ᠦᠨᠢᠷ ᠦᠰᠬᠦ ᠶᠢᠨ ᠪᠡᠯᠭᠡᠳᠡᠯ ᠲᠠᠢ ᠦᠯᠵᠡᠶᠢᠳᠦ ᠬᠠᠪᠤᠷ ᠤᠨ ᠤᠶᠠᠩᠭ᠎ᠠ
ᠨᠡᠶᠢᠲᠡᠯᠡᠭᠰᠡᠨ ᠴᠠᠭ᠄
2020/2/24
     ᠦᠩᠭᠡᠷᠡᠬᠦ ᠡᠪᠤᠯ ᠴᠠᠰᠤ ᠴᠢᠬᠢᠭ ᠲᠠᠢ ᠳᠡᠭᠡᠷ᠎ᠠ ᠪᠠᠨ ᠰᠠᠯᠬᠢ ᠪᠠᠭ᠎ᠠ ᠲᠠᠢ ᠲᠤᠯᠠᠭᠠᠨ ᠤᠯᠠᠷᠢᠯ ᠪᠤᠯᠤᠭᠰᠠᠨ ᠪᠤᠯᠬᠤᠷ ᠮᠠᠯ ᠰᠦᠷᠦᠭ ᠤᠨ ᠲᠠᠷᠭᠤ ᠬᠦᠴᠤ ᠰᠠᠶᠢᠨ ᠪᠠᠶᠢᠨ᠎ᠠ᠃ ᠰᠤᠷᠪᠤᠯᠵᠢᠯᠠᠬᠴᠢ ᠠᠶᠢᠮᠠᠭ ᠤᠨ ᠲᠠᠷᠢᠶᠠᠯᠠᠩ ᠮᠠᠯ ᠠᠵᠤ ᠠᠬᠤᠢ ᠶᠢᠨ ᠲᠤᠪᠴᠢᠶᠠᠨ ᠠᠴᠠ ᠤᠶᠢᠯᠠᠭᠠᠭᠰᠠᠨ ᠢᠶᠠᠷ᠂ 2020 ᠤᠨ ᠤ 2 ᠰᠠᠷ᠎ᠠ ᠶᠢᠨ 13 ᠤ ᠡᠳᠦᠷ ᠪᠤᠯᠳᠠᠯ᠎ᠠ᠂ ᠪᠦᠬᠦ ᠠᠶᠢᠮᠠᠭ ᠢᠶᠠᠷ ᠢᠶᠠᠨ ᠨᠡᠶᠢᠳᠡ 63 ᠲᠦᠮᠡ 7403 ᠲᠦᠯ ᠲᠤᠰᠴᠠᠢ᠃ ᠡᠭᠦᠨ ᠳᠤ᠂ ᠪᠤᠳᠠ ᠮᠠᠯ ᠤᠨ ᠲᠦᠯ 7 ᠲᠦᠮᠡ 8475 ︵ᠡᠭᠦᠨ ᠳᠤ 7 ᠲᠦᠮᠡ 5975 ᠲᠤᠭᠤᠯ ᠲᠤᠰᠪᠠ︶ ᠲᠤᠰᠴᠤ᠂ ᠪᠤᠭ ᠮᠠᠯ ᠤᠨ ᠲᠦᠯ 55 ᠲᠦᠮᠡ 8928 ᠲᠤᠰᠴᠤ᠂ ᠪᠤᠶᠢᠵᠢᠯᠳᠡ ᠶᠢᠨ ᠨᠤᠷᠮ᠎ᠠ 99.7% ᠳᠤ ᠬᠦᠷᠴᠡᠢ᠃      ᠬᠠᠪᠤᠷ ᠤᠨ ᠤᠯᠠᠷᠢᠯ ᠪᠤᠯ ᠰᠢᠯᠢ ᠶᠢᠨ ᠮᠠᠯᠴᠢᠳ ᠤᠨ ᠡᠷᠳᠡᠨᠢᠳᠤ ᠲᠠᠪᠤᠨ ᠰᠦᠷᠦᠭ ᠤᠨ ᠢᠶᠠᠨ ᠦᠷ᠎ᠠ ᠲᠦᠯ ᠢ ᠦᠨᠢᠷ ᠲᠤᠰᠴᠤ ᠪᠤᠶᠢᠵᠢᠭᠤᠯᠬᠤ ᠵᠠᠩᠬᠢᠯᠠᠭ᠎ᠠ ᠶᠢᠨ ᠦᠶ᠎ᠠ ᠪᠠᠶᠢᠳᠠᠭ ᠴᠤ ᠵᠠᠷᠢᠮ ᠨᠤᠳᠤᠭ ᠤᠨ ᠮᠠᠯᠴᠢᠳ ᠨᠢᠭᠡᠨᠳᠡ ᠡᠪᠤᠯ ᠪᠠ ᠬᠠᠪᠤᠷ ᠡᠷᠳᠡ ᠶᠢᠨ ᠲᠦᠯ ᠲᠤᠰᠴᠤ ᠡᠬᠢᠯᠡᠭᠰᠡᠨ ᠪᠤᠯᠬᠤᠷ ᠰᠦᠯᠵᠢᠶ᠎ᠡ ᠬᠤᠯᠪᠤᠭ᠎ᠠ ᠪᠠᠷ ᠮᠠᠯᠴᠢᠳ ᠤᠨ ᠲᠦᠯ ᠲᠤᠰᠴᠤ ᠪᠠᠶᠢᠭ᠎ᠠ ᠰᠡᠬᠦᠳᠡᠷ ᠰᠢᠩᠭᠡᠭᠡᠯᠳᠡ᠂ ᠮᠡᠳᠡᠭᠡ ᠮᠡᠳᠡᠭᠡᠯᠡᠯ ᠤᠯᠠᠨ ᠳᠠᠮᠵᠢᠭᠳᠠᠨ᠎ᠠ᠃ ᠰᠢᠯᠤᠭᠤᠨ ᠬᠦᠪᠡᠭᠡᠳᠦ ᠴᠠᠭᠠᠨ ᠬᠤᠰᠢᠭᠤᠨ ᠤ ᠶᠡᠬᠡᠨᠠᠭᠤᠷ ᠰᠤᠮᠤᠨ ᠤ ᠷᠠᠰᠢᠶᠠᠨ ᠳᠠᠷᠠᠰᠤ ᠭᠠᠴᠠᠭ᠎ᠠ ᠪᠤᠯ ᠬᠤᠯᠠᠨ ᠰᠢᠷᠭ᠎ᠠ ᠳᠠᠭ᠎ᠠ ᠶᠢᠨ ᠡᠯᠡᠰᠤᠨ ᠳᠤ ᠪᠠᠶᠢᠷᠢᠯᠡᠵᠤ᠂ ᠮᠠᠯᠴᠢᠳ ᠨᠢ ᠤᠷᠤᠨ ᠨᠤᠳᠤᠭ ᠤᠨ ᠢᠶᠠᠨ ᠪᠤᠳᠠᠳᠤ ᠪᠠᠶᠢᠳᠠᠯ ᠠᠴᠠ ᠡᠭᠦᠰᠴᠤ ᠂ ᠰᠢᠮᠧᠨ᠋ᠲ᠋ᠠᠷ‌ᠦᠭᠡᠷ ᠮᠠᠯᠵᠢᠬᠤ ᠪᠠᠷ ᠭᠤᠤᠯᠳᠠᠳᠠᠭ ᠪᠠᠶᠢᠨ᠎ᠠ᠃ ᠪᠦᠬᠦ ᠭᠠᠴᠠᠭᠠᠨ ᠳᠤ ᠡᠨᠡ ᠵᠢᠯ ᠲᠤᠭᠤᠯᠯᠠᠬᠤ ᠦᠨᠢᠶ᠎ᠠ 3000 ᠪᠠᠶᠢᠵᠤ᠂ ᠡᠪᠤᠯ ᠠᠴᠠ ᠡᠬᠢᠯᠡᠨ ᠲᠤᠭᠤᠯᠯᠠᠭᠰᠠᠨ ᠪᠤᠯᠬᠤᠷ ᠤᠳᠤ ᠪᠤᠯᠳᠠᠯ᠎ᠠ 2600 ᠰᠢᠬᠠᠮ ᠲᠤᠭᠤᠯ ᠲᠤᠰᠴᠤ᠂ ᠲᠦᠯ ᠲᠤᠰᠬᠤ ᠠᠵᠢᠯ ᠨᠢ ᠰᠢᠪᠳᠤᠷᠠᠭᠠᠨ ᠳᠠᠭᠠᠨ ᠤᠷᠤᠵᠠᠢ᠃ ᠪᠠᠷᠠᠭᠤᠨ ᠦᠵᠦᠮᠦᠴᠢᠨ ᠬᠤᠰᠢᠭᠤᠨ ᠤ ᠤᠯᠠᠭᠠᠨᠬᠠᠭᠠᠯᠭ᠎ᠠ ᠰᠤᠮᠤ ᠶᠢᠨ ᠡᠷᠬᠡᠳᠦᠠᠤᠪᠤᠭ᠎ᠠ ᠭᠠᠴᠠᠭᠠᠨ ᠤ ᠮᠠᠯᠴᠢᠳ 1 ᠰᠠᠷ᠎ᠠ ᠠᠴᠠ ᠡᠬᠢᠯᠡᠨ ᠪᠤᠭ ᠮᠠᠯ ᠤᠨ ᠲᠦᠯ ᠲᠤᠰᠤᠭᠰᠠᠨ ᠪᠤᠯᠬᠤᠷ ᠬᠦᠷᠪᠡᠵᠢᠭᠰᠡᠨ ᠬᠤᠷᠠᠭ᠎ᠠ ᠢᠰᠢᠭᠡᠳ ᠬᠤᠷᠤᠭ᠎ᠠ ᠲᠦᠭᠦᠷᠡᠩ ᠲᠤᠭᠯᠠᠯᠳᠤᠵᠤ᠂ ᠮᠠᠯᠵᠢᠭᠰᠠᠨ ᠡᠵᠡᠳ ᠢᠶᠠᠨ ᠪᠠᠶᠠᠰᠬᠠᠨ᠎ᠠ᠃ ᠪᠦᠷᠢᠨ ᠪᠤᠰᠤ ᠪᠦᠷᠢᠳᠭᠡᠯ ᠢᠶᠠᠷ ᠲᠤᠰ ᠭᠠᠴᠠᠭ᠎ᠠ ᠤᠳᠤ ᠪᠤᠯᠳᠠᠯ᠎ᠠ ᠨᠢᠭᠡᠨᠳᠡ 1 ᠲᠦᠮᠡ 4000 ᠰᠢᠬᠠᠮ ᠲᠦᠯ ᠲᠤᠰᠴᠤ᠂ ᠪᠤᠶᠢᠵᠢᠯᠳᠠ ᠶᠢᠨ ᠨᠤᠷᠮ᠎ᠠ ᠨᠢ 99% ᠳᠤ ᠬᠦᠷᠴᠠᠢ᠃ ᠠᠪᠠᠭ᠎ᠠ ᠬᠤᠰᠢᠭᠤᠨ ᠤ ᠪᠠᠶᠠᠨᠳᠤᠭ ᠰᠤᠮᠤ ᠶᠢᠨ ᠨᠤᠮᠤᠭᠠᠨ ᠭᠠᠴᠠᠭᠠᠨ ᠤ ᠮᠠᠯᠴᠢᠨ ᠴᠤᠯᠮᠤᠨ ᠤ ᠬᠢ ᠭᠡᠳᠦᠨ ᠵᠢᠯ ᠤᠨ ᠡᠮᠦᠨ᠎ᠠ ᠠᠴᠠ ᠮᠠᠨ ᠤ ᠠᠶᠢᠮᠠᠭ ᠤᠨ ︽ᠬᠤᠨᠢ ᠶᠢ ᠴᠦᠭᠡᠴᠢᠯᠡᠵᠤ᠂ ᠦᠭᠡᠷ ᠢ ᠨᠡᠮᠡᠭᠳᠡᠬᠦᠯᠬᠦ︾ ᠪᠠᠶᠢᠯᠳᠤᠬᠤ ᠪᠤᠳᠤᠯᠭ᠎ᠠ ᠶᠢᠨ ᠤᠷᠢᠶᠠᠯᠠᠭ᠎ᠠ ᠶᠢᠨ ᠳᠠᠭᠠᠤ ᠮᠠᠯᠵᠢᠬᠤ ᠤᠶᠢᠯᠡᠳᠪᠤᠷᠢᠯᠡᠯ ᠡᠵᠡᠩᠨᠡᠯᠳᠡ ᠶᠢᠨ ᠠᠷᠭ᠎ᠠ ᠪᠠᠷᠢᠯ ᠢᠶᠠᠨ ᠬᠤᠪᠢᠷᠠᠭᠤᠯᠤᠨ᠂ ᠰᠢᠯᠢᠳᠡᠭ ᠡᠭᠦᠯᠳᠡᠷ ᠤᠨ ᠰᠢᠮᠧᠨ᠋ᠲ᠋ᠡᠷ ᠦᠭᠡᠷ ᠮᠠᠯᠵᠢᠨ᠂ ᠤᠳᠤ ᠦᠶ᠎ᠠ ᠶᠢᠨ ᠮᠠᠯ ᠠᠵᠤ ᠠᠬᠤᠢ ᠶᠢ ᠬᠦᠭᠵᠢᠬᠦᠯᠬᠦ ᠵᠠᠮ ᠢᠶᠠᠷ ᠵᠠᠮᠨᠠᠵᠠᠢ᠃ ᠴᠤᠯᠮᠤᠨ ᠦᠩᠭᠡᠷᠡᠬᠦ ᠨᠠᠮᠤᠷ ᠡᠪᠤᠯᠵᠢᠬᠦᠯᠬᠦ ᠮᠠᠯ ᠳᠠᠭᠠᠨ 100 ᠲᠤᠨ ᠬᠦᠭᠡ ᠡᠪᠡᠰᠤ᠂ 30 ᠲᠤᠨ ᠨᠠᠷᠢᠯᠢᠭ ᠪᠤᠷᠳᠤᠭ᠎ᠠ ᠨᠦᠭᠡᠴᠡᠯᠡᠭᠰᠡᠨ ᠪᠤᠯᠬᠤᠷ ᠪᠠᠷᠳᠠᠮ ᠰᠠᠶᠢᠬᠠᠨ ᠬᠠᠪᠤᠷᠵᠢᠵᠤ ᠪᠠᠶᠢᠪᠠ᠃ ᠦᠨᠤ ᠬᠠᠪᠤᠷ ᠡᠳᠡᠨ ᠤ ᠦᠭᠡᠷ ᠰᠦᠷᠦᠭ ᠠᠴᠠ ᠵᠢᠷᠡ ᠰᠢᠬᠠᠮ ᠦᠨᠢᠶ᠎ᠠ ᠲᠤᠭᠤᠯᠯᠠᠬᠤ ᠶᠤᠮ ᠪᠠᠶᠢᠨ᠎ᠠ᠃      ᠬᠥᠪᠡᠭᠡᠳᠦ ᠰᠢᠷ᠎ᠠ ᠬᠤᠰᠢᠭᠤᠨ ᠤ ᠮᠠᠯᠴᠢᠳ ᠨᠤᠳᠤᠭ ᠪᠡᠯᠴᠢᠭᠡᠷ ᠢᠪᠴᠤᠤ ᠰᠢᠯᠳᠠᠭᠠᠨ ᠠᠴᠠ ᠪᠤᠯᠵᠤ᠂ ᠡᠪᠤᠯ ᠤᠨ ᠲᠦᠯ ᠲᠤᠰᠴᠤ ᠪᠤᠶᠢᠵᠢᠭᠤᠯᠤᠨ᠂ ᠡᠷᠳᠡ ᠠᠴᠠ ᠪᠤᠷᠳᠤᠵᠤ ᠲᠠᠷᠭᠤᠯᠠᠭᠤᠯᠤᠨ᠂ ᠡᠷᠳᠡ ᠵᠠᠬ᠎ᠠ ᠳᠡᠯᠭᠡᠬᠦᠷ ᠲᠤ ᠭᠠᠷᠭᠠᠵᠤ᠂ ᠪᠡᠯᠴᠢᠭᠡᠷ ᠤᠨ ᠳᠠᠷᠤᠭᠠᠰᠤ ᠶᠢ ᠬᠦᠩᠭᠡᠷᠡᠬᠦᠯᠦᠨ᠂ ᠡᠬᠡ ᠮᠠᠯ ᠳᠤ ᠲᠠᠷᠭᠤ ᠬᠦᠴᠤ ᠠᠪᠤᠭᠤᠯᠬᠤ ᠮᠠᠯᠵᠢᠯ ᠤᠨ ᠬᠡᠪ ᠵᠠᠭᠪᠤᠷ ᠢ ᠭᠡᠷᠡᠭᠯᠡᠭᠡᠳ ᠤᠳᠠᠭᠠᠨ ᠵᠢᠯ ᠪᠤᠯᠵᠤ ᠪᠠᠶᠢᠭ᠎ᠠ ᠤᠴᠢᠷ ᠠᠴᠠ ᠡᠨᠡ ᠵᠢᠯ ᠴᠤ ᠡᠪᠤᠯ ᠤᠨ ᠲᠦᠯ ᠲᠤᠰᠴᠤ᠂ ᠤᠳᠤ ᠪᠤᠯᠳᠠᠯ᠎ᠠ ᠪᠦᠬᠦ ᠬᠤᠰᠢᠭᠤ ᠪᠠᠷ ᠢᠶᠠᠨ 10 ᠭᠠᠷᠤᠢ ᠲᠦᠮᠡᠨ ᠲᠦᠯ ᠲᠣᠰᠴᠤ᠂ ᠲᠦᠯ ᠳᠤᠰᠤᠬᠰᠠᠨ ᠨᠤᠷᠮ᠎ᠠ 70% ᠶᠢ ᠳᠠᠪᠠᠵᠤ᠂ ᠲᠦᠯ ᠤᠨ ᠪᠤᠶᠢᠵᠢᠯᠳᠡ ᠶᠢᠨ ᠨᠤᠷᠮ᠎ᠠ 99.9% ᠳᠤ ᠬᠦᠷᠴᠠᠢ ᠃ ᠲᠤᠰ ᠬᠤᠰᠢᠭᠤᠨ ᠤ ᠪᠤᠭᠳᠠ ᠶᠢᠨ ᠭᠤᠤᠯ ᠰᠤᠮᠤ ᠶᠢᠨ ᠵᠠᠪᠢᠯᠠᠬᠤ ᠭᠠᠴᠠᠭᠠᠨ ᠤ ᠮᠠᠯ ᠢᠶᠠᠨ ᠮᠠᠯᠵᠢᠵᠤ ᠪᠠᠶᠢᠭ᠎ᠠ 40 ᠰᠢᠬᠠᠮ ᠡᠷᠦᠬᠡ ᠡᠪᠤᠯ ᠪᠠ ᠬᠠᠪᠤᠷ ᠡᠷᠳᠡ ᠶᠢᠨ ᠲᠦᠯ ᠲᠤᠰᠤᠭᠰᠠᠨ ᠢᠶᠠᠷ ᠤᠳᠤ ᠪᠤᠯᠳᠠᠯ᠎ᠠ 2000 ᠭᠠᠷᠤᠢ ᠪᠤᠭ ᠮᠠᠯ ᠤᠨ ᠲᠦᠯ ᠲᠤᠰᠴᠤ᠂ ᠪᠤᠶᠢᠵᠢᠯᠳᠡ ᠶᠢᠨ ᠨᠤᠷᠮ᠎ᠠ ᠨᠢ 100% ᠪᠠᠶᠢᠯ᠎ᠠ᠃ ᠲᠤᠰ ᠭᠠᠴᠠᠭᠠᠨ ᠤ ᠮᠠᠯᠴᠢᠨ ᠪᠦᠭᠡ ᠲᠠᠢ ᠤᠲᠠᠰᠤ ᠪᠠᠷ ᠬᠤᠯᠪᠤᠭᠳᠠᠬᠤ ᠳᠤ ᠴᠠᠭᠠᠨ᠎ᠠ ᠨᠢ ᠲᠦᠯ ᠮᠠᠯ ᠤᠨ ᠲᠠᠭᠤᠨ ᠬᠠᠩᠬᠢᠨᠠᠵᠤ ᠪᠠᠶᠢᠪᠠ᠃ ᠡᠳᠡᠨ ᠤ ᠬᠢ ᠡᠪᠤᠯ ᠬᠠᠪᠤᠷ ᠡᠷᠳᠡ ᠶᠢᠨ ᠲᠦᠯ ᠲᠤᠰᠤᠭᠰᠠᠨ ᠪᠤᠯᠬᠤᠷ ᠤᠳᠤ ᠨᠢᠭᠡᠨᠳᠡ 200 ᠲᠦᠯᠯᠡᠬᠦ ᠡᠬᠡ ᠮᠠᠯ ᠤᠨ ᠢᠶᠠᠨ ᠲᠦᠯ ᠢ 100% ᠪᠠᠷ ᠲᠤᠰᠴᠤ᠂ ᠲᠡᠵᠢᠭᠡᠯ ᠡᠪᠡᠰᠤᠨ ᠳᠤ ᠲᠠᠰᠬᠠᠨ ᠮᠠᠨᠳᠤ ᠪᠤᠶᠢᠵᠢᠭᠤᠯᠵᠤ ᠪᠠᠶᠢᠯ᠎ᠠ ᠃ ᠪᠦᠭᠡ᠄ ︽ᠦᠩᠭᠡᠷᠡᠬᠦ ᠡᠪᠤᠯ ᠴᠠᠰᠤ ᠶᠡᠭᠡ ᠤᠷᠤᠵᠤ᠂ ᠮᠠᠯ ᠢᠶᠠᠨ ᠵᠤᠭᠰᠤᠭ᠎ᠠ ᠲᠡᠵᠢᠭᠡᠴᠢᠭᠡᠭᠰᠡᠨ ᠪᠤᠯᠬᠤᠷ ᠡᠬᠡ ᠮᠠᠯ ᠤᠨ ᠰᠢᠮ᠎ᠠ ᠰᠠᠶᠢᠨ᠂ ᠲᠦᠯ ᠤᠨ ᠴᠠᠳᠬᠤᠯᠳᠠ ᠰᠠᠶᠢᠨ᠃ ᠤᠶᠢᠷ᠎ᠠ ᠠᠴᠠ ᠴᠠᠰᠤ ᠬᠠᠭᠵᠠᠷᠠᠵᠤ ᠡᠬᠢᠯᠡᠭᠰᠡᠨ ᠪᠤᠯᠬᠤᠷ ᠬᠤᠨᠢ ᠪᠠᠨ ᠪᠡᠯᠴᠢᠭᠡᠷᠯᠡᠬᠦᠯᠦᠭᠡᠳ ᠵᠦᠳᠡᠷᠡᠯ ᠦᠭᠡᠢ ᠯᠡ ᠬᠠᠪᠤᠷᠵᠢᠵᠤ ᠪᠠᠶᠢᠨ᠎ᠠ︾ ᠭᠡᠯ᠎ᠠ᠃     ᠲᠡᠭᠷᠢ ᠶᠢᠨ ᠭᠡᠰᠢᠭ ᠨᠢ ᠢᠪᠡᠭᠡᠭᠰᠡᠨ ᠰᠢᠯᠢ ᠨᠤᠳᠤᠭ ᠤᠨ ᠮᠠᠯᠴᠢᠳ ᠤᠨ ᠮᠢᠨᠢ ᠲᠦᠯ ᠲᠤᠰᠬᠤ ᠠᠵᠢᠯ ᠡᠶᠢᠮᠤ ᠯᠡ ᠦᠨᠢᠷ ᠦᠰᠬᠦ ᠶᠢᠨ ᠦᠯᠵᠡᠢ ᠮᠦᠷ ᠲᠠᠢ ᠶᠠᠪᠤᠬᠳᠠᠨ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号