ᠮᠣᠷᠢᠨ ᠬᠤᠭᠤᠷ ᠤᠨ ᠡᠭᠦᠰᠦᠯ
ᠨᠡᠶᠢᠲᠡᠯᠡᠭᠰᠡᠨ ᠴᠠᠭ᠄
2020/12/22
    ᠮᠣᠩᠭᠤᠯ ᠦᠨᠳᠦᠰᠦᠲᠡᠨ ᠤ ᠴᠤᠭᠤᠷ ᠤᠷᠠᠯᠢᠭ ᠲᠤ ᠮᠣᠷᠢᠨ ᠬᠤᠭᠤᠷ ᠨᠢ ᠬᠦᠭᠵᠢᠮᠳᠡᠬᠦᠷ ᠤᠨ ᠴᠤᠭᠤᠷ ᠤᠨ ᠣᠷᠭᠢᠯ ᠪᠤᠯᠵᠣ᠂ ᠢᠯᠠᠩᠭᠤᠶ᠎ᠠ ᠰ᠊᠂ ᠷᠠᠰᠢ᠂  ᠰᠠᠩᠳᠦ᠋ᠭᠦᠷᠡᠩ᠂  ᠴᠢ · ᠪᠤᠯᠠᠭ᠂  ᠪᠦᠷᠢᠨᠪᠠᠶᠠᠷ  ᠪᠠ  ᠳ᠋ᠠᠷᠮ᠎ᠠ  ᠵᠡᠷᠭᠡ  ᠠᠯᠢ  ᠣᠯᠠᠨ ᠰᠢᠯᠭᠠᠷᠠᠭᠰᠠᠨ ᠤᠷᠠᠯᠢᠭᠴᠢᠳ ᠤᠨ ᠰᠠᠶᠢᠵᠢᠷᠠᠭᠤᠯᠬᠤ ᠪᠠ ᠳᠡᠭᠡᠭᠰᠢᠯᠡᠭᠦᠯᠬᠦ ᠪᠠᠷ ᠳᠡᠮᠵᠢᠨ᠂ ᠡᠨᠡ ᠬᠦ  ᠬᠦᠭᠵᠢᠮᠳᠡᠬᠦᠷ ᠨᠢ  ᠥᠷᠭᠡᠨ ᠳᠡᠯᠭᠡᠷ ᠲᠦᠭᠡᠮᠡᠯᠵᠢᠵᠦ᠂ ᠳᠡᠯᠡᠬᠡᠶ ᠶᠢᠨ ᠳᠠᠭᠤᠤ ᠬᠥᠭᠵᠢᠮ ᠤᠨ ᠤᠷᠠᠯᠢᠭ  ᠤᠨ ᠤᠢ  ᠳᠣᠲᠣᠷᠠᠬᠢ  ᠦᠨᠡᠲᠦ  ᠡᠷᠳᠡᠨᠢ  ᠪᠣᠯᠤᠭᠰᠠᠨ ᠪᠠᠶᠢᠨ᠎ᠠ᠃ ᠭᠡᠪᠡᠴᠦ ᠮᠣᠷᠢᠨ ᠬᠤᠭᠤᠷ ᠤᠨ ᠡᠭᠦᠰᠦᠯ ᠤᠨ ᠲᠤᠬᠠᠢ  ᠡᠷᠳᠡᠮ ᠰᠢᠨᠵᠢᠯᠡᠭᠡᠨ ᠤ ᠬᠢᠨ ᠶᠡᠷᠤᠨᠢ ᠨᠤᠲᠠᠯᠠᠯ ᠬᠢᠭᠡᠳᠦᠢ᠃             ᠲᠠᠯ᠎ᠠ ᠨᠤᠲᠤᠭ ᠲᠤ ᠨᠢᠭᠡ ᠡᠷᠲᠡᠨ ᠤ ᠤᠯᠠᠮᠵᠢᠯᠠᠯ ᠶᠠᠷᠢᠶ᠎ᠠ ᠪᠠᠶᠢᠳᠠᠭ᠂ ᠬᠥᠮᠦᠰ ᠠᠶᠢᠷᠠᠭ ᠤᠨ ᠰᠢᠨᠠᠭ᠎ᠠ ᠶᠢ  ᠦᠬᠡᠷ ‍ᠦᠨ‌ᠠᠷᠠᠰᠤ ᠪᠠᠷ ᠪᠦᠷᠢᠵᠦ᠂  ᠮᠣᠷᠢᠨ ᠰᠡᠬᠦᠯ ᠤᠨ ᠬᠢᠯᠭᠠᠰᠣ ᠪᠠᠷ ᠬᠤᠶᠠᠷ ᠬᠥᠪᠴᠢ ᠲᠠᠲᠠᠵᠤ ᠬᠥᠭᠵᠢᠮᠳᠡᠭᠦᠷ  ᠪᠣᠯᠭᠠᠨ ᠬᠦᠭᠵᠢᠮᠳᠡᠳᠡᠭ ᠢ ︽ᠰᠢᠨᠠᠭᠠᠨ ᠬᠤᠭᠤᠷ︾ ᠬᠡᠮᠡᠳᠡᠭ ᠪᠠᠶᠢᠪᠠ᠃ ᠮᠣᠷᠢᠨ ᠬᠤᠭᠤᠷ ᠪᠣᠯ 19 ᠳ᠋ᠦ᠋ᠭᠡᠷ ᠵᠠᠭᠤᠨ ᠤ ᠰᠡᠭᠦᠯᠴᠢ ᠪᠠᠷ ᠰᠢᠨ᠎ᠡ ᠪᠠᠷ ᠮᠠᠨᠳᠤᠭᠰᠠᠨ ᠬᠥᠭᠵᠢᠮ ᠪᠣᠯᠤᠨ᠎ᠠ᠃  ᠲᠡᠭᠦᠨ ᠤ ᠪᠣᠢ ᠪᠣᠯᠣᠭᠰᠠᠨ ᠨᠢ ᠮᠥᠨ ᠴᠦ ᠤᠷᠳᠤ ᠤᠳᠠᠭᠠᠨ ᠬᠥᠭᠵᠢᠯᠲᠡ ᠶᠢ ᠦᠩᠭᠡᠷᠡᠭᠡᠭᠰᠡᠨ ᠪᠦᠬᠡᠳ ᠡᠨᠡ  ᠬᠦ  ᠶᠠᠪᠤᠴᠠ   ᠳᠠᠭᠠᠨ ᠤᠯᠠᠨ ᠡᠰᠢᠲᠦ ᠰᠣᠶᠣᠯ ᠤᠨ ᠬᠦᠴᠦᠨ ᠵᠦᠶᠯ ᠤᠨ ᠨᠥᠯᠥᠭᠡ ᠶᠢ ᠣᠯᠤᠭᠰᠠᠨ ᠪᠠᠶᠢᠯ᠎ᠠ᠂ ᠡᠭᠦᠨ ᠳᠤ  ᠡᠶᠢᠮᠣ ᠬᠡᠳᠦᠨ ᠵᠦᠶᠯ ᠤᠨ ᠬᠡᠯᠡᠯᠭᠡ ᠪᠠᠶᠢᠨ᠎ᠠ᠃ ᠶᠠᠭᠤᠨ ᠤ ᠤᠷᠢᠳ ᠪᠠᠷᠠᠭᠤᠨ ᠠᠹᠷᠢᠺᠠ ᠶᠢᠨ ᠣᠷᠣᠨ ᠤ RITI ᠬᠥᠭᠵᠢᠮ ᠪᠣᠯᠤᠨ᠎ᠠ᠃ ᠡᠨᠡ  ᠬᠦᠭᠵᠢᠮᠳᠡᠬᠦᠷ   ᠨᠢ ᠪᠠᠷᠠᠭᠤᠨ ᠠᠹᠷᠢᠺᠠ ᠶᠢᠨ ᠭᠠᠷᠠᠮ ᠤᠨ ᠬᠤᠲᠠ ᠳ᠋ᠠᠷᠺᠧᠯ ᠠᠴᠠ ᠢᠷᠡᠯ   ᠲᠠᠢ᠂  ᠮᠣᠷᠢᠨ  ᠰᠡᠭᠦᠯ   ᠤᠨ  ᠬᠢᠯᠭᠠᠰᠣ ᠪᠠᠷ  ᠬᠢᠭᠰᠡᠨ ᠭᠠᠭᠴᠠ ᠬᠥᠪᠴᠢ ᠲᠠᠢ᠂ ᠮᠣᠷᠢᠨ ᠰᠡᠭᠦᠯᠲᠦ ᠶᠠᠲᠤᠭ᠎ᠠ ᠶᠢᠨ ᠨᠤᠮᠤ ᠲᠠᠢ᠂ ᠶᠠᠲᠤᠭ᠎ᠠ  ᠶᠢᠨ ᠬᠠᠶᠢᠷᠴᠠᠭ   ᠢ ᠠᠪᠤᠷᠭᠤ ᠮᠣᠭᠠᠶ ᠶᠢᠨ ᠠᠷᠠᠰᠤ ᠪᠠᠷ ᠪᠦᠷᠢᠵᠠᠢ᠃  ᠳᠠᠷᠠᠭᠠᠯᠠᠪᠠᠯ ᠠᠹᠷᠢᠺᠠ ᠲᠢᠪ ᠤᠨ ᠡᠸ᠋ᠽᠢᠣᠪᠢᠶ᠎ᠡ ᠶᠢᠨ Masenqo ᠳᠤ ᠡᠨᠡ ᠬᠦ ᠬᠦᠭᠵᠢᠮᠳᠡᠬᠦᠷ ᠤᠨ ᠬᠠᠶᠢᠷᠴᠠᠭ ᠨᠢ ᠳᠥᠷᠪᠡᠯᠵᠢᠨ ᠬᠡᠯᠪᠡᠷᠢ ᠲᠠᠢ ᠪᠠᠶᠢᠵᠣ᠂ ᠨᠢᠭᠤᠷ ᠢ ᠨᠢ ᠦᠬᠡᠷ ᠤᠨ ᠠᠷᠠᠰᠤ ᠪᠠᠷ ᠪᠦᠷᠢᠵᠦ᠂ ᠭᠠᠭᠴᠠ ᠴᠢᠪᠬᠠᠳᠠᠰᠤᠲᠠᠢ᠂  ᠬᠡᠪ ᠨᠠᠮᠪᠠ ᠨᠢ ᠲᠦᠪᠯᠡᠭᠦᠨ ᠮᠥᠷᠲᠡᠭᠡᠨ ᠪᠣᠷᠣᠭᠵᠢᠭᠤᠨ᠃ ᠲᠠᠬᠢᠭᠠᠳ ᠬᠡᠯᠡᠪᠡᠯ᠂ ᠣᠳᠣᠬᠠᠨ ᠳᠤ ᠧᠦ᠋ᠷᠣᠫᠠ ᠲᠢᠪ ᠤᠨ ᠪᠠᠯᠺᠠᠨ ᠲᠠᠯ᠎ᠠ ᠨᠤᠲᠤᠭ   ᠲᠤ  ᠮᠥᠨ ᠯᠡ ᠳᠡᠯᠭᠡᠷᠡᠵᠦ ᠪᠠᠶᠢᠭ᠎ᠠ ᠣᠯᠠᠮᠵᠢᠯᠠᠯᠳᠣ ᠭᠠᠭᠴᠠ ᠴᠢᠪᠬᠠᠳᠠᠰᠤᠲᠤ ᠬᠦᠭᠵᠢᠮᠳᠡᠬᠦᠷ Gusle ︵ᠺᠷᠤᠲ᠋ᠢᠶ᠎ᠠ ᠬᠡᠯᠡ︶ ᠪᠤᠯᠤᠨ᠎ᠠ᠃ Gusle ᠶᠢ ᠶᠡᠷᠦ ᠳᠡᠭᠡᠨ ᠠᠷᠠᠳ ᠤᠨ ᠳᠠᠭᠤᠤ ᠪᠤᠶᠤ ᠲᠤᠤᠯᠢᠰ ᠬᠠᠪᠰᠤᠷᠤᠨ ᠬᠥᠭᠵᠢᠮᠳᠡᠬᠦ ᠳᠤ ᠬᠡᠷᠡᠭᠯᠡᠳᠡᠭ᠃ ᠬᠥᠭᠵᠢᠮᠳᠡᠬᠦ  ᠦᠶ᠎ᠡ   ᠳᠤ᠂ ᠬᠥᠭᠵᠢᠮᠳᠡᠭᠦᠷ ᠢᠶᠠᠨ ᠬᠤᠶᠠᠷ ᠡᠪᠦᠳᠦᠭ  ᠤᠨ ᠳᠤᠮᠳᠠ ᠠᠰᠬᠠᠨ ᠬᠠᠪᠴᠢᠵᠤ᠂ ᠵᠡᠭᠦᠨ ᠭᠠᠷ  ᠤᠨ ᠬᠤᠷᠤᠭᠤ ᠪᠠᠷ ᠢᠶᠠᠨ ᠴᠢᠪᠬᠠᠳᠠᠬᠤ ᠪᠣᠯᠪᠠᠴᠤ ᠶᠠᠲᠤᠭ᠎ᠠ ᠶᠢᠨ ᠬᠥᠪᠴᠢ ᠨᠢ ᠶᠡᠷᠦ ᠠᠴᠠ ᠶᠠᠲᠤᠭ᠎ᠠ ᠶᠢᠨ  ᠬᠦᠵᠦᠭᠦᠦ ᠲᠠᠢ ᠣᠶᠢᠷᠠᠳᠳᠠᠭ ᠦᠭᠡᠶ᠃ ᠳᠡᠭᠡᠷᠡᠬᠢ 3 ᠵᠦᠢᠯ ᠤᠨ ᠭᠠᠭᠴᠠ ᠴᠢᠪᠬᠠᠳᠠᠰᠤᠲᠤ ᠬᠦᠭᠵᠢᠮᠳᠡᠬᠦᠷ ᠲᠠᠢ ᠬᠠᠮᠤᠭ ᠤᠨ ᠲᠥᠰᠦᠭᠡᠲᠡᠢ  ᠬᠦᠭᠵᠢᠮᠳᠡᠬᠦᠷ ᠪᠣᠯ Suhun khuuur (ᠰᠦᠬᠡᠨ ᠬᠤᠭᠤᠷ) ᠪᠣᠯᠤᠨ᠎ᠠ᠃ ᠡᠨᠡ ᠪᠣᠯ ᠮᠣᠩᠭᠤᠯ ᠦᠨᠳᠦᠰᠦᠲᠡᠨ ᠤ  ᠡᠷᠲᠡᠨ   ᠤ  ᠭᠠᠭᠴᠠ ᠴᠢᠪᠬᠠᠳᠠᠰᠤᠲᠤ ᠱᠦᠷᠭᠦᠭᠦᠯ ᠬᠥᠭᠵᠢᠮᠳᠡᠭᠦᠷ ᠪᠣᠯᠤᠨ᠎ᠠ᠃ ᠲᠡᠷᠡ ᠨᠢ ᠪᠤᠬ᠎ᠠ ᠶᠢᠨ ᠰᠦᠬᠡ ( ᠪᠤᠷᠢᠶᠠᠳ  ᠨᠤᠲᠤᠭ   ᠤᠨ  ᠠᠶᠠᠯᠭᠤ᠂ ᠳᠠᠪᠤᠰᠠᠩ ᠤᠨ ᠤᠭᠤᠲᠠ ᠭᠡᠰᠡᠨ ᠤᠳᠬ᠎ᠠ ᠲᠠᠢ) ᠪᠠᠷ ᠨᠢᠭᠤᠷ  ᠢ ᠨᠢ  ᠪᠦᠷᠢᠵᠦ᠂ ᠮᠣᠷᠢᠨ ᠰᠡᠭᠦᠯ ᠤᠨ ᠬᠢᠯᠭᠠᠰᠣ  ᠪᠠᠷ  ᠶᠠᠲᠤᠭ᠎ᠠ ᠶᠢᠨ ᠬᠥᠪᠴᠢ ᠬᠢᠵᠦ᠂ ᠬᠥᠭᠵᠢᠮᠳᠡᠬᠦ ᠳᠡᠭᠡᠨ ᠭᠠᠵᠠᠷ ᠰᠠᠭᠤᠭ᠎ᠠ ᠬᠡᠯᠪᠡᠷᠢ   ᠪᠠᠷ  ᠬᠥᠪᠴᠢ   ᠪᠠᠨ  ᠲᠠᠪᠤᠨ  ᠬᠤᠷᠤᠭᠤ   ᠪᠠᠷ  ᠵᠶ᠋ᠠᠨ‌‍ᠴᠢᠯᠥᠭᠡᠲᠡᠶ ᠳᠠᠷᠤᠳᠠᠭ᠃           ᠮᠣᠷᠢᠨ ᠬᠤᠭᠤᠷ ᠬᠥᠭᠵᠢᠯ ᠤᠨ ᠲᠡᠤᠬᠡ ᠪᠠᠨ ᠪᠢᠴᠢᠭᠯᠡᠵᠦ᠂ ᠮᠣᠷᠢᠨ ᠬᠤᠭᠤᠷ ᠤᠨ ᠲᠠᠭᠤᠨ ᠲᠡᠦᠬᠡ ᠶᠢᠨ  ᠣᠭᠲᠠᠷᠭᠤᠢ ᠶᠢᠨ ᠴᠡᠭᠡᠯ   ᠳᠤ  ᠴᠤᠤᠷᠢᠶᠠᠲᠤᠵᠤ᠂ ᠲᠤᠷᠠᠰᠬᠤ  ᠲᠤᠰᠤᠮ  ᠬᠥᠮᠦᠰ ᠤᠨ ᠰᠣᠨᠢᠷᠬᠠᠯ ᠢ ᠲᠠᠲᠠᠮ᠎ᠠ ᠰᠠᠶᠢᠬᠠᠨ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号