ᠪᠦᠲᠦᠭᠡᠯ ᠨᠢ ᠦᠯᠡᠳᠡᠳᠡᠭ ᠬᠤᠷᠸ᠎ᠠ ᠳᠤ ᠮᠥᠩᠭᠡᠷᠡᠬᠦ ᠶᠢᠨ ᠣᠴᠢᠷ
ᠨᠡᠶᠢᠲᠡᠯᠡᠭᠰᠡᠨ ᠴᠠᠭ᠄
2020/12/4
    ᠤᠷᠠᠯᠢᠭ ᠤᠨ ᠣᠶᠢᠯᠡᠰ ᠲᠤ ᠪᠦᠬᠦ ᠤᠶᠤᠨ ᠤᠬᠠᠭᠠᠨ ᠢᠶᠠᠨ ᠰᠢᠪᠬᠠᠵᠤ ᠢᠷᠡᠭᠰᠡᠨ ᠣᠷᠠᠯᠢᠭᠴᠢᠨ ᠬᠠᠰᠡᠷᠳᠡᠨᠢ 1931 ᠤᠨ ᠤ ᠪᠢᠯᠢᠭ ᠤᠨ ᠤᠯᠠᠷᠢᠯ ᠤᠨ ᠦᠯᠵᠡᠢ ᠪᠡᠯᠬᠡᠳᠦ ᠨᠠᠢᠮᠠᠨ ᠰᠠᠷ᠎ᠠ ᠶᠢᠨ ᠰᠢᠨ᠎ᠠ ᠶᠢᠨ ᠨᠠᠢᠮᠠᠨ ᠤ ᠡᠳᠤᠷ ᠤᠳᠤ ᠶᠢᠨ ᠰᠢᠯᠤᠭᠤᠨ ᠬᠦᠬᠡ ᠬᠤᠰᠢᠭᠤᠨ ᠤ ᠱᠠᠩᠳᠤ ᠶᠢᠨ ᠭᠤᠤᠯ ᠰᠣᠮᠣᠨ ᠳᠤ ᠡᠬᠡᠯ ᠵᠢᠷ ᠤᠨ ᠮᠠᠯᠴᠢᠨ ᠰᠡᠩᠬᠡ᠂ ᠲᠡᠷᠢᠪᠡᠢ ᠶᠢᠨ ᠤᠳᠬᠠᠨ ᠬᠦᠦ ᠨᠢ ᠪᠤᠯᠤᠨ ᠵᠠᠶᠠᠭᠠᠵᠡᠢ᠃     ᠬᠠᠰᠡᠷᠳᠡᠨᠢ ᠬᠠᠷᠠᠬᠠᠨ ᠪᠠᠭ᠎ᠠ ᠠᠴᠠ ᠪᠠᠨ ᠠᠪᠤ ᠡᠵᠢ ᠪᠠᠨ ᠲᠠᠭᠠᠵᠦ ᠰᠦᠮ᠎ᠠ ᠶᠢᠨ ᠬᠤᠷᠠᠯ ᠪᠠ ᠨᠤᠳᠤᠭ ᠤᠰᠤᠨ ᠤ ᠠᠬᠠᠰ ᠵᠠᠬᠠᠰ ᠠᠬ᠎ᠠ ᠲᠡᠬᠦᠦ ᠰᠠᠳᠤᠨ ᠤ ᠬᠤᠷᠢᠮ᠂ ᠨᠠᠰᠤᠨ ᠪᠠᠶᠠᠷ ᠤᠨ ᠨᠠᠶᠢᠷ ᠲᠤ ᠦᠷᠬᠦᠯᠵᠢ ᠤᠴᠢᠳᠠᠭ ᠪᠠᠶᠢᠵᠡᠢ᠃ ᠬᠤᠷᠢᠮ ᠨᠠᠶᠢᠷ ᠲᠤ ᠲᠠᠭᠤᠴᠢᠨ ᠢᠶᠠᠷ ᠵᠠᠯᠠᠬᠳᠡᠳᠠᠭ ᠪᠠᠶᠢᠬᠰᠡᠨ ᠡᠵᠢ ᠬᠢᠬᠡᠳ ᠦᠷᠬᠡᠨ ᠲᠡᠯᠬᠡᠷ ᠲᠠᠯ᠎ᠠ ᠨᠤᠳᠤᠭ ᠤᠨ ᠰᠤᠶᠤᠯ᠂ ᠤᠷᠬᠢᠯᠤᠮ᠎ᠠ ᠬᠠᠯᠠᠭᠤᠨ ᠰᠡᠳᠬᠢᠯᠬᠡ ᠲᠠᠢ ᠮᠤᠩᠭᠤᠯ ᠦᠨᠳᠤᠰᠤᠳᠠᠨ ᠤ ᠲᠠᠭᠤᠦ ᠬᠦᠭᠵᠢᠮ ᠪᠦᠵᠢᠭ ᠲᠠᠬᠦᠨ ᠤ ᠤᠶᠤᠨ ᠤᠬᠠᠭᠠᠨ ᠳᠤ ᠬᠠᠳᠠᠩᠰᠢᠵᠥ᠂ ᠬᠤᠵᠢᠮ ᠤᠨ ᠦᠨᠳᠤᠰᠤᠳᠠᠨ ᠤ ᠪᠦᠵᠢᠭ ᠤᠨ ᠦᠢᠯᠠᠰ ᠲᠤ ᠵᠢᠳᠬᠦᠬᠦ ᠵᠣᠷᠢᠬ ᠢ ᠨᠢ ᠬᠥᠪᠴᠢᠯᠠᠵᠥ᠂ ᠰᠢᠯᠢ ᠶᠢᠨ ᠭᠤᠤᠯ ᠤᠨ ᠲᠠᠯ᠎ᠠ ᠨᠤᠳᠤᠭ ᠤᠨ ᠭᠠᠷᠮᠠᠭᠠᠢ ᠪᠦᠵᠢᠭᠴᠢᠨ ᠪᠤᠯᠬᠤ ᠰᠠᠭᠤᠷᠢ ᠶᠢ ᠨᠢ ᠲᠠᠯᠪᠢᠵᠥ ᠪᠢᠯᠠ᠃     ᠲᠠᠷᠠ ᠪᠠᠭ᠎ᠠ ᠳᠤ ᠪᠠᠨ ᠲᠤᠯᠤᠨ ᠨᠤᠤᠷ ᠤᠨ ᠪᠠᠭ᠎ᠠ ᠰᠣᠷᠭᠠᠭᠤᠯᠢ᠂ ᠵᠠᠩᠪᠸᠢ ᠶᠢᠨ ᠵᠠᠯᠠᠭᠤᠰ ᠤᠨ ᠰᠤᠷᠭᠠᠭᠤᠯᠢ ᠳᠤ ᠰᠤᠶᠤᠯ ᠨᠤᠮ ᠬᠦᠷᠳᠡᠵᠤ᠂ 1945 ᠤᠨ ᠳᠤ ᠴᠡᠷᠢᠭ ᠲᠤ ᠮᠣᠷᠳᠠᠵᠠᠢ᠃ ᠲᠤᠬᠠᠢ ᠶᠢᠨ ᠦᠶ᠎ᠠ ᠳᠤ ᠵᠠᠮ ᠬᠠᠷᠢᠯᠴᠠᠭ᠎ᠠ ᠪᠤᠶᠢᠳᠠ ᠪᠦᠭᠯᠡᠬᠦᠦ᠂ ᠴᠢᠮᠡᠭᠡ ᠬᠤᠯᠪᠤᠭ᠎ᠠ ᠨᠡᠪᠳᠡᠷᠡᠬᠦ ᠳᠤ ᠲᠦᠬᠦᠮ ᠦᠬᠡᠢ ᠪᠤᠯᠬᠤᠷ ᠠᠪᠤ ᠡᠵᠢ ᠠᠬ᠎ᠠ ᠲᠡᠬᠦᠦ ᠲᠦᠷᠤᠯ ᠰᠠᠳᠤᠨ ᠲᠠᠢ ᠪᠠᠨ ᠴᠢᠮᠡᠭᠡ ᠰᠤᠷᠠᠭ ᠲᠠᠰᠤᠷᠠᠭᠠᠳ ᠲᠦᠷᠪᠡᠨ ᠵᠢᠯ ᠢᠯᠡᠬᠦᠦ ᠪᠤᠯᠵᠥ᠂ ᠴᠡᠷᠢᠭ ᠠᠩᠬᠢ ᠨᠢ ᠰᠢᠯᠢ ᠶᠢᠨ ᠭᠤᠤᠯ ᠠᠶᠢᠮᠠᠭ ᠤᠨ ᠠᠪᠠᠭ᠋ᠠᠨᠠᠷ ᠬᠤᠰᠢᠭᠤᠨ ︵ᠤᠳᠦ ᠶᠢᠨ ᠰᠢᠯᠢ ᠶᠢᠨ ᠬᠤᠳᠠ︶ ᠳᠤ ᠬᠦᠷᠴᠦ ᠢᠷᠡᠭᠰᠡᠨ ᠳᠤ ᠴᠡᠷᠢᠭ ᠠᠩᠬᠢ ᠠᠴᠠ ᠪᠠᠨ ᠴᠢᠯᠤᠬᠡ ᠭᠤᠶᠤᠭᠠᠳ᠂ ᠠᠪᠠᠭ᠎ᠠ ᠨᠤᠳᠤᠭ ᠤᠨ ᠮᠠᠯᠴᠢᠨ ᠲᠤᠷᠵᠢ ᠬᠡᠰᠡᠨ ᠬᠦᠮᠤᠨ ᠠᠴᠠ ᠮᠤᠷᠢ ᠵᠢᠬᠡᠯᠡᠨ ᠤᠨᠤᠵᠦ᠂ ᠰᠠᠨᠠᠵᠦ ᠤᠳᠠᠬᠰᠡᠨ ᠬᠡᠷ ᠨᠤᠳᠤᠭ᠂ ᠠᠪᠤ ᠡᠵᠢ ᠰᠠᠳᠤᠨ ᠲᠦᠷᠤᠯ ᠲᠠᠢ ᠪᠠᠨ ᠠᠭᠤᠯᠵᠡᠨ ᠵᠤᠯᠭᠠᠬᠰᠡᠨ ᠳᠤ ᠬᠠᠶᠢᠷᠠᠳᠦ ᠠᠪᠤ ᠡᠵᠢ ᠨᠢ ᠰᠠᠳᠤᠨ ᠲᠦᠷᠤᠯ ᠨᠤᠳᠤᠭ ᠤᠨ ᠠᠬ᠎ᠠ ᠲᠡᠬᠦᠦ ᠨᠡᠷ ᠢᠶᠠᠨ ᠲᠠᠭᠤᠳᠠᠨ ᠴᠤᠬᠯᠠᠭᠤᠯᠵᠦ᠂ ᠮᠦᠩᠬᠡ ᠲᠡᠭᠷᠢ ᠶᠢᠨ ᠢᠪᠡᠬᠡᠯ ᠢᠶᠠᠷ ᠬᠦᠦ ᠶᠢᠨ ᠢᠶᠠᠨ ᠠᠮᠤᠷ ᠲᠦᠪᠰᠢᠨ ᠬᠠᠷᠢᠵᠦ ᠢᠷᠡᠭᠰᠡᠨ ᠢ ᠪᠡᠯᠬᠡᠰᠢᠶᠡᠨ᠂ ᠨᠤᠳᠤᠭ ᠤᠨ ᠢᠶᠠᠨ ᠬᠠᠮᠤᠭ ᠦᠨᠳᠤᠷ ᠠᠭᠤᠯᠠ ᠶᠢᠨ ᠤᠷᠤᠢ ᠲᠡᠬᠡᠷ᠎ᠠ ᠤᠪᠤᠭ᠎ᠠ ᠪᠤᠰᠬᠠᠨ ᠲᠡᠬᠢᠬᠰᠡᠨ ᠳᠤ ᠨᠤᠳᠤᠭ ᠤᠨ ᠮᠠᠯᠴᠢᠳ ᠨᠢ ᠡᠨᠡᠬᠦ ᠤᠪᠤᠭ᠎ᠠ ᠶᠢ ᠡᠨᠡᠷᠢᠯᠳᠦ ᠡᠵᠢ ᠶᠢᠨ ᠬᠢᠨᠢ ᠨᠠᠷ᠎ᠠ ᠪᠠᠷ ︽ᠲᠡᠷᠢᠪᠡᠢ ᠶᠢᠨ ᠤᠪᠤᠭ᠎ᠠ︾ ᠬᠡᠵᠦ ᠨᠡᠷᠡᠯᠡᠭᠰᠡᠨ ᠬᠡᠨ᠎ᠠ᠃     ᠬᠠᠰᠡᠷᠳᠡᠨᠢ 1949 ᠤᠨ ᠤ 5 ᠰᠠᠷ᠎ᠠ ᠳᠤ ᠦᠪᠦᠷ ᠮᠤᠩᠭᠤᠯ ᠤᠨ ᠮᠤᠷᠢᠳᠦ ᠴᠡᠷᠢᠭ ᠢ ᠲᠤᠮᠳᠠᠳᠦ ᠤᠯᠤᠰ ᠤᠨ ᠠᠷᠠᠳ ᠤᠨ ᠴᠢᠯᠤᠬᠡᠯᠡᠬᠦ ᠴᠡᠷᠢᠭ ᠤᠨ ᠦᠪᠤᠷ ᠮᠤᠩᠭᠤᠯ ᠤᠨ ᠮᠤᠷᠢᠳᠦ ᠴᠡᠷᠢᠭ ᠤᠨ ᠲᠦᠷᠪᠡᠳᠤᠬᠡᠷ ᠳ᠋ᠢᠸᠢᠽᠢ ᠪᠤᠯᠭᠠᠨ ᠦᠬᠡᠷᠡᠴᠢᠯᠡᠨ ᠪᠠᠶᠢᠭᠤᠯᠤᠬᠰᠡᠨ ᠤ ᠲᠠᠷᠠᠭ᠎ᠠ ᠤᠯᠤᠰ ᠲᠦᠷᠦ ᠶᠢᠨ ᠬᠡᠯᠳᠡᠰ ᠤᠨ ᠠᠮᠤᠷ ᠢ ᠬᠠᠮᠠᠭᠠᠯᠠᠬᠤ ᠰᠠᠯᠠᠭᠠᠨ ᠤ ᠴᠢᠮᠡᠬᠡᠯᠡᠭᠴᠢ ᠪᠤᠯᠵᠦ᠂ ᠤᠬᠠᠭᠤᠯᠬᠤ ᠠᠩᠬᠢ ᠳᠤ ᠨᠢ ᠬᠤᠪᠢᠶᠠᠭᠳᠠᠭᠰᠠᠨ ᠤ ᠰᠡᠭᠦᠯᠡᠷ ᠦᠪᠡᠷ ᠢᠶᠠᠨ ᠲᠠᠭᠤᠤ᠂ ᠬᠦᠭᠵᠢᠮ᠂ ᠰᠢᠯᠤᠭ᠌ ᠬᠤᠯᠪᠤᠭ᠎ᠠ ᠵᠤᠬᠢᠶᠠᠵᠤ ᠤᠷᠤᠯᠳᠤᠳᠠᠭ ᠪᠠᠶᠢᠵᠡᠢ᠃ ᠴᠢᠯᠤᠬᠡᠯᠡᠬᠦ ᠲᠠᠶᠢᠨ ᠤ ᠲᠤᠮᠳᠠ ᠰᠢᠯᠢ ᠶᠢᠨ ᠭᠤᠤᠯ᠂ ᠴᠠᠬᠠᠷ᠂ ᠤᠯᠠᠭᠠᠨᠴᠠᠪ ᠤᠨ ᠬᠤᠪᠢᠰᠬᠠᠯ ᠤᠨ ᠰᠠᠭᠤᠷᠢᠨ ᠭᠠᠵᠡᠷ ᠢ ᠬᠠᠮᠠᠭᠠᠯᠠᠬᠤ ᠲᠠᠶᠢᠨ ᠪᠠᠶᠢᠯᠳᠤᠭᠠᠨ ᠪᠤᠯᠤᠨ ᠫᠢᠩ ᠶᠢᠨ ᠤ ᠲᠠᠶᠢᠯᠠᠯᠳᠤᠭᠠᠨ᠂ ᠴᠠᠬᠠᠷ ᠮᠤᠵᠢ ᠶᠢᠨ ᠬᠤᠶᠢᠳᠦ ᠬᠡᠰᠡᠭ᠂ ᠰᠦᠢᠶᠤᠸᠠᠨ ᠮᠤᠵᠢ ᠶᠢᠨ ᠬᠤᠶᠢᠳᠦ ᠬᠡᠰᠡᠭ ᠤᠨ ᠦᠷᠬᠡᠨ ᠠᠭᠤᠳᠠᠮ ᠤᠷᠤᠨ ᠢ ᠴᠢᠯᠤᠬᠡᠯᠡᠬᠦ ᠲᠡᠶᠢᠨ ᠪᠠᠶᠢᠯᠳᠤᠭᠠᠨ ᠳᠤ ᠤᠷᠤᠯᠴᠠᠵᠥ᠂ ᠴᠡᠷᠢᠭ ᠠᠩᠬᠢ ᠪᠠᠨ ᠲᠠᠭᠠᠨ ᠶᠠᠪᠤᠵᠥ᠂ ᠪᠠᠶᠢᠯᠳᠤᠭᠠᠨ ᠤ ᠵᠠᠪᠰᠡᠷ ᠲᠤ ᠲᠠᠶᠢᠨ ᠤ ᠪᠠᠶᠢᠳᠠᠯ ᠢ ᠦᠨᠳᠤᠰᠤᠯᠠᠨ ᠲᠤᠬᠯᠠᠯᠳᠠ ᠶᠢᠨ ᠫᠷᠤᠭ᠍ᠷᠡᠮ ᠪᠤᠯᠪᠠᠰᠤᠷᠠᠵᠦ᠂ ᠤᠳᠬ᠎ᠠ ᠤᠷᠠᠯᠢᠭ ᠤᠨ ᠤᠬᠠᠭᠤᠯᠭ᠎ᠠ ᠬᠢᠳᠡᠭ ᠪᠠᠶᠢᠵᠡᠢ᠃ ᠬᠤᠵᠢᠮ ᠨᠢ ᠬᠤᠸᠠᠪᠸᠢ ᠶᠢᠨ ᠴᠡᠷᠢᠭ ᠤᠨ ᠲᠤᠭᠤᠷᠢᠭ ᠤᠨ ᠤᠯᠤᠰ ᠲᠦᠷᠤ ᠶᠢᠨ ᠭᠠᠵᠠᠷ ᠤᠨ ᠤᠷᠠᠯᠢᠭ ᠤᠨ ᠪᠦᠯᠬᠦᠮ ᠳᠤ ᠰᠢᠯᠵᠢᠨ ᠪᠦᠵᠢᠭᠴᠢᠨ ᠢᠶᠠᠷ ᠠᠵᠢᠯᠯᠠᠭᠰᠠᠨ ᠠᠴᠠ ᠪᠦᠵᠢᠭ ᠤᠨ ᠤᠷᠠᠯᠢᠭ ᠲᠠᠢ ᠪᠠᠳᠥ ᠪᠠᠷᠢᠯᠳᠤᠯᠭ᠎ᠠ ᠲᠠᠢ ᠪᠤᠯᠤᠭᠰᠠᠨ ᠪᠠᠶᠢᠯ᠎ᠠ᠃ ᠲᠠᠷᠠᠪᠠᠷ 1951 ᠤᠨ ᠳᠤ ᠰᠦᠢᠶᠤᠸᠠᠨ ᠤ ᠴᠡᠷᠢᠭ ᠤᠨ ᠲᠤᠭᠤᠷᠢᠭ ᠤᠨ ᠠᠩᠬᠠᠳᠣᠭᠠᠷ ᠬᠤᠭᠤᠴᠠᠭᠠᠨ ᠤ ᠤᠳᠬ᠎ᠠ ᠤᠷᠠᠯᠢᠭ ᠤᠨ ᠰᠢᠯᠭᠠᠨ ᠦᠵᠡᠬᠦᠯᠬᠡ ᠶᠢᠨ ᠶᠡᠭᠡ ᠬᠤᠷᠡᠯ ᠲᠡᠬᠡᠷ᠎ᠠ ︽ᠰᠢᠯᠢᠳᠡᠭ ᠲᠤᠬᠯᠠᠬᠴᠢ︾ ᠶᠢᠨ ᠱᠠᠩᠨᠠᠯ ᠬᠦᠷᠳᠡᠵᠥ᠂ ︽ᠨᠢᠬᠡᠳᠤᠬᠡᠷ ᠲᠠᠰ ᠤᠨ ᠵᠢᠱᠢᠶᠠᠴᠢ︾ ᠪᠠᠷ ᠦᠨᠠᠯᠡᠭᠳᠡᠨ᠂ ᠬᠤᠵᠢᠮ ᠨᠢ ᠤᠯᠠᠨ ᠤᠳᠠᠭ᠎ᠠ ᠲᠡᠷᠢᠬᠦᠨ ᠤ ᠠᠵᠢᠯᠳᠠᠨ᠂ ᠲᠠᠪᠤᠨ ᠰᠠᠶᠢᠨᠳᠠᠢ ᠪᠠᠶᠢᠯᠳᠤᠬᠴᠢ ᠵᠡᠷᠬᠡ ᠢᠷᠠᠭᠤ ᠠᠯᠳᠠᠷ ᠬᠦᠷᠳᠡᠵᠡᠢ᠃     ᠬᠠᠰᠡᠷᠳᠡᠨᠢ 1952 ᠤᠨ ᠳᠤ ᠬᠤᠸᠠᠪᠸᠢ ᠶᠢᠨ ᠴᠡᠷᠢᠭ ᠤᠨ ᠲᠤᠭᠤᠷᠢᠭ ᠤᠨ ᠤᠷᠠᠨ ᠰᠠᠶᠢᠬᠠᠨ ᠤ ᠪᠦᠯᠬᠦᠮ ︵ᠤᠳᠦ ᠶᠢᠨ ᠪᠡᠬᠡᠵᠢᠩ ᠤᠨ ᠴᠡᠷᠢᠭ ᠤᠨ ᠲᠤᠭᠤᠷᠢᠭ ᠤᠨ ᠤᠷᠠᠨ ᠰᠠᠶᠢᠬᠠᠨ ᠤ ᠪᠦᠯᠬᠦᠮ︶ ᠳᠤ ᠠᠵᠢᠯ ᠰᠢᠯᠵᠢᠵᠥ᠂ ᠪᠦᠵᠢᠭ ᠤᠨ ᠤᠷᠠᠯᠢᠭ ᠢ ᠰᠢᠰᠲ᠋ᠧᠮ ᠲᠠᠢ ᠰᠤᠷᠬᠤ ᠵᠠᠮ ᠢ ᠡᠯᠬᠦᠨ᠂ ᠵᠢᠩᠬᠢᠨᠢ ᠪᠦᠵᠢᠭ ᠤᠨ ᠤᠷᠠᠯᠢᠭ ᠤᠨ ᠠᠮᠢᠳᠤᠷᠠᠯ ᠢᠶᠠᠨ ᠡᠬᠢᠯᠡᠬᠦᠯᠵᠡᠢ᠃ ᠢᠡᠭᠬᠢᠬᠡᠳ ᠠᠮᠧᠷᠢᠺᠠ ᠶᠢ ᠡᠰᠡᠷᠬᠦᠴᠡᠨ ᠰᠤᠯᠤᠩᠭᠤᠰ ᠢ ᠲᠤᠰᠠᠯᠠᠬᠤ ᠲᠠᠶᠢᠨ ᠤ ᠬᠤᠭᠤᠴᠠᠭᠠᠨ ᠳᠤ ᠬᠤᠸᠠᠪᠸᠢ ᠶᠢᠨ ᠴᠡᠷᠢᠭ ᠤᠨ ᠲᠤᠭᠤᠷᠢᠭ ᠤᠨ ᠤᠷᠠᠨ ᠰᠠᠶᠢᠬᠠᠨ ᠤ ᠪᠦᠯᠬᠦᠮ ᠳᠤ ᠠᠵᠢᠯᠯᠠᠵᠦ ᠪᠠᠶᠢᠬᠰᠡᠨ ᠬᠠᠰᠡᠷᠳᠡᠨᠢ ᠬᠤᠶᠠᠷ ᠤᠳᠠᠭ᠎ᠠ ᠰᠤᠯᠤᠩᠭᠤᠰ ᠲᠤ ᠬᠦᠷᠴᠤ ᠴᠡᠷᠢᠭ ᠠᠷᠠᠳ ᠢ ᠲᠤᠬᠤᠨᠢᠭᠤᠯᠬᠤ ᠲᠤᠭᠯᠠᠯᠳᠠ ᠳᠤ ᠤᠷᠤᠯᠴᠠᠵᠡᠢ᠃  1952 ᠤᠨ ᠤ 9 ᠰᠠᠷ᠎ᠠ ᠶᠢᠨ 18 ᠤ ᠡᠳᠤᠷ ᠠᠴᠠ 12 ᠰᠠᠷ᠎ᠠ ᠶᠢᠨ 5 ᠤ ᠡᠳᠤᠷ ᠪᠤᠯᠳᠠᠯ᠎ᠠ᠂ ᠲᠤᠮᠳᠠᠳᠦ ᠤᠯᠤᠰ ᠤᠨ ᠠᠷᠠᠳ ᠲᠦᠮᠡᠨ ᠤ ᠬᠤᠶᠠᠳᠤᠭᠠᠷ ᠤᠳᠠᠭᠠᠨ ᠤ ᠰᠤᠯᠤᠩᠭᠤᠰ ᠲᠤ ᠬᠦᠷᠴᠦ ᠲᠤᠬᠤᠨᠢᠭᠤᠯᠬᠤ ᠪᠦᠯᠬᠦᠮ ᠤᠨ ᠨᠢᠬᠡ ᠬᠡᠰᠢᠬᠦᠨ ᠪᠤᠯᠵᠦ ᠶᠠᠪᠤᠵᠡᠢ᠃ ᠰᠤᠯᠤᠩᠭᠤᠰ ᠤᠨ ᠲᠠᠶᠢᠨ ᠵᠤᠬᠰᠤᠬᠤ ᠬᠡᠯᠡᠯᠴᠡᠬᠡᠷ ᠲᠤ ᠭᠠᠷ ᠤᠨ ᠦᠰᠤᠭ᠌ ᠵᠢᠷᠤᠬᠰᠡᠨ ᠤ ᠲᠠᠷᠠᠭ᠎ᠠ 1953 ᠤᠨ ᠤ 10 ᠰᠠᠷ᠎ᠠ ᠳᠤ ᠲᠤᠮᠳᠠᠳᠦ ᠤᠯᠤᠰ ᠤᠨ ᠠᠷᠠᠳ ᠲᠦᠮᠠᠨ ᠤ ᠭᠤᠷᠪᠠᠳᠤᠭᠠᠷ ᠤᠳᠠᠭᠠᠨ ᠤ ᠰᠤᠯᠤᠩᠭᠤᠰ ᠲᠤ ᠬᠦᠷᠴᠦ ᠲᠤᠬᠤᠨᠢᠭᠤᠯᠬᠤ ᠪᠦᠯᠬᠦᠮ ᠪᠡᠬᠡᠵᠢᠩ ᠠᠴᠠ ᠮᠤᠷᠳᠠᠵᠦ᠂ ᠰᠠᠶᠢᠨ ᠲᠤᠷ᠎ᠠ ᠶᠢᠨ ᠴᠡᠷᠢᠭ ᠪᠤᠯᠤᠨ ᠰᠤᠯᠤᠩᠭᠤᠰ ᠤᠨ ᠴᠡᠷᠢᠭ ᠠᠷᠠᠳ ᠢ ᠲᠤᠬᠤᠨᠢᠭᠤᠯᠵᠡᠢ᠃ ᠡᠬᠦᠨ ᠤ ᠲᠠᠷᠠᠭ᠎ᠠ ᠪᠠᠷ ᠯᠢᠦ᠋ᠢᠱᠦ᠋ᠨ᠂ ᠳ᠋ᠠᠯᠢᠶᠠᠨ ᠳᠤ ᠬᠦᠷᠴᠤ ᠤᠷᠤᠰ ᠤᠨ ᠤᠯᠠᠭᠠᠨ ᠴᠡᠷᠢᠭ ᠢ ᠲᠤᠬᠤᠨᠢᠭᠤᠯᠬᠤ ᠲᠤᠬᠯᠠᠯᠳᠠ ᠵᠢᠴᠢ 1954 ᠤᠨ ᠤ 3 ᠰᠠᠷ᠎ᠠ  ᠳᠤ ᠲᠦᠪᠡᠳ  ᠤᠨ ᠦᠪᠡᠷᠳᠡᠬᠡᠨ ᠵᠠᠰᠠᠬᠤ ᠤᠷᠤᠨ ᠳᠤ ᠬᠦᠷᠴᠦ ᠲᠦᠪᠡᠳ ᠤᠨ ᠦᠨᠳᠦᠷᠯᠢᠭ ᠤᠨ ᠪᠡᠷᠬᠡ ᠪᠠᠷᠳᠠᠭ᠎ᠠ ᠲᠠᠢ ᠠᠭᠤᠯᠠᠨ ᠵᠠᠮ ᠢᠶᠠᠷ ᠰᠠᠷᠯᠤᠭ ᠤᠨᠤᠵᠦ ᠴᠡᠷᠢᠭ ᠠᠩᠬᠢ ᠶᠢᠨ ᠰᠠᠭᠤᠭ᠎ᠠ ᠭᠠᠵᠡᠷ ᠲᠤ ᠤᠴᠢᠵᠦ᠂ ᠲᠤᠬᠯᠠᠯᠳᠠ ᠭᠠᠷᠭᠠᠬᠤ ᠦᠶ᠎ᠠ ᠳᠤ ᠲᠤᠯᠤᠭᠠᠢ ᠡᠪᠡᠳᠬᠦ᠂ ᠪᠦᠬᠡᠯᠵᠢᠬᠦ ᠵᠡᠷᠬᠡ ᠬᠦᠨᠳᠦ ᠬᠡᠴᠡᠬᠦᠦ ᠦᠨᠳᠦᠷᠯᠢᠭ ᠤᠨ ᠲᠤᠰᠬᠠᠯ ᠭᠠᠷᠴᠦ ᠪᠠᠶᠢᠬᠰᠡᠨ ᠴᠦ ᠲᠠᠪᠬᠤᠷ ᠲᠠᠪᠬᠤᠷ ᠬᠦᠴᠢᠷ ᠪᠡᠷᠬᠡᠰᠢᠶᠡᠯ ᠢ ᠢᠯᠡᠨ ᠲᠠᠪᠠᠵᠦ᠂ ᠵᠦᠮᠤᠯᠠᠩᠮᠠ ᠤᠷᠬᠢᠯ ᠤᠨ ᠤᠶᠢᠷᠡᠯᠴᠠᠭ᠎ᠠ ᠰᠠᠭᠤᠭ᠎ᠠ ᠴᠡᠷᠢᠭ ᠠᠩᠬᠢ ᠶᠢ ᠲᠤᠬᠤᠨᠢᠭᠤᠯᠬᠤ ᠵᠡᠷᠬᠡ ᠦᠨᠳᠤᠷ ᠲᠦᠪᠰᠢᠨ ᠤ ᠲᠤᠭᠯᠠᠯᠳᠠ ᠳᠤ ᠤᠷᠤᠯᠴᠠᠵᠤ ᠶᠠᠪᠤᠵᠠᠢ᠃     ᠬᠠᠰᠡᠷᠳᠡᠨᠢ 1956 ᠤᠨ ᠳᠤ ᠲᠦᠪ ᠤᠨ ᠠᠷᠠᠳ ᠤᠨ ᠷᠠᠳᠢᠣ᠋ ᠨᠡᠪᠳᠡᠷᠡᠬᠦᠯᠬᠡ ᠶᠢᠨ ᠦᠨᠳᠤᠰᠤᠳᠠᠨ ᠤ ᠬᠡᠯᠳᠡᠰ ᠤᠨ ᠮᠤᠩᠭᠤᠯ ᠬᠡᠯᠡᠨ ᠤ ᠨᠠᠪᠳᠡᠷᠡᠬᠦᠯᠤᠭ᠍ᠴᠢ ᠪᠠᠷ ᠠᠵᠢᠯᠯᠠᠵᠤ ᠪᠠᠶᠢᠭᠰᠠᠨ ᠬᠦᠪᠡᠬᠡᠳᠦ ᠰᠢᠷ᠎ᠠ ᠬᠤᠰᠢᠭᠤ ᠪᠠᠷ ᠨᠤᠳᠤᠭ ᠲᠠᠢ ᠷᠤᠯᠮ᠎ᠠ ᠲᠠᠢ ᠬᠤᠪᠢ ᠢᠷᠤᠬᠡᠯ ᠢᠶᠠᠷ ᠲᠠᠨᠢᠯᠴᠠᠨ᠂ 1958 ᠤᠨ ᠳᠤ ᠬᠤᠷᠢᠮᠯᠠᠵᠦ᠂ ᠬᠤᠶᠠᠭᠤᠯᠠ ᠪᠠᠨ ᠰᠢᠯᠢ ᠶᠢᠨ ᠭᠤᠤᠯ ᠳᠤ ᠪᠠᠨ ᠢᠷᠡᠵᠤ᠂ ᠤᠷᠢᠳ ᠬᠤᠵᠢᠳ ᠰᠢᠯᠢ ᠶᠢᠨ ᠭᠤᠣᠯ ᠷᠠᠳᠢᠣ᠋ ᠨᠡᠪᠳᠡᠷᠡᠭᠦᠯᠭᠡ ᠶᠢᠨ ᠬᠤᠷᠢᠶ᠎ᠠ᠂ ᠠᠶᠢᠮᠠᠭ ᠤᠨ ᠤᠯᠠᠨ ᠲᠦᠮᠡᠠᠴᠢ ᠰᠣᠶᠤᠯ ᠤᠨ ᠣᠷᠳᠤᠨ ᠵᠢᠴᠢ ᠠᠶᠢᠮᠠᠭ ᠤᠨ ᠤᠷᠠᠨ ᠰᠠᠶᠢᠬᠠᠨ ᠤ ᠪᠦᠯᠬᠦᠮ᠂ ᠠᠶᠢᠮᠠᠭ ᠤᠨ ᠰᠤᠶᠤᠯ ᠤᠨ ᠲᠤᠪᠴᠢᠶ᠎ᠠ ᠵᠡᠷᠭᠡ ᠪᠠᠶᠢᠭᠤᠯᠭ᠎ᠠ ᠨᠢᠬᠡᠴᠢ ᠪᠠᠷ ᠠᠵᠢᠯᠯᠠᠵᠤ ᠶᠠᠪᠤᠬᠰᠠᠨ ᠪᠠᠶᠢᠯ᠎ᠠ᠃ ᠲᠠᠬᠦᠨ ᠤ ᠵᠤᠬᠢᠶᠠᠨ ᠪᠥᠳᠥᠬᠡᠭᠰᠡᠨ ︽ᠲᠠᠯ᠎ᠠ ᠨᠤᠳᠤᠭ ᠤᠨ ᠡᠷᠤᠬᠡ ᠶᠢᠨ ᠴᠡᠷᠢᠭ︾ ᠬᠡᠬᠦ ᠪᠦᠵᠢᠭ᠂   ︽ᠲᠠᠪᠤ ᠶᠢ ᠮᠠᠷᠳᠠᠵᠦ ᠪᠤᠯᠬᠤ ᠦᠬᠡᠢ︾ ᠬᠡᠬᠦ ᠲᠠᠭᠤᠦ ᠨᠢ 1964 ᠤᠨ ᠳᠤ ᠪᠦᠬᠦ ᠤᠷᠤᠨ ᠤ ᠤᠳᠬ᠎ᠠ ᠤᠷᠠᠯᠢᠭ ᠤᠨ ᠪᠦᠯᠬᠦᠮ ᠤᠨ ᠲᠤᠰᠬᠠᠢ ᠮᠡᠷᠬᠡᠵᠢᠯ ᠤᠨ ᠬᠠᠷᠢᠭᠤ ᠮᠡᠳᠡᠬᠦᠯᠤᠯᠳᠠ ᠶᠢᠨ ᠲᠤᠬᠯᠠᠯᠳᠠ ᠳᠤ ᠦᠪᠡᠷᠳᠡᠬᠡᠨ ᠵᠠᠰᠠᠬᠤ ᠤᠷᠤᠨ ᠤ ᠲᠡᠰ ᠤᠨ ᠰᠢᠯᠢᠳᠡᠭ ᠪᠦᠳᠤᠬᠡᠯ ᠤᠨ ᠱᠠᠩᠨᠠᠯ ᠬᠦᠷᠳᠡᠵᠥ᠂ ᠪᠦᠬᠦ ᠤᠯᠤᠰ ᠤᠨ ᠡᠯ᠎ᠡ ᠮᠤᠵᠢ᠂ ᠤᠷᠤᠨ᠂ ᠬᠤᠳᠠ ᠪᠠᠷ ᠲᠤᠭᠤᠷᠢᠨ ᠲᠤᠬᠯᠠᠬᠤ ᠬᠠᠷᠢᠭᠤ ᠮᠡᠳᠡᠭᠦᠯᠤᠯᠳᠡ ᠶᠢᠨ ᠲᠤᠬᠯᠠᠯᠳᠠ ᠳᠤ ᠰᠤᠩᠭᠤᠬᠳᠠᠵᠥ ᠪᠠᠶᠢᠪᠠ᠃ ︽ᠦᠩᠭᠡ ᠭᠡᠷᠡᠯᠳᠡᠢ ᠰᠠᠮᠪᠠᠷ᠎ᠠ ᠬᠦᠷᠬᠡᠶ᠎ᠡ︾᠂ ︽ᠠᠳᠣᠭᠤᠨ ᠰᠦᠷᠦᠭ ᠤᠨ ᠲᠡᠷᠬᠡᠳᠠ︾ ᠬᠡᠬᠦ ᠬᠤᠶᠠᠷ ᠪᠦᠵᠢᠭ ᠨᠢ 1979 ᠤᠨ ᠳᠤ ᠪᠦᠬᠦ ᠤᠷᠤᠨ ᠤ ᠤᠯᠠᠭᠠᠨᠮᠦ᠋ᠴᠢᠷ ᠤᠨ ᠬᠠᠮᠳᠤᠷᠠᠬᠰᠡᠨ ᠲᠤᠬᠯᠠᠯᠳᠠ ᠳᠤ ᠦᠪᠡᠷᠳᠡᠬᠡᠨ ᠵᠠᠰᠠᠬᠤ ᠤᠷᠤᠨ ᠤ ᠰᠤᠶᠤᠯ ᠤᠨ ᠲᠢᠩᠬᠢᠮ ᠤᠨ ᠵᠤᠬᠢᠶᠠᠨ ᠪᠦᠳᠤᠬᠡᠯ ᠤᠨ ᠱᠠᠩᠨᠠᠯ ᠢ ᠬᠦᠷᠳᠡᠨ᠂ ᠪᠠᠷᠠᠭᠤᠨ ᠦᠵᠤᠮᠤᠴᠢᠨ ᠬᠤᠰᠢᠭᠤᠨ ᠤ ᠤᠯᠠᠭᠠᠨᠮᠦ᠋ᠴᠢᠷ ᠤᠨ ᠲᠠᠷᠤᠭ᠎ᠠ ᠪᠠᠶᠢᠬᠰᠠᠨ ᠳ᠋ᠠᠮᠪᠠ ᠲᠠᠢ ᠬᠠᠮᠳᠤᠷᠠᠨ ᠵᠤᠬᠢᠶᠠᠨ ᠪᠦᠳᠤᠬᠡᠭᠰᠡᠨ ︽ᠪᠦᠷᠭᠦᠳ︾ ᠭᠡᠬᠦ ᠪᠦᠵᠢᠭ ᠨᠢ ᠪᠦᠬᠦ ᠤᠷᠤᠨ ᠤ ᠬᠠᠷᠢᠭᠤ ᠮᠡᠳᠡᠭᠦᠯᠤᠯᠳᠡ ᠶᠢᠨ ᠲᠤᠭᠯᠠᠯᠳᠠ ᠳᠤ ᠨᠢᠭᠡᠳᠤᠭᠡᠷ ᠲᠡᠰ ᠤᠨ ᠱᠠᠩᠨᠠᠯ ᠬᠥᠷᠳᠠᠵᠠᠢ᠃     ᠬᠠᠰᠡᠷᠳᠡᠨᠢ ᠶᠢᠨ ᠪᠦᠳᠤᠬᠡᠯ ᠨᠢ ᠮᠤᠩᠭᠤᠯ ᠪᠦᠵᠢᠭ ᠤᠨ ᠤᠯᠠᠮᠵᠢᠯᠠᠯᠳᠦ ᠮᠦᠷᠦ ᠴᠡᠴᠡᠷᠡᠬᠦᠯᠬᠦ᠂ ᠮᠤᠷᠢ ᠤᠨᠤᠬᠤ ᠵᠡᠷᠬᠡ ᠬᠦᠳᠡᠯᠬᠡᠬᠡᠨ ᠤ ᠬᠢᠵᠠᠭᠠᠷᠳᠦ ᠴᠢᠨᠠᠷ ᠢ ᠰᠢᠪᠳᠤᠯᠵᠦ᠂ ᠮᠤᠩᠭᠤᠯ ᠦᠨᠳᠤᠰᠤᠳᠠᠨ ᠤ ᠪᠦᠵᠢᠭ ᠤᠨ ᠤᠷᠠᠯᠢᠭ ᠤᠨ ᠰᠢᠨ᠎ᠠ ᠬᠠᠭᠤᠳᠠᠰᠦ ᠶᠢ ᠰᠡᠬᠦᠭᠰᠡᠨ ᠪᠢᠯᠠ᠃ ᠲᠠᠬᠦᠨ ᠤ ᠲᠠᠭᠤᠦ ᠪᠦᠵᠢᠭ ᠤᠨ ᠪᠦᠳᠤᠬᠡᠯ ᠨᠢ ᠴᠦᠮ ᠠᠮᠢᠳᠤᠷᠠᠯ ᠤᠨ ᠦᠨᠠᠨ ᠠᠴᠠ ᠢᠷᠡᠯᠳᠡ ᠲᠠᠢ᠂ ᠴᠡᠷᠢᠭ ᠠᠷᠠᠳ ᠤᠨ ᠵᠢᠭᠠᠰᠦ ᠤᠰᠤᠨ ᠤ ᠬᠠᠷᠢᠴᠠᠭ᠎ᠠ ᠶᠢ ᠢᠯᠡᠳᠬᠡᠭᠰᠡᠨ᠂ ᠲᠠᠯ᠎ᠠ ᠨᠤᠳᠤᠭ ᠤᠨ ᠮᠠᠯᠴᠢᠳ ᠤᠨ ᠵᠠᠩ ᠦᠢᠯᠠ ᠶᠢ ᠢᠯᠡᠷᠡᠬᠦᠯᠤᠭ᠍ᠰᠡᠨ᠂ ᠨᠡᠬᠦᠳᠡᠯ ᠮᠠᠯᠵᠢᠯ ᠤᠨ ᠰᠤᠶᠤᠯ ᠤᠨ ᠪᠤᠯᠪᠠᠰᠤᠨ ᠢ ᠬᠠᠷᠠᠭᠤᠯᠤᠬᠰᠡᠨ ᠵᠡᠷᠬᠡ ᠮᠡᠰᠢ ᠴᠢᠩᠭ᠎ᠠ ᠴᠠᠭ ᠦᠶ᠎ᠠ ᠶᠢᠨ ᠰᠡᠳᠬᠢᠯᠬᠡ ᠪᠠ ᠬᠦᠨ ᠵᠤᠵᠡᠭᠠᠨ ᠦᠨᠳᠤᠰᠤᠳᠡᠨ ᠤ ᠤᠨᠴᠠᠯᠢᠭ ᠢᠶᠠᠷ ᠢᠶᠠᠨ ᠪᠦᠬᠦ ᠤᠯᠤᠰ ᠤᠨ ᠡᠯ᠎ᠠ ᠭᠠᠵᠡᠷ ᠤᠨ ᠲᠤᠬᠯᠠᠯᠳᠠ ᠳᠤ ᠦᠵᠡᠭᠴᠢᠳ ᠤᠨ ᠬᠦᠷᠢᠶᠠᠯᠠᠯ ᠪᠤᠯᠤᠨ ᠦᠨᠳᠤᠷ ᠦᠨᠡᠯᠠᠯᠳᠠ ᠶᠢ ᠤᠯᠣᠬᠰᠠᠨ ᠪᠠᠶᠢᠳᠠᠬ᠃ ᠡᠬᠦᠨ ᠤ ᠲᠤᠳᠤᠷ᠎ᠠ ᠲᠤᠬᠠᠢ ᠶᠢᠨ ᠦᠶ᠎ᠠ ᠳᠤ ᠰᠢᠯᠤᠭᠤᠨ ᠬᠦᠪᠡᠬᠡᠳᠦ ᠴᠠᠭᠠᠨ ᠬᠤᠰᠢᠭᠤᠨ ᠤ ᠤᠯᠠᠭᠠᠨᠮᠦ᠋ᠴᠢᠷ ᠲᠤ ᠠᠵᠢᠯᠯᠠᠵᠦ ᠪᠠᠶᠢᠬᠰᠡᠨ ᠰᠸᠧᠡᠩ ᠤᠨ ᠤᠷᠠᠨ ᠵᠤᠬᠢᠶᠠᠯ ᠢ ᠦᠨᠳᠤᠰᠤᠯᠠᠨ ᠵᠤᠬᠢᠶᠠᠨ ᠪᠦᠳᠤᠬᠡᠭᠰᠡᠨ ᠦᠵᠡᠭᠳᠡᠯᠳᠦ ᠪᠦᠵᠢᠭ ᠤᠨ ᠵᠦᠴᠤᠬᠡ ︽ᠭᠠᠩ ᠲᠤᠯᠭ᠎ᠠ︾ ᠨᠢ ᠶᠡᠭᠡ ᠨᠦᠯᠤᠬᠡ ᠲᠤᠰᠬᠠᠯ ᠲᠠᠢ ᠪᠠᠶᠢᠵᠦ᠂ ᠪᠦᠬᠦ ᠤᠯᠤᠰ ᠤᠨ ᠤᠯᠠᠭᠠᠨᠮᠦ᠋ᠴᠢᠷ ᠤᠨ ᠨᠢᠬᠡᠳᠤᠬᠡᠷ ᠲᠡᠰ ᠤᠨ ᠱᠠᠩᠨᠠᠯ ᠢ ᠬᠦᠷᠳᠡᠵᠦ ᠦᠩᠬᠡᠷᠡᠵᠡᠢ᠃ ᠡᠨᠡᠬᠦ ᠦᠵᠡᠭᠳᠡᠯᠳᠦ ᠪᠦᠵᠢᠭ ᠤᠨ ᠵᠦᠴᠤᠬᠡ ᠨᠢ ᠮᠤᠩᠭᠤᠯᠴᠤᠳ ᠤᠨ ᠭᠠᠯ ᠲᠠᠬᠢᠬᠤ ᠶᠤᠰᠤᠯᠠᠯ ᠢ ᠵᠦᠴᠤᠬᠡ ᠶᠢᠨ ᠲᠠᠶᠢᠰᠠᠨ ᠳᠤ ᠲᠤᠬᠯᠠᠵᠦ᠂ ᠮᠤᠩᠭᠤᠯ ᠦᠨᠳᠤᠰᠤᠳᠠᠨ ᠤ ᠭᠠᠯ ᠢ ᠰᠢᠳᠤᠵᠦ ᠲᠡᠬᠡᠳᠤᠯᠡᠳᠡᠭ ᠶᠤᠰᠤᠨ ᠢ ᠦᠵᠡᠬᠦᠯᠤᠨ᠂ ᠮᠤᠩᠭᠤᠯ ᠦᠨᠳᠤᠰᠤᠳᠠᠨ ᠤ ᠠᠮᠢᠳᠤᠷᠠᠯ ᠠᠬᠤᠢ ᠪᠠᠨ ᠬᠠᠶᠢᠷᠠᠯᠠᠬᠤ ᠰᠡᠳᠬᠢᠯᠬᠡ ᠶᠢ ᠢᠯᠠᠳᠬᠡᠨ᠂ ᠲᠠᠯ᠎ᠠ ᠨᠤᠳᠤᠭ ᠤᠨ ᠠᠷᠠᠳ ᠲᠦᠮᠠᠨ ᠤ ᠠᠮᠢᠳᠤᠷᠠᠯ ᠭᠠᠯ ᠠᠳᠠᠯᠢ ᠬᠦᠭᠵᠢᠨ ᠴᠡᠴᠡᠭᠯᠡᠬᠦ ᠶᠢ ᠪᠡᠯᠬᠡᠳᠡᠨ ᠢᠯᠡᠳᠬᠡᠭᠰᠡᠨ ᠢᠶᠠᠷ ᠢᠶᠠᠨ ᠦᠷᠬᠡᠨ ᠤᠯᠠᠨ ᠦᠵᠡᠭᠴᠢᠳ ᠤᠨ ᠬᠦᠷᠢᠶᠠᠯᠠᠯ ᠢ ᠤᠯᠤᠬᠰᠡᠨ ᠢᠶᠠᠷ ᠪᠠᠷᠠᠬᠤ ᠦᠬᠡᠢ ᠦᠪᠡᠷᠳᠡᠬᠡᠨ ᠵᠡᠰᠡᠬᠤ ᠤᠷᠤᠨ ᠤ ᠲᠡᠷᠢᠬᠦᠯᠡᠭᠴᠢ ᠪᠠᠶᠢᠬᠰᠡᠨ ᠤᠯᠠᠭᠠᠨᠬᠦᠦ ᠶᠢᠨ ᠦᠨᠳᠤᠷ ᠦᠨᠠᠯᠠᠯᠳᠠ ᠶᠢ ᠤᠯᠤᠬᠰᠡᠨ ᠪᠠᠶᠢᠨ᠎ᠠ᠃     ᠬᠠᠰᠡᠷᠳᠡᠨᠢ ᠤᠯᠠᠨ ᠠᠭᠤᠯᠭ᠎ᠠ ᠶᠢ ᠬᠠᠮᠤᠷᠤᠬᠰᠡᠨ ︽ᠬᠢᠯᠢ ᠬᠢᠵᠠᠭᠠᠷ ᠤᠨ ᠪᠠᠭᠠᠴᠤᠤᠯ︾᠂ ︽ᠡᠯᠪᠡᠭ ᠬᠤᠷᠢᠶᠠᠯᠳᠠ ᠪᠠᠨ ᠪᠡᠯᠬᠡᠯᠠᠶ᠎ᠠ︾ ᠵᠡᠷᠬᠡ ᠪᠦᠵᠢᠭ ᠲᠠᠭᠤᠤ ᠵᠤᠬᠢᠶᠠᠭᠰᠠᠨ ᠠᠴᠠ ᠭᠠᠳᠠᠨ᠎ᠠ ᠪᠣᠰᠤᠳ ᠲᠠᠢ ᠬᠠᠮᠳᠤᠷᠠᠨ ︽ᠪᠡᠯᠴᠢᠬᠡᠷ ᠲᠡᠬᠡᠷ᠎ᠠ︾᠂ ︽ᠪᠦᠷᠬᠦᠳ︾ ᠵᠡᠷᠬᠡ ᠪᠦᠵᠢᠭ ᠤᠨ ᠪᠦᠳᠤᠬᠡᠯ ᠪᠤᠯᠤᠨ ᠪᠦᠵᠢᠭᠳᠦ ᠵᠦᠴᠤᠬᠡ ︽ᠮᠡᠨ ᠤ ᠵᠠᠩ ᠤᠪᠤᠬᠳᠦ ᠡᠪᠤᠬᠡᠨ︾ ᠵᠡᠷᠬᠡ 100 ᠭᠠᠷᠤᠢ ᠬᠦᠨ ᠵᠤᠵᠠᠭᠠᠨ ᠦᠨᠳᠤᠰᠤᠳᠠᠨ ᠤ ᠤᠨᠴᠠᠯᠢᠬᠳᠦ ᠤᠷᠠᠯᠢᠭ ᠤᠨ ᠪᠦᠳᠤᠬᠡᠯ ᠤᠳ ᠢ ᠵᠤᠬᠢᠶᠠᠨ ᠪᠦᠳᠤᠬᠡᠵᠡᠢ᠃ ᠲᠠᠬᠦᠨ ᠤ ᠵᠤᠬᠢᠶᠠᠨ ᠪᠦᠳᠤᠬᠡᠵᠦ ᠨᠠᠶᠢᠷᠠᠭᠤᠯᠤᠬᠰᠡᠨ ᠪᠦᠵᠢᠭ ᠢ ᠲᠤᠰᠬᠠᠢ ᠮᠡᠷᠬᠡᠵᠢᠯᠳᠡᠳ ᠠᠴᠠ ︽ᠰᠤᠴᠢᠨ ᠬᠡᠯᠮᠡᠭᠳᠡᠬᠦ ᠮᠡᠳᠦ︾ ᠬᠦᠷ ᠬᠦᠭᠵᠢᠶᠠᠨ ᠲᠠᠢ ᠪᠦᠵᠢᠭᠯᠡᠬᠦ ᠪᠤᠯ ᠲᠡᠬᠦᠨ ᠤ ᠪᠦᠵᠢᠭ ᠤᠨ ᠬᠢᠨᠢ ᠨᠡᠶᠢᠳᠡᠯᠢᠭ ᠤᠨᠴᠠᠯᠢᠭ ᠪᠤᠯᠤᠨ᠎ᠠ᠂ ᠲᠡᠷᠡ ᠪᠤᠯ ᠲᠠᠯ᠎ᠠ ᠨᠤᠳᠤᠭ ᠤᠨ ᠤᠷᠠᠯᠢᠭ ᠤᠨ ᠡᠰ ᠲᠠᠢ ᠲᠦᠷᠤᠭ᠍ᠰᠡᠨ ᠪᠦᠵᠢᠭ ᠤᠨ ᠰᠡᠬᠢᠭᠤᠰᠦ ᠪᠤᠯᠤᠨ᠎ᠠ ᠬᠡᠵᠦ ᠦᠨᠠᠯᠠᠵᠦ ᠦᠩᠬᠡᠷᠡᠵᠡᠢ᠃     ᠰᠠᠬᠦᠯ ᠤᠨ ᠥᠶ᠎ᠠ ᠳᠤ ᠬᠤᠶᠢᠴᠢ ᠥᠶ᠎ᠠ ᠶᠢᠨ ᠬᠢᠨ ᠢ ᠬᠥᠮᠥᠵᠢᠬᠦᠯᠬᠦ ᠳᠤ ᠶᠡᠭᠡ ᠬᠥᠴᠥ ᠲᠠᠯᠪᠢᠬᠤ ᠪᠤᠯᠤᠬᠰᠠᠨ ᠬᠠᠰᠡᠷᠳᠡᠨᠢ ᠬᠤᠶᠠᠷ ᠭᠤᠷᠪᠠᠨ ᠤᠯᠠᠷᠢᠯ ᠢᠶᠠᠷ ᠪᠦᠬᠦ ᠠᠶᠢᠮᠠᠭ ᠤᠨ ᠡᠯ᠎ᠡ ᠬᠤᠰᠢᠭᠤᠨ ᠤ ᠤᠯᠠᠭᠠᠨᠮᠦ᠋ᠴᠢᠷ ᠲᠤ ᠬᠦᠷᠴᠤ ᠵᠢᠭᠠᠨ ᠵᠢᠯᠤᠭᠤᠳᠴᠤ᠂ ᠤᠷᠢᠳ ᠬᠤᠵᠢᠳ 300 ᠭᠠᠷᠤᠢ ᠬᠦᠮᠤᠨ ᠢ ᠬᠥᠮᠥᠵᠢᠬᠦᠯᠥᠭᠰᠡᠨ ᠪᠠᠶᠢᠳᠠᠬ᠃ ᠲᠠᠷᠠ ᠪᠠᠰᠠ ᠪᠦᠬᠦ ᠤᠷᠤᠨ ᠤ ᠭᠤᠷᠪᠠᠳᠤᠭᠠᠷ ᠬᠤᠭᠤᠴᠠᠭᠠᠨ ᠤ ᠤᠯᠠᠭᠠᠨᠮᠦ᠋ᠴᠢᠷ ᠤᠨ ᠪᠤᠯᠪᠠᠰᠤᠷᠡᠯ ᠤᠨ ᠠᠩᠬᠢ ᠳᠤ ᠪᠠᠭᠰᠢᠯᠠᠵᠦ ᠦᠩᠬᠡᠷᠡᠭᠰᠡᠨ ᠪᠦᠬᠡᠳ ᠵᠠᠯᠠᠭᠤ ᠨᠢᠬᠡ ᠦᠶ᠎ᠠ ᠶᠢᠨ ᠲᠤᠬᠯᠠᠬᠴᠢᠳ ᠲᠤ ᠲᠤᠬᠯᠠᠯᠳᠠ ᠶᠢᠨ ᠤᠷ᠎ᠠ ᠮᠡᠷᠬᠡᠵᠢᠯ ᠢ ᠨᠡᠷᠢᠨ ᠨᠢᠮᠪᠡᠢ ᠵᠢᠭᠠᠨ ᠦᠭᠴᠦ᠂ ᠬᠤᠰᠢᠭᠤ ᠰᠢᠶᠠᠨ ᠨᠢᠬᠡᠪᠤᠷᠢ ᠶᠢᠨ ᠰᠤᠩᠭᠤᠨ ᠭᠦᠷᠬᠡᠬᠦ ᠫᠷᠥᠭᠷᠡᠮ ᠢ ᠦᠪᠡᠷ ᠤᠨ ᠪᠡᠶ᠎ᠠ ᠪᠠᠷ ᠢᠶᠠᠨ ᠡᠯ᠎ᠠ ᠬᠤᠰᠢᠭᠤ ᠰᠢᠶᠠᠨ ᠤ ᠤᠯᠠᠭᠠᠨᠮᠦ᠋ᠴᠢᠷ ᠲᠤ ᠬᠦᠷᠴᠦ ᠵᠢᠭᠠᠨ ᠵᠢᠯᠤᠭᠤᠳᠴᠦ᠂ ᠤᠬᠤᠷᠬᠠᠨ ᠪᠤᠯ ᠬᠡᠳᠤᠨ ᠡᠳᠤᠷ᠂ ᠤᠷᠳᠦ ᠪᠤᠯ ᠬᠡᠳᠤᠨ ᠰᠠᠷ᠎ᠠ ᠪᠤᠯᠳᠠᠭ᠃ ᠵᠠᠷᠢᠮ ᠳᠤ ᠪᠠᠨ ᠴᠠᠭ ᠢ ᠠᠷᠪᠢᠯᠠᠵᠦ ᠨᠠᠩ ᠰᠠᠶᠢᠨ ᠪᠤᠯᠪᠠᠰᠤᠷᠠᠬᠤ ᠪᠤᠶᠦ ᠵᠤᠬᠢᠶᠠᠨ ᠪᠦᠳᠤᠬᠡᠬᠦ ᠶᠢᠨ ᠲᠦᠯᠤᠬᠡ ᠰᠤᠷᠤᠬᠴᠢᠳ ᠢᠶᠠᠨ ᠬᠡᠷ ᠲᠤ ᠪᠠᠨ ᠲᠠᠭᠠᠭᠤᠯᠤᠨ ᠢᠷᠡᠳᠡᠭ ᠪᠠᠶᠢᠯ᠎ᠠ᠃     ᠰᠢᠯᠢ ᠶᠢᠨ ᠬᠤᠳᠠ ᠳᠤ ᠠᠵᠢᠯ ᠰᠢᠯᠵᠢᠵᠥ ᠢᠷᠡᠭᠰᠡᠨ ᠤ ᠲᠠᠷᠠᠭ᠎ᠠ ᠯᠠᠮᠠ ᠬᠤᠸᠠᠷᠠᠭ ᠤᠳ ᠤᠨ ᠴᠠᠮ ᠤᠨ ᠪᠦᠵᠢᠭ ᠪᠦᠵᠢᠭᠯᠡᠬᠦ ᠶᠢ ᠦᠷᠬᠦᠯᠵᠢ ᠤᠴᠢᠵᠦ ᠰᠤᠨᠢᠷᠬᠠᠳᠠᠭ ᠪᠥᠬᠡᠳ ᠲᠠᠳᠡᠨ ᠢᠶᠠᠷ ᠴᠡᠮ ᠤᠨ ᠪᠦᠵᠢᠭ ᠵᠢᠭᠠᠯᠭᠠᠵᠥ᠂ ᠴᠠᠮ ᠤᠨ ᠪᠦᠵᠢᠭ ᠤᠨ ᠭᠤᠤᠯ ᠴᠢᠮᠤᠬᠡ ᠶᠢ ᠡᠵᠡᠮᠰᠢᠨ᠂ ᠤᠷᠠᠯᠢᠭ ᠤᠨ ᠵᠤᠬᠢᠶᠠᠨ ᠪᠦᠳᠤᠬᠡᠯᠬᠡ ᠪᠠᠷ ᠲᠠᠮᠵᠢᠨ ᠴᠡᠮ ᠤᠨ ᠪᠦᠵᠢᠭ ᠪᠤᠯᠤᠨ ᠦᠨᠳᠤᠰᠤᠳᠠᠨ ᠤ ᠪᠦᠵᠢᠭ ᠢ ᠠᠭᠤᠰᠤᠯᠴᠠᠭᠤᠯᠣᠨ ᠲᠠᠶᠢᠰᠠᠨ ᠤ ᠤᠷᠠᠯᠢᠭ ᠪᠤᠯᠭᠠᠨ ᠪᠦᠵᠢᠭᠯᠡᠬᠦ ᠪᠠᠷ ᠲᠠᠮᠵᠢᠭᠤᠯᠤᠨ ᠮᠤᠩᠭᠤᠯ ᠦᠨᠳᠤᠰᠤᠳᠠᠨ ᠤ ᠱᠠᠰᠢᠨ ᠰᠤᠷᠳᠠᠬᠤᠨ ᠤ ᠰᠤᠶᠤᠯ ᠢ ᠤᠯᠠᠨ ᠳᠤ ᠬᠦᠨ ᠬᠦᠨᠵᠡᠬᠡᠢ ᠲᠠᠨᠢᠭᠤᠯᠵᠦ᠂ ᠦᠵᠡᠭᠴᠢᠳ ᠲᠤ ᠦᠨᠳᠤᠰᠤᠳᠠᠨ ᠤ ᠤᠯᠠᠮᠵᠢᠯᠠᠯᠳᠦ ᠰᠤᠶᠤᠯ ᠤᠨ ᠷᠢᠳᠢ ᠰᠢᠳᠢ ᠶᠢ ᠲᠠᠨᠢᠭᠤᠯᠤᠬᠰᠡᠨ ᠢᠶᠠᠷ ᠪᠠᠷᠠᠬᠤ ᠦᠬᠡᠢ ᠰᠤᠷᠤᠯᠴᠠᠬᠤ ᠪᠠ ᠰᠤᠳᠤᠯᠬᠤ ᠪᠠᠷ ᠲᠠᠮᠵᠢᠨ᠂ ᠴᠡᠮ ᠤᠨ ᠪᠦᠵᠢᠭ ᠤᠨ ᠤᠷᠠᠯᠢᠭ ᠤᠨ ᠤᠬᠢ ᠰᠤᠳᠦ ᠶᠢ ᠰᠢᠩᠬᠡᠬᠡᠨ ᠠᠪᠴᠦ᠂ ᠨᠡᠯᠢᠶᠠᠳ ᠰᠢᠰᠲ᠋ᠧᠮ ᠲᠠᠢ ᠡᠷᠳᠡᠨ ᠤ ᠪᠦᠵᠢᠭ ᠪᠠ ᠤᠳᠦ ᠦᠶ᠎ᠠ ᠶᠢᠨ ᠮᠤᠩᠭᠤᠯ ᠪᠦᠵᠢᠭ ᠢ ᠤᠶᠠᠯᠳᠤᠭᠤᠯᠤᠬᠰᠡᠨ ᠦᠨᠳᠤᠰᠤᠨ ᠪᠤᠯᠪᠠᠰᠤᠷᠠᠯ ᠤᠨ ᠬᠦᠳᠡᠯᠬᠡᠬᠡᠨ ᠢ ᠡᠬᠦᠳᠤᠨ ᠭᠠᠷᠭᠠᠵᠡᠢ᠃ ᠡᠨᠡᠬᠦ ᠤᠨᠤᠯ ᠨᠢ ᠬᠤᠵᠢᠮ ᠨᠢ ᠪᠦᠬᠦ ᠠᠶᠢᠮᠠᠭ ᠤᠨ ᠤᠯᠠᠭᠠᠨᠮᠦ᠋ᠴᠢᠷ ᠤᠨ ᠦᠨᠳᠤᠰᠤᠨ ᠪᠤᠯᠪᠠᠰᠤᠷᠠᠯ ᠤᠨ ᠵᠠᠪᠠᠯ ᠰᠤᠷᠬᠤ ᠬᠢᠴᠢᠶᠡᠯ ᠪᠤᠯᠤᠬᠰᠡᠨ ᠪᠢᠯᠠ᠃     ᠣᠷᠠᠯᠢᠬ ᠤᠨ ᠣᠢᠢᠯᠠᠰ ᠲᠤ ᠨᠠᠰᠥ ᠪᠠᠷ ᠢᠶᠠᠨ ᠵᠢᠳᠬᠦᠭᠰᠡᠨ ᠬᠠᠰᠡᠷᠳᠡᠨᠢ ᠭᠤᠸᠠᠢ 2010 ᠤᠨ ᠤ 10 ᠰᠠᠷ᠎ᠠ ᠳᠤ ᠰᠢᠯᠢ ᠶᠢᠨ ᠬᠤᠳᠠ ᠳᠤ 80 ᠨᠠᠰᠤᠳᠡᠢ ᠳᠤ ᠪᠠᠨ ᠡᠪᠡᠳᠴᠢᠨ ᠢᠶᠠᠷ ᠨᠠᠰᠦ ᠪᠠᠷᠠᠵᠡᠢ᠃ ᠲᠤᠮᠳᠠᠳᠤ ᠤᠯᠤᠰ ᠤᠨ ᠪᠦᠵᠢᠭᠴᠢᠳ ᠤᠨ ᠨᠡᠶᠢᠭᠡᠮᠯᠢᠭ ᠤᠨ ᠭᠡᠰᠢᠭᠦᠨ᠂ ᠲᠤᠮᠳᠠᠳᠤ ᠤᠯᠤᠰ ᠤᠨ ᠪᠦᠵᠢᠭᠴᠢᠳ ᠤᠨ ᠨᠡᠶᠢᠭᠡᠮᠯᠢᠭ ᠤᠨ ᠦᠪᠤᠷ ᠮᠤᠩᠭᠤᠯ ᠳᠠᠬᠢ ᠬᠤᠪᠢᠶᠠᠷᠢ ᠨᠡᠶᠢᠭᠡᠮᠯᠢᠭ ᠤᠨ ᠬᠡᠷᠡᠭ ᠡᠷᠬᠢᠯᠡᠭᠴᠢ᠂ ᠰᠢᠯᠢ ᠶᠢᠨ ᠭᠤᠤᠯ ᠠᠶᠢᠮᠠᠭ ᠤᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ ᠲᠤᠰᠢᠶᠠᠯ ᠬᠠᠪᠰᠤᠷᠭᠠᠬᠰᠡᠨ ᠲᠡᠳ᠋ ᠲᠡᠷᠢᠭᠦᠯᠡᠭᠴᠢ᠂ ᠠᠶᠢᠮᠠᠭ ᠤᠨ ᠲᠠᠭᠤᠦ ᠬᠦᠭᠵᠢᠮ ᠪᠦᠵᠢᠭ ᠤᠨ ᠨᠡᠶᠢᠬᠡᠮᠯᠢᠭ ᠤᠨ ᠲᠡᠳ᠋ ᠲᠡᠷᠢᠬᠦᠯᠡᠭᠴᠢ ᠵᠡᠷᠭᠡ ᠨᠡᠶᠢᠭᠡᠮ ᠤᠨ ᠲᠤᠰᠢᠶᠠᠯ ᠢ ᠡᠭᠦᠷᠭᠡᠯᠡᠵᠤ ᠪᠠᠶᠢᠭᠰᠠᠨ ᠬᠠᠰᠡᠷᠳᠡᠨᠢ ᠳᠤ 1995 ᠤᠨ ᠳᠤ ᠦᠪᠤᠷ ᠮᠤᠩᠭᠤᠯ ᠤᠨ ᠪᠦᠵᠢᠭᠴᠢᠳ ᠤᠨ ᠨᠡᠶᠢᠭᠡᠮᠯᠢᠭ ᠠᠴᠠ ᠨᠢᠭᠡ ᠨᠠᠰᠤ ᠪᠠᠷ ᠢᠶᠠᠨ ᠪᠦᠵᠢᠭ ᠤᠨ ᠤᠶᠢᠯᠡᠰ ᠲᠤ ᠭᠠᠷᠮᠠᠭᠠᠢ ᠬᠤᠪᠢ ᠨᠡᠮᠡᠷᠢ ᠦᠵᠡᠭᠦᠯᠦᠭᠰᠡᠨ ᠢᠷᠠᠭᠤ ᠠᠯᠳᠠᠷ ᠤᠨ ᠦᠨᠡᠮᠯᠡᠯ ᠤᠯᠭᠤᠵᠠᠢ᠃ ᠲᠡᠭᠦᠨ ᠤ ᠨᠠᠮᠳᠠᠷ ᠴᠤ ︽ᠲᠤᠮᠳᠠᠳᠤ ᠤᠯᠤᠰ ᠤᠨ ᠤᠷᠠᠯᠢᠭᠴᠢᠳ ᠤᠨ ᠲᠤᠰᠬᠠᠢ ᠡᠮᠬᠢᠳᠬᠡᠯ︾᠂ ︽ᠲᠤᠮᠳᠠᠳᠤ ᠶᠢᠨ ᠬᠦᠮᠤᠨ ᠤ ᠮᠠᠭᠳᠠᠭᠤ︾᠂ ︽ᠲᠤᠮᠳᠠᠳᠤ ᠣᠯᠣᠰ ᠤᠨ ᠣᠳᠣ ᠦᠶ᠎ᠡ ᠶᠢᠨ ᠣᠷᠠᠯᠢᠭ ᠤᠨ ᠨᠡᠷᠡᠳᠤ ᠬᠦᠮᠣᠰ ᠤᠨ ᠲᠡᠮᠳᠡᠭᠯᠡᠯ︾ ᠵᠡᠷᠭᠡ ᠳᠤ ᠢᠷᠠᠭᠤ ᠠᠯᠳᠠᠷᠳᠠᠢ ᠪᠠᠷ ᠲᠡᠮᠳᠡᠭᠯᠡᠭᠳᠡᠭᠰᠡᠨ ᠪᠠᠶᠢᠳᠠᠬ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号