ᠵᠢᠩᠰᠡᠳᠤ ᠠᠭᠤᠢ ᠨᠢ ᠡᠵᠢᠨᠠᠭᠤᠷ ᠪᠠᠯᠭᠠᠰᠤᠨ ᠤ ᠪᠠᠳᠠᠷᠠᠬᠤ ᠭᠠᠴᠠᠭᠠᠨ ᠤ ᠨᠤᠳᠤᠭ ᠲᠠᠬᠢ ᠵᠢᠩᠰᠡᠳᠤ ᠬᠠᠶᠢᠷᠬᠠᠨ | ᠠᠭᠤᠯᠠᠨ ᠳᠤ ᠪᠤᠢ᠃ ᠠᠭᠤᠢ ᠶᠢᠨ ᠠᠮᠠᠰᠠᠷ ᠪᠠᠷᠠᠭᠤᠨ ᠬᠤᠶᠢᠳᠤ ᠵᠦᠭ ᠬᠠᠨᠳᠤᠭᠰᠠᠨ᠂ ᠥᠷᠭᠡᠨ ᠨᠢ 16 ᠮᠧᠲᠷ᠂ | ᠬᠦᠨ ᠨᠢ 24 ᠮᠧᠲᠷ᠂ ᠰᠣᠶᠣᠯᠳᠣ ᠲᠠᠪᠬᠤᠷᠭ᠎ᠠ ᠶᠢᠨ ᠵᠤᠵᠠᠭᠠᠨ ᠨᠢ 5 ᠮᠧᠲᠷ ᠪᠠᠶᠢᠳᠠᠭ᠃ ᠠᠳᠡ 2000 — | 2001 ᠣᠨ ᠤ ᠬᠤᠭᠤᠷᠣᠨᠳᠣ 80 ᠺᠦᠸᠠᠳ᠋ ᠮᠧᠲᠷ ᠲᠠᠯᠠᠪᠠᠢ ᠳᠤ ᠬᠤᠶᠠᠷ ᠣᠳᠠᠭᠠᠨ ᠤ ᠮᠠᠯᠲᠠᠯᠭ᠎ᠠ ᠬᠢᠵᠣ᠂ | ᠭᠤᠷᠪᠠᠨ ᠲᠠᠪᠬᠤᠷᠭ᠎ᠠ ᠬᠤᠪᠢᠶᠠᠭᠳᠠᠭᠰᠠᠨ ᠢ ᠲᠣᠳᠣᠷᠠᠭᠤᠯᠪᠠ᠃ ᠬᠠᠮᠤᠭ ᠤᠨ ᠲᠤᠤᠷᠠᠳᠤ ᠲᠠᠪᠬᠤᠷᠭ᠎ᠠ ᠠᠴᠠ | ᠬᠠᠭᠤᠴᠢᠨ ᠴᠢᠯᠠᠭᠤᠨ ᠵᠡᠪᠰᠡᠭ ᠤᠨ ᠦᠶ᠎ᠡ ᠶᠢᠨ ᠴᠢᠯᠠᠭᠤᠨ ᠵᠡᠪᠰᠡᠭ 1332 ᠰᠢᠷᠭᠡᠭ ᠪᠠ ᠠᠮᠢᠳᠠᠳ ᠤᠨ ᠶᠠᠰᠤ | ᠢᠯᠡᠷᠡᠪᠡ᠃ ᠲᠣᠮᠳᠠ ᠲᠠᠪᠬᠤᠷᠭ᠎ᠠ ᠠᠴᠠ ᠬᠠᠭᠤᠴᠢᠨ ᠴᠢᠯᠠᠭᠤᠨ ᠵᠡᠪᠰᠡᠭ ᠤᠨ ᠲᠤᠮᠳᠠ᠂ ᠰᠡᠬᠦᠯᠴᠢ ᠦᠶ᠎ᠡ ᠶᠢᠨ | ᠴᠢᠯᠠᠭᠤᠨ ᠵᠡᠪᠰᠡᠭ ᠢ 1300 ᠭᠠᠷᠣᠢ ᠪᠠ ᠲᠠᠬᠢ᠂ ᠬᠡᠷᠢᠰ᠂ ᠬᠠᠪᠲᠠᠭᠠᠢ᠂ ᠪᠣᠭᠤ ᠵᠡᠷᠭᠡ ᠠᠮᠢᠳᠠᠳ ᠤᠨ ᠶᠠᠰᠤ | ᠢᠯᠡᠷᠡᠪᠡ᠃ ᠬᠠᠮᠤᠭ ᠲᠡᠭᠡᠳᠤ ᠲᠠᠪᠬᠤᠷᠭ᠎ᠠ ᠠᠴᠠ ᠶᠡᠭᠡ ᠬᠡᠮᠵᠢᠶᠡᠨ ᠤ ᠦᠨᠡᠰᠤᠨ ᠬᠦᠬᠡ ᠪᠡ ᠬᠠᠷ᠎ᠠ ᠦᠡᠭᠭᠡ ᠲᠠᠢ | ᠸᠠᠭᠠᠷ ᠤᠨ ᠡᠳ᠋ᠯᠡᠯ ᠤᠨ ᠬᠠᠭᠠᠷᠬᠠᠢ ᠪᠠ ᠨᠠᠷᠢᠯᠢᠭ ᠴᠢᠯᠠᠭᠤᠨ ᠵᠡᠪᠰᠡᠭ 1308 ᠰᠢᠷᠭᠡᠭ᠂ ᠶᠠᠰᠣᠨ ᠵᠢᠮᠰᠡᠭ᠂ ᠵᠡᠪᠡ | ᠮᠡᠳᠣ ᠶᠢᠨ ᠶᠠᠰᠣᠨ ᠡᠳ᠋ᠯᠡᠯ 30 ᠭᠠᠷᠣᠢ ᠰᠢᠷᠭᠡᠭ᠂ ᠪᠠᠭ᠎ᠠ ᠬᠡᠮᠵᠢᠶᠡᠨ ᠤ ᠬᠥᠷᠡᠯ ᠡᠳ᠋ᠯᠡᠯ ᠵᠢᠴᠢ ᠠᠳᠣᠭᠤ᠂ | ᠬᠤᠨᠢᠨ ᠤ ᠶᠠᠰᠣ ᠪᠠᠷ ᠭᠤᠣᠯᠯᠠᠭᠰᠠᠨ ᠠᠮᠢᠳᠠᠨ ᠤ ᠶᠠᠰᠣ ᠣᠯᠠᠨ ᠲᠤᠭ᠎ᠠ ᠪᠠᠷ ᠣᠯᠳᠠᠵᠠᠢ᠃ ᠰᠣᠳᠣᠯᠭᠠᠨ ᠤ ᠥᠷ᠎ᠡ | ᠳ᠋ᠥᠩ ᠳᠤ ᠡᠨᠡ ᠠᠭᠤᠢ ᠳᠤ ᠣᠳᠣ ᠠᠴᠠ 3 — 1 ᠲᠥᠮᠡᠨ ᠵᠢᠯ ᠤᠨ ᠡᠮᠥᠨᠡᠬᠢ ᠪᠣᠶᠣ ᠨᠡᠩ ᠡᠷᠲᠡᠨ ᠤ ᠬᠥᠮᠥᠨ | ᠲᠥᠷᠥᠯᠬᠢᠳᠡᠨ ᠣᠷᠣᠰᠢᠨ ᠠᠮᠢᠳᠣᠷᠠᠵᠣ ᠪᠠᠶᠢᠭᠰᠠᠨ ᠤ ᠣᠯᠠ ᠮᠥᠷ ᠵᠢᠴᠢ ᠡᠷᠲᠠᠨ ᠤ ᠠᠮᠢᠳᠠᠨ ᠰᠣᠳᠣᠯᠣᠯ ᠤᠨ | ᠰᠢᠨᠵᠢᠯᠡᠭᠦ ᠣᠬᠠᠭᠠᠨ ᠤ ᠥᠨ᠎ᠡ ᠥᠷᠳᠡᠭ᠂ ᠰᠣᠳᠣᠯᠭᠠᠨ ᠳᠤ ᠮᠠᠰᠢ ᠴᠢᠬᠤᠯᠠ ᠨᠣᠳᠠᠯᠭᠠ ᠪᠣᠯᠬᠤ ᠶᠣᠮ᠃ ᠡᠶᠢᠨ | ᠬᠦ ᠡᠨᠡ ᠪᠠᠭᠤᠷᠢ ᠶᠢ 2004 ᠣᠨ ᠳᠤ ᠣᠷᠣᠨ ᠤ ᠲᠡᠰ ᠤᠨ ᠬᠠᠮᠠᠭᠠᠯᠠᠯᠳᠠ ᠵᠢᠨᠪᠠᠭᠤᠷᠢ ᠪᠣᠯᠭᠠᠵᠣ | ᠬᠠᠮᠠᠭᠠᠯᠠᠯᠳᠠ ᠳᠤ ᠠᠪᠣᠭᠰᠠᠨ ᠶᠣᠮ᠃ | | | | | | | | | | | | | | | | | | | | | | | | | |