨᠳᠦᠷ ᠨᠢ 18 ᠮᠧᠲᠷ᠂ ᠦᠷᠭᠡᠨ ᠨᠢ 7 | ᠮᠧᠲᠷ ᠪᠠᠶᠢᠳᠠᠭ᠃ | 3. ᠳᠡᠭᠷᠢᠯᠢᠭ ᠤᠪᠤᠭ᠎ᠠ ᠳᠡᠭᠷᠢᠯᠢᠭ ᠤᠪᠤᠭ᠎ᠠ ᠶᠢᠨ ᠰᠠᠭᠤᠷᠢ ᠶᠢᠨ ᠳ᠋ᠢᠶᠠᠮᠧᠲᠷ ᠨᠢ 13 ᠮᠧᠲᠷ᠂ | ᠣᠪᠣᠭ᠎ᠠ ᠶᠢᠨ ᠦᠨᠳᠤᠷ ᠨᠢ 13 ᠮᠧᠲᠷ ᠪᠤᠯᠬᠤ ᠪᠦᠭᠡᠳ ᠲᠡᠭᠦᠨ ᠢ ᠴᠠᠪᠴᠢᠮᠠᠯ ᠣᠷᠭᠤᠭ᠎ᠠ ᠴᠢᠯᠠᠭᠤ ᠪᠠᠷ ᠵᠡᠷᠭᠡᠯᠡᠨ | ᠪᠣᠰᠬᠠᠵᠤ᠂ ᠬᠠᠮᠤᠭ ᠳᠣᠣᠷ᠎ᠡ ᠰᠠᠭᠤᠷᠢ ᠶᠢᠨ ᠵᠢᠷᠤᠭ ᠢ ᠮᠣᠩᠭᠤᠯ ᠦᠨᠳᠦᠰᠦᠲᠠᠨ ᠤ ᠠᠮᠢᠳᠤᠷᠠᠯ ᠤᠨ ᠲᠤᠬᠠᠢ | ᠵᠢᠷᠤᠭ ᠨᠤᠭᠤᠳ᠂ ᠵᠢᠱᠢᠶᠡᠯᠡᠪᠡᠯ ᠲᠠᠪᠤᠨ ᠬᠤᠰᠢᠭᠤ ᠮᠠᠯ ᠤᠨ ᠵᠢᠷᠤᠭ᠂ ᠪᠦᠬᠡ ᠪᠠᠷᠢᠯᠳᠤᠵᠤ ᠪᠠᠶᠢᠭ᠎ᠠ ᠵᠢᠷᠤᠭ᠂ | ᠪᠦᠵᠢᠭ ᠪᠦᠵᠢᠭᠯᠡᠵᠤ ᠪᠠᠶᠢᠭ᠎ᠠ ᠵᠢᠷᠤᠭ ᠭᠡᠬᠦ ᠮᠡᠲᠦ᠃ ᠬᠤᠶᠠᠳᠤᠭᠠᠷ ᠦᠶ᠎ᠡ ᠳᠡᠭᠡᠷᠡᠬᠢ ᠨᠢ ᠪᠣᠯ ᠮᠣᠩᠭᠤᠯ ᠵᠢᠷᠤᠭ ᠤᠳ | ᠂ ᠭᠤᠷᠪᠠᠳᠤᠭᠠᠷ ᠦᠶ᠎ᠡ ᠳᠡᠭᠡᠷᠡᠬᠢ ᠨᠢ ᠪᠣᠯ ᠠᠷᠪᠠᠨ ᠬᠤᠶᠠᠷ ᠵᠢᠯ᠂ ᠳᠦᠷᠪᠡᠳᠦᠭᠡᠷ ᠦᠶ᠎ᠡ ᠳᠡᠭᠡᠷᠡᠬᠢ ᠨᠢ ᠪᠣᠯ | ᠳᠦᠷᠪᠡᠨ ᠬᠦᠴᠦᠲᠡᠨ ᠨᠠᠢᠮᠠᠨ ᠲᠠᠬᠢᠯ ᠬᠡᠬᠦ ᠮᠡᠲᠦ ᠪᠠᠷ ᠤᠷᠠᠯᠠᠨ ᠪᠦᠲᠦᠭᠡᠭᠰᠡᠨ ᠪᠢᠯᠠ᠃ | ᠵᠢᠯ ᠪᠦᠷᠢ ᠶᠠᠪᠤᠬᠳᠠᠳᠠᠭ ᠪᠠᠷᠠᠭᠤᠨ ᠦᠵᠦᠮᠦᠴᠢᠨ ᠬᠤᠰᠢᠭᠤᠨ ᠤ ᠰᠤᠶᠤᠯ ᠵᠢᠭᠤᠯᠴᠢᠯᠠᠯ ᠤᠨ ᠨᠠᠶᠢᠷ ᠨᠢ | ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠬᠤᠷᠢᠨ ᠵᠢᠷᠭᠤᠭᠠᠨ ᠤ ᠡᠳᠦᠷ ᠶᠠᠪᠤᠬᠳᠠᠬᠤ ᠳᠠᠭᠠᠨ᠂ ᠤᠯᠠᠭᠠᠨ | ᠤᠲᠠᠢ ᠶᠢᠨ ᠲᠡᠭᠷᠢᠯᠢᠭ ᠤᠪᠤᠭ᠎ᠠ ᠶᠢᠨ ᠲᠠᠭᠢᠯᠭ᠎ᠠ ᠶᠢᠨ ᠨᠠᠶᠢᠷ ᠤᠨ ︽ᠡᠷ᠎ᠠ ᠶᠢᠨ ᠭᠤᠷᠪᠠᠨ ᠨᠠᠭᠠᠳᠤᠮ︾ ᠢᠶᠠᠷ | ᠡᠭᠢᠯᠡᠯᠳᠡ ᠶᠢᠨ ᠭᠦᠰᠢᠭᠡ ᠪᠠᠨ ᠰᠡᠭᠦᠵᠤ᠂ ᠲᠦᠷᠪᠡᠨ ᠵᠦᠭ ᠤᠨ ᠰᠦᠰᠦᠭᠳᠡᠨ ᠮᠦᠷᠭᠦᠯᠴᠢᠳ ᠢᠶᠠᠨ ᠤᠬᠳᠤᠨ᠂ | ᠲᠤᠭᠤᠷᠢᠨ ᠵᠤᠭᠠᠴᠠᠬᠰᠠᠳ ᠢᠶᠠᠨ ᠭᠦᠯᠢᠶᠡᠨ ᠠᠪᠴᠤ ᠪᠤᠢ᠃ | 4. ᠡᠬᠡ ᠶᠢᠨ ᠠᠭᠤᠢ ᠶᠢᠨ ᠰᠢᠷᠭᠤᠭᠤᠯᠢ | ᠡᠭᠡ ᠶᠢᠨ ᠠᠭᠤᠢ ᠶᠢᠨ ᠰᠢᠷᠭᠤᠭᠤᠯᠢ ᠪᠤᠯ ᠡᠭᠡ ᠶᠢᠨ ᠬᠡᠪᠡᠯᠢ ᠰᠢᠭ ᠬᠠᠳᠠᠨ ᠰᠢᠷᠭᠤᠭᠤᠯᠢ ᠪᠠᠶᠢᠵᠤ᠂ ᠡᠨᠡ | ᠰᠢᠷᠭᠤᠭᠤᠯᠢ ᠳᠤ ᠰᠢᠷᠭᠤᠬᠤ ᠶᠢᠨ ᠵᠤᠷᠢᠯᠭ᠎ᠠ ᠨᠢ ᠲᠦᠷᠦᠭᠦ ᠳᠡᠭᠡᠨ ᠡᠭᠡ ᠪᠠᠨ ᠵᠤᠪᠠᠭᠠᠬᠰᠡᠨ ᠨᠢᠭᠦᠯ ᠢᠶᠠᠨ | ᠠᠷᠢᠯᠭᠠᠬᠤ ᠶᠢᠨ ᠲᠦᠯᠦᠭᠡ ᠭᠡᠳᠡᠭ᠃ | 5. ᠦᠷ᠎ᠡ ᠶᠢᠨ ᠬᠤᠲᠤᠭ ᠢᠪᠡᠭᠡᠭᠴᠢ ᠬᠠᠳ᠋ᠨ | ᠦᠷ᠎ᠠ ᠬᠡᠤᠬᠡᠳ ᠦᠭᠡᠢ ᠭᠦᠮᠦᠰ ᠦᠷ᠎ᠠ ᠬᠡᠤᠬᠡᠳ ᠭᠤᠶᠤᠬᠤ ᠪᠤᠶᠤ ᠬᠤᠳᠤᠭ ᠭᠤᠶᠤᠬᠤ ᠵᠡᠷᠭᠡ | ᠮᠦᠷᠭᠦᠯ ᠬᠢᠳᠡᠭ᠃ ᠤᠤᠯ ᠳᠠᠭᠠᠨ ᠬᠠᠳᠠᠨ ᠵᠠᠪᠰᠠᠷ ᠲᠤᠨᠢ ᠬᠡᠤᠬᠡᠳ ᠤᠨ ᠵᠦᠢᠯ ᠪᠦᠷᠢ ᠶᠢᠨ ᠨᠠᠭᠠᠳᠤᠮ ᠪᠠᠶᠢᠬᠰᠡᠨ | ᠪᠦᠭᠡᠳ ᠲᠡᠳᠡᠭᠡᠷ ᠨᠢ ᠪᠦᠷ ᠴᠢᠯᠠᠭᠤᠨ ᠨᠠᠭᠠᠳᠤᠮ ᠪᠠᠶᠢᠭᠰᠠᠨ ᠭᠡᠳᠡᠭ᠃ | 6. ᠠᠯᠲᠠᠨ ᠮᠡᠯᠡᠬᠡᠢ ᠶᠢᠨ ᠰᠢᠷᠭᠤᠭᠤᠯᠢ | ᠡᠨᠡᠬᠦ ᠶᠠᠰᠤᠳᠤ ᠮᠡᠯᠡᠭᠡᠢ ᠶᠢᠨ ᠬᠡᠯᠪᠡᠷᠢ ᠲᠠᠢ ᠬᠠᠳᠠᠨ ᠰᠢᠷᠭᠤᠭᠤᠯᠢ ᠨᠢ ᠨᠢᠭᠡ ᠯᠡ ᠭᠦᠮᠦᠨ ᠰᠢᠷᠭᠤᠵᠤ | ᠪᠠᠭᠳᠠᠬᠤ ᠵᠢᠵᠢᠭ ᠠᠭᠤᠢ ᠪᠠᠶᠢᠨ᠎ᠠ᠃ ᠡᠭᠢᠯᠡᠵᠤ ᠰᠢᠷᠭᠤᠬᠤ ᠳᠤ ᠬᠡᠪ ᠤᠨ ᠪᠠᠶᠢᠳᠠᠯ ᠲᠠᠢ ᠪᠤᠯᠪᠠᠴᠤ᠂ ᠠᠭᠤᠢ ᠶᠢᠨ | ᠤᠭ ᠲᠤ ᠭᠦᠷᠭᠦ ᠳᠤ ᠠᠮᠢᠰᠬᠤᠭ᠎ᠠ ᠲᠠᠪᠬᠤᠴᠠᠨ ᠮᠠᠰᠢ ᠠᠶᠤᠮᠰᠢᠬᠲᠠᠢ ᠰᠠᠨᠠᠬᠳᠠᠳᠠᠭ᠃ ᠠᠯᠳᠠᠨ ᠮᠡᠯᠡᠭᠡᠢ ᠨᠢ | ᠶᠢᠷᠳᠢᠨᠴᠤ ᠶᠢᠨ ᠲᠦᠮᠡᠨ ᠪᠤᠳᠠᠰ ᠤᠨ ᠡᠭᠢ ᠡᠭᠦᠰᠦᠯ ᠪᠠ ᠲᠠᠪᠤᠨ ᠮᠠᠬᠠᠪᠤᠳ ᠤᠨ ᠤᠭ ᠦᠨᠳᠤᠰᠤ ᠲᠠᠢ ᠬᠤᠯᠪᠣᠭ᠎ᠠ | ᠲᠠᠢ ᠭᠡᠳᠡᠭ ᠠᠴᠠ ᠪᠠᠨ ᠪᠣᠯᠵᠤ᠂ ᠭᠦᠮᠦᠰ ᠤᠨ ᠬᠡᠢ ᠭᠦᠰᠡᠯ᠂ ᠰᠢᠳᠤᠯᠭᠡ ᠪᠢᠰᠢᠷᠠᠯ ᠳᠤ ᠭᠦᠨ ᠨᠦᠯᠦᠭᠡᠯᠡᠭᠰᠡᠨ | ᠪᠠᠶᠢᠳᠠᠭ ᠪᠢᠯᠠ᠃ | 7. ᠭᠤᠮᠪᠤ ᠪᠤᠷᠬᠠᠨ ᠤ ᠵᠢᠷᠤᠭ | ᠭᠤᠮᠪᠤ ᠪᠤᠷᠬᠠᠨ ᠪᠣᠯ ᠡᠷᠳᠡᠮ ᠨᠣᠮ ᠲᠡᠭᠦᠰ ᠪᠦᠷᠢᠳᠦᠭᠰᠡᠨ ᠪᠤᠷᠬᠠᠨ ᠪᠣᠯᠣᠨ᠎ᠠ᠃ ᠭᠤᠮᠪᠤ ᠪᠤᠷᠬᠠᠨ ᠳᠤ | ᠮᠦᠷᠭᠦᠪᠡᠯ ᠡᠷᠳᠡᠮ ᠨᠣᠮ ᠲᠠᠢ ᠪᠣᠯᠣᠨ᠎ᠠ ᠭᠡᠳᠡᠭ᠃ | 8. ᠯᠾᠠᠮᠤ ᠡᠵᠢ ᠶᠢᠨ ᠯᠠᠭᠤᠰᠠ ᠶᠢᠨ ᠮᠦᠷ | ᠯᠾᠠᠮᠤ ᠡᠵᠢ ᠶᠢᠨ ᠤᠨᠤᠭᠰᠠᠨ ᠯᠠᠭᠤᠰᠠ ᠨᠢ ᠬᠠᠳᠠᠨ ᠳᠡᠭᠡᠷ᠎ᠡ ᠭᠢᠰᠭᠢᠬᠦ ᠳᠡᠭᠡᠨ ᠦᠯᠡᠳᠡᠭᠡᠭᠰᠡᠨ ᠮᠦᠷ᠃ | 9. ᠲᠠᠮᠤ ᠶᠢᠨ ᠵᠠᠮ | ᠳᠠᠮᠥ ᠶᠢᠨ ᠵᠡᠮ ᠪᠤᠯ ᠵᠠᠭᠤ ᠪᠦᠭᠡᠳ ᠨᠡᠢᠮᠠᠨ ᠭᠢᠰᠭᠢᠭᠦᠷ ᠲᠠᠢ᠂ ᠠᠪᠢᠷᠠᠬᠤ ᠳᠤ ᠠᠶᠤᠮᠰᠢᠭ ᠲᠠᠢ ᠬᠠᠳᠠᠨ | ᠵᠠᠮ ᠪᠤᠯᠤᠨ᠎ᠠ᠃ ᠭᠦᠮᠦᠰ ᠲᠠᠮᠤ ᠶᠢᠨ ᠵᠤᠪᠠᠯᠠᠩ ᠢᠶᠠᠨ ᠠᠷᠢᠯᠭᠠᠨ᠎ᠠ ᠬᠡᠮᠡᠨ ᠡᠨᠡᠭᠦ ᠪᠠᠷᠳᠠᠭᠠᠳᠤ ᠬᠠᠳᠠᠨ ᠵᠠᠮ ᠢᠶᠠᠷ | ᠠᠪᠠᠷᠢᠨ ᠭᠠᠷᠴᠤ ᠪᠤᠳᠤᠯ ᠰᠡᠳᠭᠢᠯᠭᠡ ᠪᠠᠨ ᠪᠡᠶᠡᠯᠡᠭᠦᠯᠳᠡᠭ᠃ | 10. ᠭᠠᠨᠵᠤᠤᠷ ᠬᠠᠳᠠ | ᠭᠠᠨᠵᠤᠤᠷ ᠳ᠋ᠠᠨᠵᠤᠤᠷ ᠨᠣᠮ ᠢ ᠬᠤᠷᠢᠶᠠᠵᠤ ᠬᠠᠳᠠᠭᠠᠯᠠᠭᠰᠠᠨ ᠬᠠᠳᠠ ᠭᠡᠳᠡᠭ᠃ | 11. ᠪᠦᠷᠭᠦᠳ ᠤᠨ ᠬᠤᠰᠢᠭᠤ | ᠠᠯᠲᠠᠨ ᠪᠦᠷᠭᠦᠳ ᠤᠨ ᠬᠤᠰᠢᠭᠤᠨ ᠳᠤ ᠮᠦᠷᠭᠦᠭᠦᠯᠵᠦ᠂ ᠬᠡᠦᠬᠡᠳ ᠤᠨ ᠰᠡᠪᠲᠦᠭᠰᠡᠨ ᠠᠴᠠ | ᠪᠣᠯᠣᠭᠰᠠᠨ ᠡᠯ᠎ᠡ ᠵᠦᠢᠯ ᠤᠨ ᠴᠢᠯᠡᠭᠡ ᠵᠡᠷᠭᠡ ᠶᠢ ᠳᠣᠮᠨᠠᠳᠠᠭ᠃ | 12. ᠴᠢᠩᠭᠢᠰ ᠤᠨ ᠭᠡᠷ ᠤᠨ ᠪᠠᠭᠤᠴᠠ | ᠠᠷᠪᠠᠨ ᠭᠤᠷᠪᠠᠳᠤᠭᠠᠷ ᠵᠠᠭᠤᠨ ᠳᠤ ᠴᠢᠩᠭᠢᠰ ᠬᠠᠭᠠᠨ ᠠᠯᠳᠠᠨ ᠲᠡᠯᠡᠭᠡᠢ ᠶᠢ ᠰᠤᠨᠳᠠᠯᠠᠬᠰᠡᠨ ᠠᠶᠠᠨ | ᠲᠠᠶᠢᠨ ᠤ ᠵᠠᠮ ᠳᠠᠭᠠᠨ ᠡᠨᠡ ᠭᠠᠵᠠᠷ ᠢᠷᠡᠵᠤ ᠦᠡᠭᠭᠡᠷᠡᠭᠰᠡᠨ ᠪᠡ ᠮᠦᠨ ᠴᠤ ᠮᠦᠷᠭᠦᠯ ᠭᠢᠯ᠎ᠠ ᠬᠡᠰᠡᠨ ᠲᠤᠮᠤᠭ ᠶᠡᠷᠢᠶ᠎ᠠ | ᠤᠯᠠᠮᠵᠢᠯᠠᠬᠳᠠᠵᠤ ᠢᠷᠡᠭᠰᠡᠨ ᠪᠦᠭᠡᠳ ᠴᠢᠩᠭᠢᠰ ᠤᠨ ᠪᠠᠭᠤᠴᠠ ᠬᠡᠵᠤ ᠴᠢᠯᠠᠭᠤ ᠪᠠᠷ ᠪᠦᠲᠦᠭᠰᠡᠨ ᠮᠤᠩᠭᠤᠯ ᠬᠡᠷ ᠤᠨ | ᠪᠠᠭᠤᠴᠠ ᠪᠤᠢ᠃ | 13. ᠰᠡᠨᠵᠢ ᠬᠠᠳᠠ | ᠴᠢᠩᠭᠢᠰ ᠬᠠᠭᠠᠨ ᠮᠡᠷᠭᠡᠨ ᠬᠠᠷᠪᠤᠭᠠᠴᠢ ᠪᠠᠨ ᠰᠢᠯᠭᠠᠷᠠᠭᠤᠯᠳᠠᠭ ᠬᠠᠳᠠ᠃ | 14. ᠴᠢᠩᠭᠢᠰ ᠤᠨ ᠤᠨᠠᠭᠠᠨ ᠵᠡᠯ᠎ᠡ | ᠴᠢᠩᠭᠢᠰ ᠬᠠᠭᠠᠨ ᠤᠲᠠᠢ ᠳᠤ ᠪᠠᠶᠢᠬᠤ ᠳᠠᠭᠠᠨ ᠭᠡᠭᠦᠦ ᠰᠠᠭᠠᠵᠤ᠂ ᠴᠡᠭᠡ ᠪᠠᠷᠢᠬᠤ ᠳᠠᠭᠠᠨ ᠤᠨᠠᠭ᠎ᠠ ᠪᠠᠨ | ᠤᠶᠠᠭᠰᠠᠨ ᠵᠡᠯ᠎ᠡ᠃ | 15. ᠴᠢᠩᠭᠢᠰ ᠬᠠᠭᠠᠨ ᠤ ᠰᠠᠭᠤᠳᠠᠯ ᠬᠠᠳᠠ | ᠴᠢᠩᠭᠢᠰ ᠬᠠᠭᠠᠨ ᠤᠯᠠᠭᠠᠨ ᠤᠲᠠᠢ ᠳᠤ ᠲᠣᠭᠤᠷᠢᠵᠤ ᠶᠠᠪᠤᠬᠤ ᠳᠠᠭᠠᠨ ᠬᠦᠯ ᠠᠮᠠᠷᠠᠵᠤ ᠰᠠᠭᠤᠭᠰᠠᠨ | ᠬᠠᠳᠠ | 16. ᠯᠾᠠᠮᠦ ᠪᠤᠷᠬᠠᠨ ᠤ ᠰᠢᠷᠭᠤᠭᠤᠯᠢ | ᠪᠠᠯᠳᠠᠨᠯᠾᠠᠮᠦ ᠪᠤᠷᠬᠠᠨ ᠤ ᠰᠢᠷᠭᠤᠭᠤᠯᠢ ᠪᠠᠷ ᠰᠢᠷᠭᠤᠪᠠᠯ᠂ ᠪᠠᠷᠴᠢᠳ ᠭᠠᠢ ᠠᠷᠢᠯᠤᠨ᠎ᠠ ᠭᠡᠳᠡᠭ᠃ | 17. ᠯᠾᠠᠮᠤ ᠡᠵᠢ ᠶᠢᠨ ᠦᠯᠮᠡᠢ ᠶᠢᠨ ᠮᠦᠷ | ᠳᠣᠮᠤᠭ ᠶᠠᠷᠢᠶᠠᠨ ᠳᠤ ᠯᠾᠠᠮᠦ ᠪᠤᠷᠬᠠᠨ ᠢ ᠦᠷᠦ ᠵᠦᠭᠡᠯᠡᠨ ᠪᠤᠷᠬᠠᠨ ᠭᠡᠳᠡᠭ᠂ ᠲᠡᠭᠡᠭᠡᠳ ᠶᠠᠮᠠᠷ ᠨᠢᠭᠡᠨ | ᠬᠦᠮᠦᠨ ᠵᠣᠪᠠᠯᠠᠩ ᠲᠣᠬᠢᠶᠠᠯᠳᠤᠭᠠᠳ ᠳᠠᠭᠤᠳᠠᠬᠤ ᠳᠤᠨᠢ ᠶᠠᠭᠠᠷᠠᠤ ᠰᠠᠨᠳᠤᠷᠠᠤ ᠭᠠᠷᠴᠦ ᠢᠷᠡᠭᠡᠳ ᠬᠦᠯ ᠨᠢᠴᠦᠭᠦᠨ | ᠭᠦᠶᠦᠬᠦ ᠳᠡᠭᠡᠨ ᠬᠦᠯ ᠤᠨ ᠮᠦᠷ ᠢᠶᠠᠨ ᠦᠯᠡᠳᠡᠭᠡᠴᠢᠬᠡᠭᠰᠡᠨ ᠭᠡᠳᠡᠭ᠃ | 18. ᠰᠠᠭᠤᠳᠠᠯ ᠬᠠᠳᠠ | ᠴᠢᠩᠭᠢᠰ ᠬᠠᠭᠠᠨ ᠤ ᠲᠦᠰᠢᠮᠡᠯ ᠤᠳ ᠤᠨ ᠰᠠᠭᠤᠭᠰᠠᠨ ᠬᠠᠳᠠ᠃ | | ᠭᠤᠷᠣᠭᠠᠨ ᠤ ᠨᠠᠢᠮᠠᠨ ᠰᠤᠪᠤᠷᠭ᠎ᠠ | | 1. ᠡᠷᠳᠡᠨᠢᠲᠦ ᠴᠠᠭᠠᠨ ᠰᠤᠪᠤᠷᠭ᠎ᠠ | ᠡᠩᠬᠡ ᠮᠡᠨᠳᠦ ᠶᠢ ᠬᠠᠶᠢᠷᠠᠯᠠᠭᠴᠢ ᠡᠷᠳᠡᠨᠢᠲᠦ ᠴᠠᠭᠠᠨ ᠰᠤᠪᠤᠷᠭ᠎ᠠ ᠳᠤᠷ ᠮᠦᠷᠭᠦᠪᠡᠰᠦ ᠡᠷᠡᠭᠦᠯ ᠪᠡᠶ᠎ᠡ | ᠰᠠᠷᠠᠭᠤᠯ ᠤᠬᠠᠭᠠᠨ ᠲᠠᠢ ᠶᠠᠪᠤᠮᠤᠢ᠃ | 2. ᠪᠢᠯᠢᠭᠲᠦ ᠴᠠᠭᠠᠨ ᠰᠤᠪᠤᠷᠭ᠎ᠠ | ᠪᠢᠴᠢᠭ ᠨᠣᠮ ᠢ ᠪᠠᠳᠠᠷᠠᠭᠤᠯᠤᠭᠴᠢ ᠪᠢᠯᠢᠭᠲᠦ ᠴᠠᠭᠠᠨ ᠰᠤᠪᠤᠷᠭ᠎ᠠ ᠳᠤᠷ ᠵᠠᠯᠪᠠᠷᠢᠪᠠᠰᠤ ᠪᠢᠯᠢᠭ ᠨᠡᠭᠡᠭᠡᠭᠳᠡᠵᠤ | ᠪᠢᠴᠢᠭ ᠰᠤᠳᠤᠷ ᠲᠤ ᠨᠡᠪᠲᠡᠷᠡᠮᠤᠢ | 3. ᠦᠯᠵᠡᠶᠢᠲᠦ ᠴᠠᠭᠠᠨ ᠰᠤᠪᠤᠷᠭ᠎ᠠ | ᠦᠷ᠎ᠡ ᠶᠢᠨ ᠬᠤᠲᠤᠭ ᠵᠠᠶᠠᠭᠠᠭᠴᠢ ᠦᠯᠵᠡᠶᠢᠲᠦ ᠴᠠᠭᠠᠨ ᠰᠤᠪᠤᠷᠭ᠎ᠠ ᠳᠤᠷ ᠰᠦᠰᠦᠭᠯᠡᠪᠡᠰᠦ ᠦᠷ᠎ᠡ | ᠬᠤᠶᠢᠴᠢᠰ ᠮᠠᠨᠳᠤᠵᠤ ᠤᠳᠤᠮ ᠤᠭᠰᠠᠭ᠎ᠠ ᠳᠡᠯᠭᠡᠷᠡᠮᠤᠢ | 4. ᠦᠷᠦᠰᠢᠶᠡᠯᠲᠦ ᠴᠠᠭᠠᠨ ᠰᠤᠪᠤᠷᠭ᠎ᠠ | ᠡᠪᠡᠳᠴᠢᠨ ᠵᠤᠪᠠᠯᠠᠩ ᠢ ᠠᠨᠠᠭᠠᠭᠴᠢ ︵ᠠᠷᠢᠯᠭᠠᠭᠴᠢ︶ ᠦᠷᠦᠰᠢᠶᠡᠯᠲᠦ ᠴᠠᠭᠠᠨ ᠰᠤᠪᠤᠷᠭ᠎ᠠ ᠳᠤᠷ | ᠰᠦᠵᠢᠭᠯᠡᠪᠡᠰᠦ ᠠᠷᠬᠠᠭ ᠭᠡᠮ ᠠᠷᠢᠯᠵᠤ ᠡᠪᠡᠳᠴᠢᠨ ᠬᠠᠭᠤᠴᠢᠨ ᠡᠳᠡᠭᠡᠷᠡᠮᠤᠢ | 5. ᠢᠷᠦᠭᠡᠯᠲᠦ ᠴᠠᠭᠠᠨ ᠰᠤᠪᠤᠷᠭ᠎ᠠ | ᠢᠲᠡᠭᠡᠯ ᠪᠢᠰᠢᠷᠡᠯ ᠢ ᠣᠯᠭᠤᠭᠴᠢ ᠢᠷᠦᠭᠡᠯᠲᠦ ᠴᠠᠭᠠᠨ ᠰᠤᠪᠤᠷᠭ᠎ᠠ ᠳᠤᠷ ᠠᠶᠢᠯᠠᠳᠬᠠᠪᠠᠰᠤ ᠬᠡᠷᠬᠢᠮ ᠪᠤᠶᠠᠨ | ᠬᠤᠣᠰ ᠪᠦᠷᠢᠨ ᠪᠣᠯᠣᠮᠣᠢ | 6. ᠪᠤᠶᠠᠨᠲᠦ ᠴᠠᠭᠠᠨ ᠰᠤᠪᠤᠷᠭ᠎ᠠ | ᠪᠤᠶᠠᠨ ᠵᠠᠶᠠᠭ᠎ᠠ ᠶᠢ ᠪᠠᠲᠤᠬᠠᠭᠴᠢ ᠪᠤᠶᠠᠨᠲᠦ ᠴᠠᠭᠠᠨ ᠰᠤᠪᠤᠷᠭ᠎ᠠ ᠳᠤᠷ ᠳᠠᠭᠠᠳᠬᠠᠪᠠᠰᠤ ᠤᠷᠲᠤ ᠨᠠᠰᠤᠯᠠᠵᠤ | ᠤᠳᠠᠭᠠᠨ ᠵᠢᠷᠭᠠᠮᠤᠢ | 7. ᠰᠢᠳᠢᠲᠦ ᠴᠠᠭᠠᠨ ᠰᠤᠪᠤᠷᠭ᠎ᠠ | ᠰᠢᠮᠨᠣᠰ ᠴᠢᠳᠭᠦᠷ ᠢ ᠳᠠᠷᠤᠭᠴᠢ ᠰᠢᠳᠢᠲᠦ ᠴᠠᠭᠠᠨ ᠰᠤᠪᠤᠷᠭ᠎ᠠ ᠳᠤᠷ ᠪᠢᠰᠢᠷᠡᠪᠡᠰᠦ ᠭᠠᠢ ᠪᠠᠷᠴᠢᠳ | ᠵᠠᠶᠢᠯᠠᠵᠤ ᠭᠠᠮᠰᠢᠭ ᠵᠣᠪᠠᠯᠠᠩ ᠠᠷᠢᠯᠤᠮᠤᠢ | 8. ᠵᠢᠩᠰᠡᠲᠦ ᠴᠠᠭᠠᠨ ᠰᠤᠪᠤᠷᠭ᠎ᠠ | ᠵᠠᠶᠠᠭ᠎ᠠ ᠪᠤᠶᠠᠨ ᠢ ᠰᠣᠶᠣᠷᠬᠠᠭᠴᠢ ᠵᠢᠩᠰᠡᠲᠦ ᠴᠠᠭᠠᠨ ᠰᠤᠪᠤᠷᠭ᠎ᠠ ᠳᠤᠷ ᠰᠢᠲᠦᠪᠡᠰᠦ ᠰᠠᠶᠢᠨ ᠦᠢᠯᠡᠰ | ᠰᠠᠨᠠᠭᠰᠠᠨ ᠶᠣᠰᠤᠭᠠᠷ ᠪᠦᠲᠦᠮᠤᠢ | | ᠡᠮᠦᠨᠡᠲᠦ ᠣᠷᠣᠨ | | ᠮᠢᠩᠭ᠎ᠠ ᠪᠦᠭᠡᠳ ᠨᠠᠶᠠᠨ ᠱᠠᠲᠦ ᠲᠠᠢ ᠬᠡᠶᠢᠮᠤᠷᠢ ᠶᠢᠨ ᠠᠯᠲᠠᠨ ᠣᠪᠣᠭ᠎ᠠ᠂ ᠬᠠᠷ᠎ᠠ ᠯᠤᠤᠰ ᠤᠨ ᠬᠠᠭᠠᠨ | 1. ᠬᠡᠶᠢᠮᠤᠷᠢ ᠶᠢᠨ ᠠᠯᠲᠠᠨ ᠣᠪᠣᠭ᠎ᠠ | 2. ᠬᠠᠷ᠎ᠠ ᠯᠤᠤᠰ ᠤᠨ ᠬᠠᠭᠠᠨ | ᠬᠠᠷ᠎ᠠ ᠯᠤᠤᠰ ᠤᠨ ᠬᠠᠭᠠᠨ ᠬᠡᠵᠤ ᠨᠢᠭᠡ ᠬᠠᠳᠠᠳᠤ ᠠᠭᠤᠯᠠ ᠪᠤᠢ᠃ ᠡᠭᠦᠨ ᠢ ᠯᠤᠤᠰ ᠤᠨ ᠬᠠᠭᠠᠨ ᠤ | ᠮᠦᠡᠭᠭᠡ ᠶᠢᠨ ᠤᠷᠤᠨ ᠬᠡᠳᠡᠭ᠃ ᠬᠠᠷ᠎ᠠ ᠯᠤᠤᠰ ᠤᠨ ᠬᠠᠭᠠᠨ ᠳᠤ ᠵᠢᠯ ᠪᠦᠷᠢ ᠨᠤᠮ ᠬᠤᠷᠠᠵᠤ᠂ ᠪᠤᠷᠤᠭᠠᠨ ᠭᠤᠶᠤᠬᠤ | ᠂ ᠲᠡᠭᠢᠯᠭ᠎ᠠ ᠡᠷᠭᠦᠭᠦ᠂ ᠭᠠᠵᠠᠷ ᠤᠰᠤᠨ ᠤ ᠬᠤᠤᠷᠯᠠᠯ ᠠᠴᠠ ᠪᠤᠯᠤᠬᠰᠠᠨ ᠭᠠᠢ ᠪᠠᠷᠴᠢᠳ ᠢᠶᠠᠨ ᠲᠠᠭᠠᠳᠬᠠᠨ | ᠠᠷᠢᠯᠭᠠᠬᠤ ᠶᠢᠨ ᠲᠦᠯᠦᠭᠡ ᠮᠦᠷᠭᠦᠯᠴᠢᠳ ᠡᠷᠭᠦᠯ ᠲᠠᠯᠪᠢᠨ ᠲᠠᠭᠠᠠᠳᠬᠠᠯ ᠭᠢᠳᠡᠭ᠃ | | | | | | | | | | | | | | | | | | | | | | | |