︽ᠤᠷᠠᠨ ᠰᠤᠷ︾᠎ ᠠᠴᠠ ᠤᠬᠠᠭᠠᠨ ᠬᠦᠪᠦᠷᠡᠨ᠎ᠡ
ᠨᠡᠶᠢᠲᠡᠯᠡᠭᠰᠡᠨ ᠴᠠᠭ᠄
2020/12/10
    ᠤᠶᠢᠷ᠎ᠠ ᠶᠢᠨ ᠵᠢᠯ ᠬᠦᠳᠡᠭᠡ ᠨᠤᠲᠤᠭ ᠢᠶᠠᠷ ᠠᠳᠤᠭᠤ ᠮᠠᠯᠵᠢᠵᠤ᠂ ᠮᠤᠷᠢ ᠤᠨᠤᠬᠤ ᠬᠦᠮᠦᠰ ᠤᠯᠠᠰᠢᠷᠠᠵᠤ ᠢᠷᠡᠭᠰᠡᠨ ᠢᠶᠠᠷ ᠡᠭᠦᠨ ᠢ ᠳᠠᠭᠠᠯᠳᠤᠨ ᠨᠡᠬᠦᠳᠡᠯ ᠰᠤᠶᠤᠯ ᠤᠨ ᠦᠪ ᠪᠤᠯᠤᠭᠰᠠᠨ ᠮᠤᠷᠢᠨ ᠤ ᠡᠳ᠋ᠯᠡᠯ ᠬᠡᠷᠡᠭᠰᠡᠯ ᠴᠦ ᠵᠠᠬ᠎ᠠ ᠳᠡᠯᠭᠡᠭᠦᠷ ᠲᠤ ᠥᠪᠡᠷ ᠤᠨ ᠭᠡᠰᠡᠨ ᠤᠷᠤᠨ ᠪᠠᠶᠢᠷᠢ ᠲᠠᠢ ᠪᠤᠯᠵᠤ᠂ ᠤᠷᠠᠯᠠᠵᠤ ᠬᠢᠬᠦ᠂ ᠡᠳ᠋ᠯᠡᠵᠦ ᠬᠡᠷᠡᠭᠯᠡᠬᠦ ᠬᠦᠮᠦᠰ ᠤᠯᠠᠮ ᠤᠯᠠᠰᠢᠷᠠᠭᠰᠠᠨ ᠪᠠᠶᠢᠨ᠎ᠠ᠃ ᠰᠢᠯᠤᠭᠤᠨ ᠬᠦᠭᠡ ᠬᠤᠰᠢᠭᠤᠨ ᠤ ᠪᠤᠱᠤᠤᠳᠠᠢ ᠰᠤᠮᠤᠨ ᠤ ᠭᠤᠭᠤᠰᠤᠳᠠᠢ ᠭᠠᠴᠠᠭᠠᠨ ᠤ ᠮᠠᠯᠴᠢᠨ ᠵᠠᠯᠠᠭᠤ ᠨᠠᠨᠳᠢᠨ ᠪᠤᠯ ᠡᠳᠡᠭᠡᠷ ᠬᠦᠮᠦᠰ ᠤᠨ ᠳᠤᠳᠤᠷᠠᠬᠢ ᠨᠢᠭᠡᠨ ᠶᠤᠮ᠃     ᠰᠢᠯᠤᠭᠤᠨ ᠬᠦᠭᠡ ᠬᠤᠰᠢᠭᠤᠨ ᠤ ᠰᠠᠩ ᠤᠨ ᠳᠠᠯᠠᠢ ᠪᠠᠯᠭᠠᠰᠤᠨ ᠤ ᠲᠦᠪ ᠲᠤ ᠵᠡᠭᠡᠯᠢ ᠨᠢᠭᠤᠷᠯᠠᠨ ᠪᠠᠶᠢᠷᠢᠯᠠᠭ᠎ᠠ ᠡᠨᠡ ᠬᠦ ᠵᠢᠵᠢᠭᠭᠡᠨ ᠪᠠᠶᠢᠰᠢᠩ ᠬᠡᠷ ᠪᠤᠯ ᠨᠠᠨᠳᠢᠨ ᠤ ︽ᠤᠷᠠᠨ ᠰᠤᠷ︾ ᠮᠤᠷᠢᠨ ᠡᠳ᠋ᠯᠡᠯ ᠤᠨ ᠳᠡᠯᠭᠡᠭᠦᠷ ᠪᠤᠯᠬᠤ ᠶᠤᠮ᠃ ᠳᠡᠯᠭᠡᠭᠦᠷ ᠤᠨ ᠬᠠᠨ᠎ᠠ ᠶᠢ ᠳᠠᠭᠠᠭᠤᠯᠤᠨ ᠡᠮᠡᠭᠡᠯ᠂ ᠬᠠᠵᠠᠭᠠᠷ ᠨᠤᠭᠳᠤ᠂ ᠳᠠᠰᠢᠭᠤᠷ᠂ ᠴᠢᠳᠤᠷ ᠲᠤᠱᠠ᠂ ᠲᠤᠬᠤᠮ ᠤᠨ ᠳᠠᠷᠤᠭᠤᠯᠭ᠎ᠠ᠂ ᠤᠯᠤᠩ ᠵᠢᠷᠢᠮ ᠁ ᠵᠡᠷᠭᠡ ᠰᠤᠷ ᠡᠳ᠋ᠯᠡᠯ ᠤᠳ ᠢ ᠡᠮᠬᠢ ᠴᠡᠭᠴᠡ ᠲᠠᠢ ᠪᠠᠶᠢᠷᠢᠰᠢᠭᠤᠯᠤᠨ ᠳᠠᠯᠪᠢᠵᠦ᠂ ᠴᠠᠭᠠᠳᠤ ᠪᠢᠴᠢᠬᠠᠨ ᠵᠠᠢ ᠳᠤ ᠨᠢ ᠨᠠᠨᠳᠢᠨ ᠥᠪᠡᠷ ᠢᠶᠠᠨ ᠪᠤᠰᠤᠳ ᠤᠨ ᠵᠠᠬᠢᠶᠠᠯᠠᠭ᠎ᠠ ᠪᠠᠷ ᠬᠢᠯᠭᠡᠵᠦ ᠪᠠᠶᠢᠭ᠎ᠠ ᠮᠤᠷᠢᠨ ᠤ ᠡᠳ᠋ᠯᠡᠯ ᠢ ᠤᠷᠤᠯᠳᠤᠵᠤ ᠰᠠᠭᠤᠨ᠎ᠠ᠃     ᠰᠢᠯᠤᠭᠤᠨ ᠬᠦᠭᠡ ᠬᠤᠰᠢᠭᠤᠨ ᠳᠤ ᠮᠤᠷᠢᠨ ᠤ ᠡᠳ᠋ᠯᠡᠯ ᠬᠢᠵᠦ ᠪᠠᠶᠢᠭ᠎ᠠ ᠬᠦᠮᠦᠰ ᠨᠡᠯᠢᠶᠡᠳ ᠤᠯᠠᠨ ᠪᠠᠶᠢᠭᠰᠠᠨ ᠴᠦ ᠤᠯᠠᠩᠬᠢ ᠨᠢ ᠠᠬᠠᠮᠠᠳ ᠳᠤᠮᠤᠭ᠎ᠠ ᠲᠠᠢ ᠬᠦᠮᠦᠰ ᠪᠠᠶᠢᠵᠦ᠂ ᠴᠦᠭᠡᠪᠦᠷ ᠬᠡᠳᠦᠨ ᠵᠠᠯᠠᠭᠤᠰ ᠨᠠᠰᠤᠳᠠᠨ ᠳᠤᠮᠤᠭᠠᠳᠠᠳ ᠠᠴᠠ ᠪᠠᠨ ᠭᠠᠷ ᠤᠨ ᠤᠷ᠎ᠠ ᠶᠢ ᠨᠢ ᠤᠯᠠᠮᠵᠢᠯᠠᠨ᠂ ᠦᠨᠳᠦᠰᠦᠳᠡᠨ ᠤ ᠰᠤᠶᠤᠯ ᠤᠨ ᠦᠪ ᠪᠤᠯᠤᠭᠰᠠᠨ ᠰᠤᠷ ᠡᠳ᠋ᠯᠡᠯ ᠬᠢᠬᠦ ᠮᠡᠷᠭᠡᠵᠢᠯ ᠢ ᠨᠢ ᠦᠪᠯᠡᠵᠦ ᠶᠠᠪᠤᠭ᠎ᠠ ᠶᠢᠨ ᠳᠤᠳᠤᠷᠠᠬᠢ ᠨᠢᠭᠡ ᠨᠢ ᠨᠠᠨᠳᠢᠨ ᠪᠤᠯᠬᠤ ᠶᠤᠮ᠃     ︽17 ᠨᠠᠰᠤᠳᠠᠢ ᠠᠩᠬ᠎ᠠ ᠳᠤᠮᠳᠠᠳᠤ ᠪᠠᠨ ᠳᠡᠭᠦᠰᠦᠭᠡᠳ᠂ ᠬᠦᠳᠡᠭᠡ ᠪᠠᠨ ᠤᠴᠢᠭᠠᠳ ᠮᠠᠯ ᠳᠡᠭᠡᠷ᠎ᠡ ᠰᠠᠭᠤᠭᠰᠠᠨ᠃ ᠳᠡᠭᠡᠭᠡᠳ ᠠᠳᠤᠭᠤ ᠮᠠᠯ ᠲᠠᠢ ᠨᠤᠴᠤᠯᠳᠤᠨ᠎ᠠ᠃ ᠠᠮᠢᠳᠤᠷᠠᠯ ᠤᠨ ᠬᠡᠷᠡᠭᠴᠡᠭᠡ ᠠᠴᠠ ᠪᠤᠯᠤᠭᠠᠳ᠂ ᠠᠪᠤ ᠶᠢᠨ ᠢᠶᠠᠨ ᠨᠦᠯᠦᠭᠡ ᠠᠴᠠ ᠰᠤᠷ ᠢ ᠡᠬᠢᠯᠡᠭᠡᠳ ᠤᠷᠤᠯᠳᠤᠬᠤ ᠪᠤᠯᠤᠭᠰᠠᠨ᠃ ᠮᠠᠨ ᠤ ᠠᠪᠤ ᠠᠴᠠ ᠠᠩᠬᠠᠨ ᠤ ᠰᠤᠷ ᠬᠢᠬᠦ ᠭᠠᠷᠤᠭ᠎ᠠ ᠪᠠᠨ ᠠᠪᠤᠯ᠎ᠠ ᠭᠡᠵᠦ ᠬᠡᠯᠡᠵᠦ ᠪᠤᠯᠤᠨ᠎ᠠ᠃ ᠮᠠᠨ ᠤ ᠠᠪᠤ ᠰᠤᠷ ᠰᠠᠶᠢᠬᠠᠨ ᠬᠢᠨ᠎ᠡ᠃ ᠰᠤᠷ ᠤᠨ ᠠᠩᠬᠠᠨ ᠤ ᠠᠯᠬᠤᠮ ᠤᠨ ᠰᠠᠭᠤᠷᠢ ᠶᠢ ᠠᠪᠤ ᠳᠠᠯᠪᠢᠵᠦ ᠦᠭᠭᠦᠭᠰᠡᠨ᠃ ᠳᠡᠷᠡ ᠦᠶ᠎ᠡ ᠳᠤ ᠬᠤᠳᠠᠯᠳᠤᠭᠠᠨ ᠤ ᠲᠠᠯ᠎ᠠ ᠪᠠᠷ ᠵᠠᠷᠤᠬᠤ ᠨᠢ ᠳᠡᠮᠡᠢ ᠪᠠᠶᠢᠬᠤ ᠦᠭᠡᠢ᠂ ᠭᠤᠤᠯ ᠨᠢ ᠥᠪᠡᠷ ᠤᠨ ᠢᠶᠠᠨ ᠮᠤᠷᠢ ᠤᠨᠤᠭᠠᠨ ᠳᠤ ᠪᠠᠨ ᠵᠠᠷᠤᠵᠤ ᠪᠠᠶᠢᠭᠰᠠᠨ᠃ ᠳᠡᠷᠡ ᠦᠶ᠎ᠡ ᠳᠤ ᠵᠠᠯᠠᠭᠤᠴᠤᠳ ᠮᠤᠲ᠋ᠥᠷ ᠶᠡᠭᠡ ᠬᠦᠭᠡᠭᠡᠴᠡᠯᠳᠦᠵᠦ ᠪᠠᠶᠢᠭᠰᠠᠨ᠂ ᠪᠢ ᠪᠤᠯ ᠬᠠᠷᠢᠨ ᠮᠤᠷᠢᠨ ᠳᠤ ᠶᠡᠭᠡ ᠳᠤᠷ᠎ᠠ ᠲᠠᠢ᠂ ᠡᠮᠨᠢᠭ ᠤᠷᠤᠯᠳᠤᠬᠤ᠂ ᠮᠤᠷᠢ ᠤᠨᠤᠬᠤ ᠳᠤᠷ᠎ᠠ ᠲᠠᠢ᠃ ᠳᠡᠷᠡ ᠱᠠᠭᠠᠷᠳᠠᠯᠭ᠎ᠠ ᠠᠴᠠ ᠪᠤᠯᠤᠭᠠᠳ ᠰᠤᠷ ᠨᠤᠭᠳᠤ ᠲᠠᠢ ᠶᠡᠭᠡ ᠤᠶᠢᠷᠠᠳᠤᠳᠠᠭ᠂ ᠤᠳᠤ ᠬᠦᠷᠳᠡᠯ᠎ᠡ ᠤᠷᠤᠯᠳᠤᠵᠤ ᠪᠠᠶᠢᠨ᠎ᠠ︾ ᠬᠡᠵᠦ ᠨᠠᠨᠳᠢᠨ ᠶᠠᠷᠢᠨ᠎ᠠ᠃     2017 ᠤᠨ ᠳᠤ ᠨᠠᠨᠳᠢᠨ ᠰᠢᠯᠤᠭᠤᠨ ᠬᠦᠭᠡ ᠬᠤᠰᠢᠭᠤᠨ ᠤ ᠭᠡᠰᠡᠭ ᠰᠣᠷ ᠡᠳ᠋ᠯᠡᠯ ᠤᠷᠠᠯᠠᠳᠠᠭ ᠠᠬᠠᠮᠠᠳ ᠲᠤᠮᠤᠭᠠᠳᠠᠳ ᠵᠢᠴᠢ ᠵᠠᠯᠠᠭᠤᠴᠤᠳ ᠢ ᠪᠠᠭᠳᠠᠭᠠᠭᠰᠠᠨ ︽ᠤᠷᠠᠨ ᠰᠤᠷ︾ ᠮᠤᠷᠢᠨ ᠡᠳ᠋ᠯᠡᠯ ᠤᠨ ᠸᠢᠴᠠᠲ ᠬᠤᠯᠪᠤᠭ᠎ᠠ ᠶᠢ ᠪᠠᠶᠢᠭᠤᠯᠵᠤ᠂ ᠬᠡᠰᠢᠬᠦᠳ ᠠᠴᠠ ᠬᠢᠭᠰᠡᠨ ᠪᠦᠲᠦᠭᠡᠯ ᠤᠳ ᠢᠶᠠᠨ ᠬᠤᠯᠪᠤᠭᠠᠨ ᠳᠤ ᠪᠠᠨ ᠶᠠᠪᠤᠭᠤᠯᠤᠨ ᠬᠠᠷᠢᠯᠴᠠᠨ ᠳᠤᠷᠰᠢᠯᠭ᠎ᠠ ᠰᠤᠯᠢᠯᠴᠠᠵᠤ ᠪᠠᠶᠢᠭᠰᠠᠨ ᠢᠶᠠᠨ ᠡᠨᠡ ᠵᠢᠯ ᠤᠨ ᠡᠬᠢ ᠪᠠᠷ ᠰᠠᠩ ᠤᠨ ᠳᠠᠯᠠᠢ ᠪᠠᠯᠭᠠᠰᠤᠨ ᠳᠤ ᠡᠨᠡ ᠬᠦ ᠬᠤᠯᠪᠤᠭᠠᠨ ᠤ ᠪᠠᠨ ᠨᠡᠷ᠎ᠡ ᠪᠠᠷ ᠨᠠᠷᠡᠶᠢᠳᠦᠭᠰᠡᠨ ᠵᠢᠵᠢᠭ ᠳᠡᠯᠭᠡᠭᠦᠷ ᠢᠶᠠᠨ ᠨᠡᠭᠡᠭᠡᠵᠡᠢ᠃ ᠤᠳᠤ ᠳᠡᠷᠡ ᠳᠡᠯᠭᠡᠭᠦᠷ ᠲᠤ ᠪᠠᠨ ᠥᠪᠡᠷ ᠤᠨ ᠬᠢᠭᠰᠡᠨ ᠮᠤᠷᠢᠨ ᠡᠳ᠋ᠯᠡᠯ ᠤᠨ ᠪᠦᠲᠦᠭᠡᠯ ᠠᠴᠠ ᠭᠠᠳᠠᠨ᠎ᠠ ᠬᠤᠯᠪᠤᠭᠠᠨ ᠤ ᠪᠠᠨ ᠬᠡᠰᠢᠬᠦᠳ ᠤᠨ ᠪᠦᠲᠦᠭᠡᠯ ᠢ ᠴᠦ ᠬᠠᠮᠳᠤ ᠳᠤ ᠨᠢ ᠳᠡᠯᠭᠡᠨ ᠪᠤᠷᠤᠯᠠᠭᠤᠯᠵᠤ ᠪᠤᠢ᠃     ᠠᠬᠠᠮᠠᠳ ᠨᠢᠭᠡ ᠦᠶ᠎ᠡ ᠶᠢᠨ ᠬᠢᠨ ᠠᠴᠠ ᠪᠠᠨ ᠦᠨᠳᠦᠰᠦᠲᠡᠨ ᠤ ᠦᠪ ᠰᠤᠶᠤᠯ ᠪᠤᠯᠤᠭᠰᠠᠨ ᠮᠤᠷᠢᠨ ᠤ ᠡᠳ᠋ᠯᠡᠯ ᠤᠷᠠᠯᠠᠬᠤ ᠤᠯᠠᠮᠵᠢᠯᠠᠯᠳᠤ ᠤᠷ᠎ᠠ ᠮᠡᠷᠭᠡᠵᠢᠯ ᠢ ᠨᠢ ᠰᠤᠷᠤᠯᠴᠠᠵᠤ᠂ ᠵᠠᠯᠠᠭᠤᠰ ᠬᠤᠭᠤᠷᠤᠨᠳᠦ ᠪᠠᠨ ᠬᠠᠷᠢᠯᠴᠠᠨ ᠲᠤᠷᠰᠢᠯᠭ᠎ᠠ ᠰᠤᠯᠢᠯᠴᠠᠨ᠂ ᠤᠯᠠᠮᠵᠢᠯᠠᠯ ᠢᠶᠠᠨ ᠬᠠᠳᠠᠭᠠᠯᠠᠭᠰᠠᠨ ᠰᠠᠭᠤᠷᠢᠨ ᠳᠡᠭᠡᠷ᠎ᠡ ᠤᠯᠠᠮ ᠴᠢᠨᠠᠭᠰᠢᠳᠠ ᠰᠢᠨ᠎ᠡ ᠶᠢ ᠡᠭᠦᠳᠬᠦ ᠵᠤᠷᠢᠯᠳᠠ ᠪᠠᠷ ᠨᠠᠨᠳᠢᠨ ᠡᠨᠡ ᠵᠢᠯ ᠤᠨ 7 ᠰᠠᠷ᠎ᠠ ᠳᠤ ︽ᠤᠷᠠᠨ ᠰᠤᠷ︾ ᠬᠤᠯᠪᠤᠭ᠎ᠠ ᠪᠠᠶᠢᠭᠤᠯᠤᠭᠳᠠᠭᠰᠠᠨ ᠭᠤᠷᠪᠠᠨ ᠵᠢᠯ ᠤᠨ ᠤᠢ ᠳᠤ ᠲᠤᠬᠢᠶᠠᠯᠳᠤᠭᠤᠯᠤᠨ ᠠᠩᠬᠠᠳᠠᠭᠴᠢ ᠤᠳᠠᠭᠠᠨ ᠤ ᠰᠤᠷ ᠡᠳ᠋ᠯᠡᠯ ᠤᠨ ᠦᠵᠡᠭᠦᠯᠭᠡ ᠶᠢ ᠡᠷᠬᠢᠯᠡᠭᠰᠡᠨ ᠶᠤᠮ᠃ ᠦᠵᠡᠭᠦᠯᠭᠡ ᠳᠡᠭᠡᠷ᠎ᠡ ᠬᠤᠯᠪᠤᠭᠠᠨ ᠤ ᠬᠡᠰᠢᠬᠦᠳ ᠤᠨ ᠬᠢᠭᠰᠡᠨ ᠭᠠᠩᠭᠠᠩ ᠰᠤᠷ ᠡᠳ᠋ᠯᠡᠯ᠂ ᠡᠮᠡᠭᠡᠯ ᠂ ᠬᠢᠯᠭᠠᠰᠤᠨ ᠤᠷᠠᠯᠠᠯ ᠵᠡᠷᠭᠡ ᠶᠢ ᠳᠡᠯᠭᠡᠨ ᠦᠵᠡᠭᠦᠯᠦᠭᠰᠡᠨ ᠠᠴᠠ ᠭᠠᠳᠠᠨ᠎ᠠ ᠲᠤᠬᠠᠢ ᠶᠢᠨ ᠳᠠᠯᠠᠪᠠᠢ ᠳᠤ ᠰᠤᠷ ᠡᠳ᠋ᠯᠡᠯ ᠤᠷᠠᠯᠠᠬᠤ ᠤᠷᠤᠯᠳᠤᠭᠠᠨ ᠶᠠᠪᠤᠭᠳᠠᠭᠤᠯᠤᠭᠰᠠᠨ ᠨᠢ ᠬᠤᠯᠠ ᠤᠶᠢᠷ᠎ᠠ ᠶᠢᠨ ᠰᠤᠷ ᠡᠳ᠋ᠯᠡᠯ ᠤᠷᠠᠯᠠᠭᠠᠴᠢ ᠪᠤᠯᠤᠨ ᠡᠳ᠋ᠯᠡᠵᠦ ᠬᠡᠷᠡᠭᠯᠡᠳᠡᠭ ᠬᠦᠮᠦᠰ ᠤᠨ ᠳᠠᠭᠠᠰᠢᠶᠠᠯ ᠢ ᠬᠦᠷᠳᠡᠭᠰᠡᠨ ᠪᠠᠶᠢᠨ᠎ᠠ᠃     ᠨᠠᠨᠳᠢᠨ ᠥᠪᠡᠷ ᠤᠨ ᠬᠢᠭᠰᠡᠨ ᠰᠤᠷ ᠡᠳ᠋ᠯᠡᠯ ᠤᠨ ᠪᠦᠲᠦᠭᠡᠯ ᠤᠳ ᠢᠶᠠᠨ ᠦᠷᠬᠦᠯᠵᠢ ᠸᠢᠴᠠᠲ ᠪᠤᠶᠤ ᠪᠤᠰᠤᠳ ᠰᠦᠯᠵᠢᠶᠠᠨ ᠳᠠᠪᠴᠠᠩ ᠳᠡᠭᠡᠷ᠎ᠡ ᠨᠡᠶᠢᠳᠡᠯᠡᠳᠡᠭ ᠪᠤᠯᠬᠤᠷ ᠬᠤᠯᠠ ᠠᠴᠠ ᠪᠠᠶᠠᠨᠨᠠᠭᠤᠷ ᠬᠤᠳᠠ᠂ ᠤᠯᠠᠭᠠᠨᠬᠠᠳᠠ ᠬᠤᠳᠠ ᠶᠢᠨ ᠬᠡᠰᠢᠭᠳᠡᠨ ᠬᠤᠰᠢᠭᠤ᠂ ᠤᠶᠢᠷ᠎ᠠ ᠠᠴᠠ ᠮᠠᠨ ᠤ ᠠᠶᠢᠮᠠᠭ ᠤᠨ ᠦᠵᠦᠮᠦᠴᠢᠨ᠂ ᠰᠦᠨᠢᠳ᠂ ᠬᠦᠪᠡᠭᠡᠳᠦ ᠰᠢᠷ᠎ᠠ᠂ ᠰᠢᠯᠤᠭᠤᠨ ᠬᠦᠪᠡᠭᠡᠳᠤ ᠴᠠᠭᠠᠨ ᠬᠤᠰᠢᠭᠤ ᠵᠢᠴᠢ ᠰᠢᠯᠤᠭᠤᠨ ᠬᠦᠭᠡ ᠬᠤᠰᠢᠭᠤᠨ ᠤ ᠭᠡᠷᠡᠭᠯᠡᠭᠴᠢᠳ ᠤᠨ ᠵᠠᠬᠢᠶᠠᠯᠠᠭ᠎ᠠ ᠶᠢ ᠲᠤᠰᠬᠤ ᠨᠢ ᠤᠯᠠᠨ ᠪᠠᠶᠢᠵᠦ᠂ ᠡᠭᠦᠨ ᠤ ᠳᠤᠳᠤᠷ᠎ᠠ ᠬᠦᠷᠦᠮᠡᠯ ᠪᠤᠯᠤᠨ ᠵᠢᠭᠠᠰᠤᠨ ᠨᠢᠷᠤᠭᠤᠨ ᠤ ᠬᠠᠵᠠᠭᠠᠷ ᠤᠨ ᠵᠠᠬᠢᠶᠠᠯᠠᠭ᠎ᠠ ᠬᠠᠮᠤᠭ ᠤᠯᠠᠨ ᠪᠠᠶᠢᠯ᠎ᠠ᠃     ᠨᠠᠨᠳᠢᠨ᠄ ︽ᠤᠳᠤ ᠪᠤᠯ ᠮᠠᠨᠠᠶᠢᠬᠢᠨ ᠤ ᠬᠤᠷᠳᠤᠨ ᠮᠤᠷᠢ ᠠᠷᠪᠢᠳᠤᠭᠰᠠᠨ ᠠᠴᠠ ᠭᠠᠩᠭᠠᠩ ᠡᠳ᠋ᠯᠡᠯ ᠵᠠᠷᠤᠬᠤ ᠪᠤᠯᠤᠭᠰᠠᠨ᠂ ᠠᠮᠢᠳᠤᠷᠠᠯ ᠤᠨ ᠨᠦᠬᠦᠴᠡᠯ ᠪᠠᠰᠠ ᠰᠠᠶᠢᠨ ᠪᠤᠯᠵᠠᠢ᠃ ᠡᠬᠦᠨ ᠳᠤ ᠲᠤᠬᠢᠷᠠᠭᠤᠯᠤᠭᠠᠳ ᠪᠢ ᠮᠤᠷᠢᠨ ᠤ ᠮᠠᠩᠨᠠᠶᠢᠪᠴᠢ᠂ ᠰᠢᠭᠤᠳ ᠰᠤᠷ ᠢᠶᠠᠷ ᠨᠢ ᠤᠶᠤᠵᠤ ᠭᠠᠷᠭᠠᠬᠤ᠂ ᠵᠢᠭᠠᠰᠤᠨ ᠨᠢᠷᠤᠭᠤ ᠪᠤᠯᠤᠨ ᠬᠦᠷᠦᠮᠡᠯ ᠢ ᠶᠡᠭᠡ ᠤᠷᠤᠯᠳᠤᠵᠤ ᠬᠢᠵᠦ ᠪᠠᠶᠢᠨ᠎ᠠ᠃ ᠤᠤᠯ ᠨᠢ ᠨᠠᠰᠤᠲᠠᠳ ᠪᠤᠯ ᠲᠦᠷᠪᠡ᠂ ᠭᠤᠷᠪᠠ ᠪᠠᠷ ᠬᠦᠷᠦᠳᠡᠭ ᠪᠠᠶᠢᠭᠰᠠᠨ ᠪᠤᠯ ᠪᠢ ᠪᠤᠯ ᠨᠠᠢᠮᠠ ᠶᠢᠨ ᠬᠦᠷᠦᠯᠭᠡ ᠶᠢ ᠳᠠᠪᠬᠤᠷ ᠢᠶᠠᠷ᠂ ᠵᠢᠷᠭᠤᠭ᠎ᠠ ᠪᠠᠷ ᠵᠡᠷᠭᠡ ᠢᠯᠡᠭᠦᠦ ᠰᠢᠨᠡᠴᠢᠯᠡᠭᠡᠳ ᠬᠢᠬᠦ ᠶᠢ ᠪᠤᠳᠤᠵᠤ ᠪᠠᠶᠢᠨ᠎ᠠ︾ ᠬᠡᠵᠦ ᠶᠠᠷᠢᠯ᠎ᠠ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号