ᠡᠷᠡᠬᠦᠯ ᠮᠡᠨᠳᠤ ᠠᠮᠢᠳᠤᠷᠠᠯ ᠤᠨ ᠳᠠᠳᠬᠠᠯ ᠢ ᠡᠷᠬᠢᠮᠯᠡᠶ᠎ᠠ
ᠨᠡᠶᠢᠲᠡᠯᠡᠭᠰᠡᠨ ᠴᠠᠭ᠄
2020/11/27
     ︽ᠦᠷᠢ ᠦᠬᠡᠢ ᠪᠠᠶᠠᠨ᠂ ᠡᠪᠡᠳᠴᠢᠨ ᠦᠬᠡᠢ ᠪᠤᠯ ᠵᠢᠷᠭᠠᠯ︾ ᠭᠡᠳᠡᠭ ᠢᠶᠠᠷ ᠡᠪᠦᠷ ᠢᠶᠠᠷ ᠲᠦᠭᠦᠷᠡᠩ ᠠᠯᠳᠠ ᠮᠦᠡᠭᠭᠦ ᠲᠠᠢ ᠪᠠᠶᠢᠯ᠎ᠠ ᠴᠤ ᠭᠡᠰᠡᠨ ᠡᠨᠡ ᠪᠡᠶ᠎ᠠ ᠡᠷᠡᠬᠦᠯ ᠴᠢᠬᠢᠷᠠᠬ ᠢᠶᠠᠨ ᠠᠯᠳᠠᠪᠠᠯ ᠠᠮᠢᠳᠤᠷᠠᠯ ᠳᠡᠷᠡ ᠴᠢᠭ ᠢᠶᠠᠷ ᠠᠵᠠ ᠵᠢᠷᠭᠠᠯ ᠢᠶᠠᠨ ᠠᠯᠳᠠᠯ᠎ᠠ ᠭᠡᠰᠡᠨ ᠦᠬᠡ᠃ ᠳᠡᠬᠡᠬᠦ ᠳᠤ ᠡᠷᠡᠬᠦᠯ ᠮᠡᠨᠳᠤ ᠪᠠᠶᠢᠬᠤ ᠶᠢᠨ ᠠᠨᠢᠰᠤ ᠨᠢ ᠡᠳᠤᠷ ᠳᠤᠳᠤᠮ ᠤᠨ ᠠᠮᠢᠳᠤᠷᠠᠯ ᠳᠤ ᠪᠠᠨ ᠡᠷᠡᠬᠦᠯ ᠮᠡᠨᠳᠤ ᠠᠮᠢᠳᠤᠷᠠᠯ ᠤᠨ ᠳᠠᠳᠬᠠᠯ ᠢ ᠪᠤᠢ ᠪᠤᠯᠭᠠᠬᠤ ᠲᠠᠢ ᠨᠢᠬᠳᠠ ᠬᠤᠯᠪᠤᠭ᠎ᠠ ᠲᠠᠢ ᠪᠠᠶᠢᠳᠠᠬ᠃     ᠶᠡᠷᠤ ᠨᠢ ᠠᠬᠠᠮᠠᠳ ᠦᠶ᠎ᠠ ᠶᠢᠨ ᠬᠦᠮᠦᠰ ᠴᠤ ᠭᠡᠰᠡᠨ᠂ ᠳᠤᠷᠰᠢᠯᠭ᠎ᠠ ᠰᠤᠷᠭᠠᠮᠵᠢ ᠲᠠᠢ ᠡᠮᠴᠢ ᠨᠠᠷ ᠠᠴᠠ ᠴᠤ ᠭᠡᠰᠡᠨ ᠳᠤᠬᠳᠠᠭᠰᠠᠨ ᠴᠠᠬ ᠲᠤ ᠪᠠᠨ ᠬᠤᠭᠤᠯᠠ ᠤᠮᠳᠠ ᠪᠠᠨ ᠡᠳ᠋ᠯᠡᠵᠤ᠂ ᠳᠤᠬᠳᠠᠬᠰᠠᠨ ᠴᠠᠬ ᠲᠤ ᠪᠠᠨ ᠤᠨᠳᠠᠵᠤ ᠠᠮᠠᠷᠠᠬᠤ ᠶᠢ ᠰᠠᠨᠠᠭᠠᠴᠢᠯᠠᠵᠤ ᠪᠠᠶᠢᠳᠠᠬ᠃ ᠪᠠᠶᠢᠭᠤᠯᠭ᠎ᠠ ᠨᠢᠭᠡᠴᠢ ᠨᠢ ᠴᠤ ᠭᠡᠰᠡᠨ ᠦᠷᠭᠦᠯᠵᠢ ᠶᠢᠨ ᠴᠢᠨᠠᠷᠳᠡᠢ ᠠᠵᠢᠯ ᠨᠡᠮᠡᠵᠤ ᠠᠵᠢᠯᠯᠠᠬᠤ ᠶᠢ ᠬᠡᠴᠢᠶᠡᠵᠤ ᠳᠤᠬᠳᠠᠬᠰᠠᠨ ᠴᠠᠬ ᠲᠤ ᠪᠠᠨ ᠠᠵᠢᠯ ᠶᠠᠪᠤᠳᠠᠯ ᠢᠶᠠᠨ ᠵᠠᠪᠳᠤᠭᠤᠯᠬᠤ᠂ ᠳᠡᠷᠡᠴᠢᠯᠡᠨ ᠤᠨᠴᠠᠭᠠᠢ ᠠᠵᠢᠯ ᠤᠨ ᠪᠠᠶᠢᠷᠢᠨ ᠳᠤ ᠪᠤᠯ ᠡᠬᠡᠯᠵᠢᠯᠡᠵᠤ ᠠᠵᠢᠯᠯᠠᠬᠤ ᠲᠦᠷᠢᠮ ᠢ ᠶᠠᠪᠤᠬᠳᠠᠭᠤᠯᠵᠤ ᠪᠠᠶᠢᠳᠠᠭ ᠨᠢ ᠬᠦᠮᠦᠰ ᠤᠨ ᠡᠷᠡᠬᠦᠯ ᠮᠡᠨᠳᠤ ᠶᠢᠨ ᠲᠦᠯᠦᠬᠡᠨ᠎ᠠ ᠪᠤᠳᠤᠯᠬᠢᠯᠠᠬᠰᠠᠨ ᠤᠴᠢᠷ ᠪᠠᠶᠢᠬᠤ ᠨᠢ᠂ ᠬᠡᠬᠦ ᠳᠤ ᠮᠠᠨ ᠤ ᠨᠢᠭᠡ ᠦᠶ᠎ᠠ ᠶᠢᠨ ᠵᠠᠯᠠᠭᠤᠴᠤᠳ ᠨᠢ ᠤᠳᠤ ᠪᠤᠯᠬᠤ ᠳᠤ ᠤᠨᠳᠠᠵᠤ ᠠᠮᠠᠷᠠᠬᠤ ᠴᠠᠬ ᠢᠶᠠᠨ ᠳᠤᠬᠢᠷᠠᠭᠤᠯᠬᠤ ᠶᠢ ᠠᠩᠬᠠᠷᠬᠤ ᠦᠬᠡᠢ ᠪᠤᠯᠵᠤ᠂ ᠡᠳᠤᠷᠵᠢᠨ ᠠᠷᠢᠭᠤᠨ ᠴᠡᠪᠡᠷ ᠪᠤᠰᠤ ᠪᠠᠷ ᠬᠤᠭᠤᠯᠠᠯᠠᠬᠤ᠂ ᠤᠷᠤᠢ ᠳᠤ ᠪᠠᠨ ᠬᠡᠳᠤ ᠤᠷᠤᠢ ᠤᠨᠳᠠᠬᠤ ᠂ ᠳᠡᠷᠡᠴᠢᠯᠡᠨ ᠵᠤᠬᠢᠰᠳᠡᠢ ᠳᠠᠮᠢᠷ ᠤᠨ ᠬᠦᠳᠡᠯᠭᠡᠭᠡᠨ ᠳᠤ ᠤᠷᠤᠯᠴᠠᠬᠤ ᠦᠬᠡᠢ ᠪᠤᠯᠵᠤ ᠡᠳᠤᠷᠵᠢᠨ ᠰᠠᠭᠤᠵᠤ ᠬᠡᠪᠳᠡᠵᠤ᠂ ᠤᠷᠳᠤ ᠬᠤᠭᠤᠴᠠᠭ᠎ᠠ ᠪᠠᠷ ᠭᠠᠷ ᠤᠳᠠᠰᠤ ᠦᠵᠡᠬᠦ᠂ ᠲᠧᠯᠸᠢᠰ ᠱᠠᠭᠠᠢᠢᠬᠤ ᠵᠡᠷᠭᠡ ᠡᠷᠡᠬᠦᠯ ᠪᠤᠰᠤ ᠳᠠᠳᠬᠠᠯ ᠲᠠᠢ ᠪᠤᠯᠤᠬᠰᠠᠨ ᠪᠠᠶᠢᠳᠠᠬ᠃ ᠡᠶᠢᠮᠦᠷᠬᠦᠤ ᠪᠠᠶᠢᠳᠠᠯ ᠢᠶᠠᠨ ᠦᠷᠭᠦᠯᠵᠢᠯᠡᠨ ᠤᠷᠳᠤ ᠬᠤᠭᠤᠴᠠᠭ᠎ᠠ ᠪᠠᠷ ᠪᠠᠷᠢᠮᠳᠠᠯᠠᠬᠤ ᠳᠤ ᠬᠦᠷᠪᠡᠯ ᠡᠷᠡᠬᠦᠯ ᠪᠡᠶ᠎ᠠ ᠡᠷᠡᠬᠦᠯ ᠪᠤᠰᠤ ᠪᠤᠯᠵᠤ᠂ ᠠᠮᠠᠷᠬᠠᠨ ᠶᠠᠳᠠᠷᠠᠬᠤ᠂ ᠠᠵᠢᠯ ᠳᠤ ᠰᠤᠯᠠᠬᠠᠨ ᠪᠤᠯᠬᠤ᠂ ᠰᠦᠷ ᠰᠦᠯᠳᠡ ᠦᠬᠡᠢ ᠪᠤᠯᠬᠤ᠂ ᠳᠡᠷᠡᠴᠢᠯᠡᠨ ᠤᠷᠳᠤ ᠬᠤᠭᠤᠴᠠᠭ᠎ᠠ ᠳᠤᠬᠳᠠᠬᠰᠠᠨ ᠴᠠᠬ ᠲᠤ ᠪᠠᠨ ᠠᠮᠠᠷᠠᠬᠰᠠᠨ ᠦᠬᠡᠢ ᠠᠴᠠ ᠪᠤᠯᠵᠤ ᠪᠡᠶ᠎ᠠ ᠶᠢᠨ ᠡᠯ᠎ᠠ ᠡᠷᠭᠡᠳᠡᠨ ᠤ ᠨᠠᠵᠠᠭᠠᠢ ᠵᠦᠢᠯ ᠤᠨ ᠭᠠᠳᠠᠬᠰᠢᠯᠠᠭᠤᠯᠤᠯᠳᠠ ᠰᠠᠭᠠᠳᠠᠵᠤ ᠡᠯᠳᠡᠪ ᠵᠦᠢᠯ ᠤᠨ ᠡᠪᠡᠳᠴᠢᠨ ᠬᠦᠷᠬᠦ ᠪᠠᠶᠢᠳᠠᠯ ᠢᠯᠡᠷᠡᠬᠦ ᠨᠢ ᠳᠠᠮᠵᠢᠬ ᠦᠬᠡᠢ᠃ ᠬᠦᠮᠦᠨ ᠤ ᠪᠡᠶ᠎ᠠ ᠶᠢᠨ ᠡᠯ᠎ᠠ ᠡᠷᠭᠡᠳᠡᠨ ᠨᠢ ᠪᠠᠰᠠ ᠰᠠᠶᠢᠨ ᠮᠠᠭᠤ ᠵᠦᠢᠯ ᠢ ᠰᠢᠩᠭᠡᠭᠡᠭᠰᠡᠨ ᠤ ᠳᠠᠷᠠᠭ᠎ᠠ ᠪᠠᠰᠠ ᠵᠤᠬᠢᠬᠤ ᠵᠦᠢᠯ ᠢ ᠭᠠᠳᠠᠬᠰᠢᠯᠠᠭᠤᠯᠬᠤ ᠴᠢᠬᠤᠯᠠ ᠲᠠᠢ ᠪᠠᠶᠢᠳᠠᠬ᠃ ᠭᠠᠳᠠᠬᠰᠢᠯᠠᠭᠤᠯᠤᠯᠳᠠ ᠨᠢ ᠪᠠᠰᠠ ᠵᠤᠬᠢᠬᠤ ᠨᠦᠬᠦᠴᠡᠯ ᠳᠤᠤᠷ᠎ᠠ ᠶᠠᠪᠤᠬᠳᠠᠵᠤ ᠪᠠᠶᠢᠮᠠᠨ ᠡᠯ᠎ᠠ ᠵᠦᠢᠯ ᠤᠨ ᠠᠵᠢᠯᠯᠠᠭ᠎ᠠ ᠪᠠᠨ ᠶᠠᠪᠤᠬᠳᠠᠭᠤᠯᠵᠤ᠂ ᠪᠡᠶ᠎ᠠ ᠶᠢᠨ ᠬᠡᠪ ᠤᠨ ᠪᠠᠶᠢᠳᠠᠯ ᠢ ᠬᠠᠳᠠᠭᠠᠯᠠᠵᠤ ᠴᠢᠳᠠᠳᠠᠬ ᠪᠠᠶᠢᠨ᠎ᠠ᠃ ᠬᠡᠷᠪᠡ ᠪᠢᠳᠡ ᠦᠷᠭᠦᠯᠵᠢ ᠶᠢᠨ ᠴᠢᠨᠠᠷᠳᠡᠢ ᠡᠨᠡᠬᠦ ᠬᠡᠪ ᠤᠨ  ᠠᠵᠢᠯᠯᠠᠭ᠎ᠠ ᠶᠢ ᠬᠠᠷᠰᠢᠯᠠᠬᠤ ᠳᠤ ᠬᠦᠷᠪᠡᠯ ᠶᠠᠷᠢᠶᠠᠨ ᠦᠬᠡᠢ ᠪᠡᠶ᠎ᠠ ᠶᠢᠨ ᠬᠡᠪ ᠤᠨ ᠪᠠᠶᠢᠳᠠᠯ ᠢ ᠠᠯᠳᠠᠬᠳᠠᠭᠤᠯᠬᠤ ᠪᠤᠯᠤᠨ᠎ᠠ᠂ ᠢᠡᠭᠭᠢᠭᠰᠡᠨ ᠠᠴᠠ ᠪᠤᠯᠵᠤ ᠦᠶ᠎ᠠ ᠬᠡᠰᠢᠬᠦᠤ ᠡᠪᠡᠳᠬᠦ ᠠᠴᠠ ᠡᠬᠢᠯᠡᠨ ᠤᠯᠠᠨ ᠲᠦᠷᠦᠯ ᠤᠨ ᠡᠪᠡᠳᠴᠢᠨ ᠪᠡᠶ᠎ᠠ ᠶᠢ ᠤᠷᠢᠶᠠᠵᠤ᠂ ᠡᠨᠡ ᠪᠡᠶ᠎ᠠ ᠶᠢᠨ ᠠᠵᠠ ᠵᠢᠷᠭᠠᠯ  ᠢᠶᠠᠨ ᠠᠯᠳᠠᠬᠤ  ᠳᠤ ᠬᠦᠷᠦᠭᠦᠯᠳᠡᠭ᠃ ᠶᠡᠷᠤᠨᠢ ᠶᠠᠮᠠᠷᠪᠠ ᠡᠪᠡᠳᠴᠢᠨ ᠨᠢ ᠬᠡᠨᠡᠳᠳᠡ ᠪᠠᠷ ᠢᠷᠡᠭᠰᠡᠨ ᠵᠦᠢᠯ ᠪᠢᠰᠢ᠂ ᠬᠡᠪ ᠤᠨ ᠪᠤᠰᠤ ᠳᠠᠳᠬᠠᠯ ᠢ ᠤᠷᠳᠤ ᠬᠤᠭᠤᠴᠠᠭ᠎ᠠ ᠪᠠᠷ ᠪᠠᠷᠢᠮᠳᠠᠯᠠᠬᠰᠠᠨ ᠠᠴᠠ ᠪᠤᠯᠵᠤ ᠵᠤᠬᠢᠬᠤ ᠬᠡᠮᠵᠢᠶᠡᠨ ᠳᠤ ᠬᠦᠷᠪᠡᠯ ᠰᠠᠶ᠋ᠢ ᠬᠡᠪ ᠤᠨ ᠵᠤᠬᠢᠴᠠᠯ ᠢᠶᠠᠨ ᠠᠯᠳᠠᠵᠤ ᠡᠴᠤᠰ ᠰᠡᠬᠦᠯ ᠳᠤ ᠨᠢ ᠡᠪᠡᠳᠴᠢᠨ ᠪᠤᠯᠵᠤ ᠬᠤᠪᠢᠷᠠᠳᠠᠬ᠃     ᠡᠶᠢᠮᠤ ᠠᠴᠠ ᠬᠦᠮᠦᠰ ᠡ᠂ ᠤᠷᠢᠳᠤ ᠶᠢᠨ ᠬᠦᠮᠦᠰ ᠤᠨ ᠶᠠᠷᠢᠶᠠᠨ ᠳᠤ ︽ᠪᠡᠶ᠎ᠠ ᠪᠠᠶᠢᠪᠠᠯ ᠪᠡᠭᠡᠵᠢᠩ︾ ᠭᠡᠳᠡᠭ ᠢᠶᠠᠷ ᠪᠢᠳᠡ ᠡᠷᠡᠬᠦᠯ ᠮᠡᠨᠳᠤ ᠪᠡᠶ᠎ᠠ ᠮᠠᠬᠠᠪᠤᠳ ᠲᠠᠢ ᠪᠠᠶᠢᠪᠠᠯ ᠰᠠᠶ᠋ᠢ ᠠᠯᠢᠪᠠ ᠵᠦᠢᠯ ᠤᠨ ᠰᠠᠭᠤᠷᠢ ᠪᠤᠯᠳᠠᠭ ᠢ ᠤᠬᠠᠭᠠᠷᠠᠵᠤ ᠡᠷᠡᠬᠦᠯ ᠮᠡᠨᠳᠤ ᠠᠮᠢᠳᠤᠷᠠᠯ ᠤᠨ ᠳᠠᠳᠬᠠᠯ ᠢ ᠤᠳᠤ ᠠᠴᠠ ᠡᠬᠢᠯᠡᠵᠤ ᠡᠷᠬᠢᠮᠯᠡᠶ᠎ᠠ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号